1 ᠰᠠᠷ᠎ᠠ ᠶᠢᠨ 22᠎ᠤᠨ
ᠡᠳᠦᠷ᠂ ᠬᠢᠩᠭᠠᠨ ᠠᠢᠮᠠᠭ᠎ᠤᠨ ᠵᠠᠯᠠᠢᠳ ᠬᠤᠰᠢᠭᠤᠨ᠎ᠤ ᠪᠠᠶᠠᠡᠡᠤᠯᠠᠭᠠᠨ ᠰᠤᠮᠤ᠎ᠶᠢᠨ ᠦᠨᠳᠡᠭᠡᠨ ᠭᠠᠴᠠᠭᠠᠨ᠎ᠤ
ᠮᠠᠯᠴᠢᠨ ᠲᠠᠷᠢᠶᠠᠴᠢᠳ ᠴᠠᠭᠠᠨ ᠰᠠᠷ᠎ᠠ ᠪᠠᠨ ᠤᠭᠲᠤᠬᠤ ᠤᠷᠠᠨ ᠰᠠᠢᠬᠠᠨ᠎ᠤ ᠲᠤᠭᠯᠠᠯᠲᠠ ᠬᠢᠯ᠎ᠡ᠃
ᠬᠦᠷ ᠪᠠᠶᠠᠷ ᠪᠢᠯᠬᠠᠭᠰᠠᠨ
ᠲᠤᠰ ᠤᠳᠠᠭᠠᠨ᠎ᠤ ᠲᠤᠭᠯᠠᠯᠲᠠ ᠨᠢ ᠭᠠᠴᠠᠭᠠᠨ᠎ᠤ ᠮᠠᠯᠴᠢᠨ ᠲᠠᠷᠢᠶᠠᠴᠢᠳ᠎ᠤᠨ ᠦᠪᠡᠷᠰᠡᠳ᠎ᠢᠶᠡᠨ ᠤᠳᠤᠷᠢᠳᠤᠭᠠᠨ
ᠤᠷᠤᠯᠴᠠᠭᠰᠠᠨ ᠳᠠᠭᠤᠤ ᠪᠦᠵᠢᠭ ᠵᠡᠷᠭᠡ ᠤᠷᠠᠨ ᠰᠠᠢᠬᠠᠨ᠎ᠤ ᠲᠤᠭᠯᠠᠯᠲᠠ ᠪᠡᠷ ᠪᠦᠷᠢᠯᠳᠦᠵᠦ᠂ 《ᠵᠤᠴᠢᠨ ᠤᠭᠲᠤᠬᠤ
ᠪᠦᠵᠢᠭ》᠎ᠢᠶᠡᠷ ᠡᠬᠢᠯᠡᠯᠲᠡ᠎ᠶᠢᠨ ᠬᠦᠰᠢᠭᠡ ᠪᠠᠨ ᠢᠷᠠᠭᠰᠠᠨ ᠪᠤᠯ᠂ 《ᠠᠪᠤ ᠡᠵᠢ᠎ᠶᠢᠨ ᠨᠤᠲᠤᠭ ᠤᠰᠤᠨ》᠂《ᠲᠠᠯ᠎ᠠ
ᠨᠤᠲᠤᠭ ᠲᠤ᠌ ᠮᠦᠩᠬᠡ᠎ᠶᠢᠨ ᠨᠠᠷᠠᠨ ᠮᠠᠨᠳᠤᠯ᠎ᠠ》 ᠵᠡᠷᠭᠡ ᠠᠶ᠎ᠠ ᠳᠠᠭᠤᠤ ᠪᠡᠷ ᠰᠠᠢᠨ ᠰᠠᠢᠬᠠᠨ ᠠᠮᠢᠳᠤᠷᠠᠯ᠎ᠤᠨ
ᠬᠦᠰᠡᠯ ᠮᠦᠷᠦᠭᠡᠳᠦᠯ ᠪᠠ ᠨᠤᠲᠤᠭ ᠤᠰᠤ ᠪᠠᠨ ᠬᠠᠢᠷᠠᠯᠠᠬᠤ ᠬᠠᠯᠠᠭᠤᠨ ᠰᠡᠳᠬᠢᠯᠭᠡ᠎ᠶᠢ ᠢᠯᠡᠷᠬᠡᠢᠯᠡᠵᠦ᠂ 《ᠡᠪ
ᠬᠠᠮᠲᠤ ᠨᠠᠮ ᠦᠭᠡᠢ ᠪᠤᠯ ᠰᠢᠨ᠎ᠡ ᠳᠤᠮᠳᠠᠳᠤ ᠤᠯᠤᠰ ᠪᠠᠢᠬᠤ ᠦᠭᠡᠢ》 ᠭᠡᠬᠦ ᠬᠠᠮᠲᠤ᠎ᠶᠢᠨ ᠪᠦᠵᠢᠭ᠎ᠢᠶᠡᠷ
ᠲᠤᠭᠯᠠᠯᠲᠠ᠎ᠶᠢᠨ ᠤᠷᠭᠢᠯ᠎ᠢᠶᠡᠨ ᠤᠭᠲᠤᠭᠰᠠᠨ ᠪᠠᠢᠨ᠎ᠠ᠃


— ᠤᠤᠯ ᠳ᠋ᠠᠭᠠᠨ ᠵᠦᠪᠬᠡᠨ
ᠲᠠᠷᠢᠶᠠᠨ ᠠᠵᠢᠯ ᠳ᠋ᠠᠭᠠᠨ ᠶᠠᠭᠠᠷᠠᠬᠤ ᠶᠢ ᠯᠡ ᠮᠡᠳᠡᠳᠡᠭ ᠠᠪᠤ ᠡᠵᠢ ᠮᠢᠨᠢ ᠴᠤ᠌ ᠡᠨᠡ ᠤᠳᠠᠭᠠᠨ᠎ᠤ
ᠲᠤᠭᠯᠠᠯᠲᠠ ᠳ᠋ᠤ ᠤᠷᠤᠯᠴᠠᠭᠰᠠ᠎ᠨᠢ ᠦᠵᠡᠭᠡᠳ ᠦᠨᠡᠬᠡᠷ ᠪᠠᠶᠠᠷᠯᠠᠵᠤ ᠪᠠᠢᠨ᠎ᠠ!ᠭᠡᠵᠦ ᠭᠠᠴᠠᠭᠠᠨ᠎ᠤ ᠠᠷᠠᠳ
ᠰᠠᠢᠬᠠᠨ ᠰᠡᠳᠬᠢᠯ ᠬᠦᠳᠡᠯᠦᠨ ᠶᠠᠷᠢᠨ᠎ᠠ᠃ ᠰᠠᠢᠬᠠᠨ᠎ᠤ ᠠᠪᠤ ᠡᠵᠢ ᠲᠠᠢ ᠠᠳᠠᠯᠢ 《ᠬᠠᠮᠲᠤᠯᠢᠭ》 ᠲᠸ᠋
ᠤᠷᠤᠯᠴᠠᠭᠰᠠᠨ ᠬᠦᠮᠦᠰ ᠯᠠᠢ ᠰᠢᠶᠤᠤ ᠴᠦᠨ᠂ ᠯᠠᠢ ᠰᠢᠶᠤᠤ ᠬᠤᠩ ᠡᠭᠡᠴᠢ ᠦᠬᠢᠨ ᠳᠡᠭᠦᠦ ᠬᠤᠶᠠᠭᠤᠯᠠ᠂ ᠵᠢᠨ
ᠯᠢᠶᠠᠨ᠂ ᠰᠢᠩ ᠰᠢᠩ ᠡᠵᠢ ᠦᠬᠢᠨ ᠬᠤᠶᠠᠭᠤᠯᠠ ᠭᠡᠳ ᠁ ᠤᠯᠠᠨ ᠪᠠᠢᠯ᠎ᠠ᠃ ᠤᠶᠤᠲᠠᠨ ᠦᠬᠢᠨ ᠱᠢᠩ ᠱᠢᠩ ᠳᠠᠭᠤᠤ
ᠪᠠᠨ ᠳᠠᠭᠤᠯᠠᠵᠤ ᠪᠠᠢᠬᠤ ᠳ᠋ᠠᠭᠠᠨ ᠰᠡᠳᠬᠢᠯ ᠬᠦᠳᠡᠯᠦᠨ ᠨᠢᠯᠪᠤᠰᠤ ᠪᠦᠮᠪᠦᠷᠢᠭᠦᠯᠦᠭᠰᠡᠨ ᠨᠢ ᠶᠠᠭᠠᠬᠢᠬᠤ
ᠠᠷᠭ᠎ᠠ ᠦᠭᠡᠢ 《ᠪᠠᠶᠠᠷ᠎ᠤᠨ ᠨᠢᠯᠪᠤᠰᠤ》 ᠪᠠᠢᠭᠰᠠᠨ ᠶᠤᠮ᠃ ᠲᠡᠷᠡ᠄《ᠪᠢ ᠠᠪᠤ ᠡᠵᠢ ᠪᠠᠨ ᠪᠤᠳᠤᠵᠤ᠂ ᠨᠤᠲᠤᠭ
ᠤᠰᠤᠨ᠎ᠤ ᠡᠯᠢᠭᠡᠨ ᠲᠦᠮᠡᠨ᠎ᠢᠶᠡᠨ ᠪᠤᠳᠤᠵᠤ᠂ ᠦᠩᠭᠡᠷᠡᠭᠰᠡᠨ᠎ᠤ ᠠᠮᠢᠳᠤᠷᠠᠯ᠎ᠤᠨ ᠬᠦᠴᠢᠷ ᠪᠡᠷᠬᠡ ᠪᠠᠨ
ᠰᠠᠨᠠᠵᠤ᠂ ᠤᠳᠤᠬᠢ ᠠᠮᠢᠳᠤᠷᠠᠯ᠎ᠤᠨ ᠵᠢᠷᠭᠠᠯ ᠪᠠᠶᠠᠷ᠎ᠢᠶᠡᠨ ᠰᠠᠨᠠᠵᠤ ᠤᠯᠤᠭᠰᠠᠨ ᠳ᠋ᠠᠭᠠᠨ ᠨᠢᠯᠪᠤᠰᠤ
ᠤᠨᠠᠭᠠᠭᠰᠠᠨ ᠶᠤᠮ》 ᠭᠡᠵᠦ ᠪᠢᠯᠡ᠃
ᠲᠤᠭᠯᠠᠯᠲᠠ ᠨᠢ ᠳᠠᠭᠤᠤ
ᠪᠦᠵᠢᠭ ᠵᠡᠷᠭᠡ ᠤᠷᠠᠨ ᠰᠠᠢᠬᠠᠨ᠎ᠤ ᠲᠤᠭᠯᠠᠯᠲᠠ ᠡᠴᠡ ᠭᠠᠳᠠᠨ᠎ᠠ ᠱᠠᠩᠨᠠᠨ ᠬᠦᠬᠢᠭᠦᠯᠬᠦ ᠠᠵᠢᠯᠯᠠᠭ᠎ᠠ᠂
ᠠᠰᠠᠭᠤᠯᠲᠠ ᠬᠠᠷᠢᠭᠤᠯᠬᠤ ᠵᠡᠷᠭᠡ ᠡᠯᠪᠡᠭ ᠪᠠᠶᠠᠯᠢᠭ ᠠᠭᠤᠯᠭ᠎ᠠ ᠲᠠᠢ ᠶᠠᠪᠤᠭᠳᠠᠵᠤ᠂ 《ᠰᠢᠯᠢᠳᠡᠭ ᠤᠢ
ᠬᠠᠮᠠᠭᠠᠯᠠᠭᠴᠢ》᠂《ᠰᠢᠯᠢᠳᠡᠭ ᠴᠡᠪᠡᠷᠯᠡᠭᠴᠢ》᠂《ᠪᠠᠶᠠᠵᠢᠯ᠎ᠤᠨ ᠳᠠᠭᠠᠭᠤᠯᠤᠭᠴᠢ》᠂《ᠰᠠᠢᠨ
ᠪᠡᠷᠢ》᠂《ᠪᠤᠯᠪᠠᠰᠤᠨ ᠡᠷᠦᠬᠡ》᠂ 《ᠰᠠᠢᠨ ᠬᠠᠳᠠᠮ ᠡᠵᠢ》 ᠵᠡᠷᠭᠡ ᠤᠯᠠᠨ ᠬᠦᠮᠦᠨ ᠢ ᠱᠠᠩᠨᠠᠭᠰᠠᠨ ᠪᠠᠢᠯ᠎ᠠ᠃


ᠭᠠᠴᠠᠭᠠᠨ᠎ᠤ ᠠᠷᠠᠳ᠎ᠤᠨ
ᠨᠢᠭᠲᠠᠷᠠᠯ ᠪᠦᠯᠬᠦᠮᠳᠡᠯ᠎ᠢ ᠴᠢᠩᠭᠠᠳᠬᠠᠵᠤ᠂ ᠦᠨᠳᠦᠰᠦᠨ ᠱᠠᠲᠤᠨᠤᠤᠯᠠᠨᠲᠦᠮᠡᠨᠤᠤᠶᠤᠨᠰᠠᠨᠠᠭᠠᠨᠤᠰᠤᠶᠤᠯᠤᠨ ᠠᠮᠢᠳᠤᠷᠠᠯ᠎ᠢ ᠪᠠᠶᠠᠯᠢᠭᠵᠢᠭᠤᠯᠤᠭᠰᠠᠨ ᠲᠤᠰᠤᠳᠠᠭᠠᠨᠤᠲᠤᠭᠯᠠᠯᠲᠠᠨᠢ ᠬᠦᠮᠦᠰ᠎ᠤᠨ
ᠬᠦᠭᠰᠡᠭᠰᠡᠨ ᠰᠡᠳᠬᠢᠯ᠎ᠢᠶᠡᠨ ᠳᠠᠷᠤᠵᠤ ᠶᠠᠳᠠᠭᠰᠠᠨ ᠬᠦᠷ ᠪᠠᠶᠠᠷ᠎ᠤᠨ ᠳᠤᠮᠳᠠ ᠦᠨᠳᠦᠷᠯᠡᠭᠰᠡᠨ ᠶᠤᠮ᠃

ᠲᠤᠰ ᠲᠤᠭᠯᠠᠯᠲᠠ᠎ᠶᠢ
ᠤᠬᠠᠭᠠᠯᠠᠭᠰᠠᠨ ᠦᠨᠳᠡᠭᠡᠨ ᠭᠠᠴᠠᠭᠠᠨ᠎ᠤ ᠭᠠᠴᠠᠭᠠᠨ ᠳ᠋ᠤ ᠰᠠᠭᠤᠭ᠎ᠠ ᠨᠢᠭᠡᠳᠦᠭᠡᠷ ᠱᠦᠵᠢ ᠪᠤᠤ ᠸᠧᠨ
ᠰᠢᠤᠸᠠᠢ᠄《ᠬᠦᠳᠡᠭᠡ ᠲᠤᠰᠬᠤᠨ᠎ᠢ ᠬᠦᠭᠵᠢᠭᠦᠯᠦᠨ ᠮᠠᠨᠳᠤᠭᠤᠯᠬᠤ ᠪᠠᠢᠯᠳᠤᠬᠤ ᠪᠤᠳᠤᠯᠭ᠎ᠠ᠎ᠶᠢ
ᠬᠡᠷᠡᠭᠵᠢᠭᠦᠯᠵᠦ᠂ ᠦᠵᠡᠰᠭᠦᠯᠡᠩᠲᠤ ᠰᠠᠢᠬᠠᠨ ᠭᠠᠴᠠᠭ᠎ᠠ ᠲᠤᠰᠬᠤᠨ᠎ᠢ ᠪᠦᠲᠦᠭᠡᠨ ᠪᠠᠢᠭᠤᠯᠬᠤ ᠳ᠋ᠤ ᠤᠶᠤᠨ
ᠰᠠᠨᠠᠭᠠᠨ᠎ᠤ ᠠᠮᠢᠳᠤᠷᠠᠯ ᠬᠢᠭᠡᠳ ᠪᠤᠳᠠᠰ᠎ᠤᠨ ᠠᠮᠢᠳᠤᠷᠠᠯ ᠨᠢ ᠠᠳᠠᠯᠢᠬᠠᠨ ᠴᠢᠬᠤᠯᠠ ᠬᠡᠷᠡᠭᠴᠡᠭᠡ ᠲᠠᠢ
ᠶᠤᠮ᠃ ᠲᠤᠰ ᠤᠳᠠᠭᠠᠨ᠎ᠤ ᠲᠤᠭᠯᠠᠯᠲᠠ ᠪᠡᠷ ᠳᠠᠮᠵᠢᠭᠤᠯᠵᠤ᠂ ᠭᠠᠴᠠᠭᠠᠨ᠎ᠤ ᠠᠷᠠᠳ᠎ᠤᠨ ᠪᠦᠯᠬᠦᠮᠳᠡᠯ
ᠨᠢᠭᠲᠠᠷᠠᠯᠢ ᠴᠢᠩᠭᠠᠳᠬᠠᠵᠤ᠂ ᠡᠪ ᠨᠠᠢᠷᠲᠠᠢ ᠭᠡᠷ ᠪᠦᠯᠢ᠎ᠶᠢᠨ ᠤᠷᠴᠢᠨ᠂ ᠪᠤᠷᠤᠭᠵᠢᠭᠤᠨ ᠴᠠᠢᠯᠭᠠᠨ
ᠠᠷᠠᠳ᠎ᠤᠨ ᠰᠤᠷᠲᠠᠯ᠎ᠢ ᠪᠦᠷᠢᠯᠳᠦᠭᠦᠯᠬᠦ᠎ᠶᠢ ᠵᠤᠷᠢᠭᠰᠠᠨ ᠶᠤᠮ》 ᠭᠡᠵᠦ ᠶᠠᠷᠢᠨ᠎ᠠ᠃
ᠪᠤᠤ ᠸᠧᠨ ᠰᠢᠤᠸᠠᠢ
ᠨᠦᠬᠦᠷ ᠪᠤᠯ ᠦᠪᠦᠷ ᠮᠤᠩᠭᠤᠯ᠎ᠤᠨ ᠡᠳᠦᠷ᠎ᠤᠨ ᠰᠤᠨᠢᠨ᠎ᠤ ᠬᠤᠷᠢᠶᠠᠨ ᠳ᠋ᠤ 38 ᠵᠢᠯ ᠠᠵᠢᠯᠯᠠᠭ᠎ᠠ ᠠᠬᠠᠮᠠᠳ
ᠰᠤᠷᠪᠤᠯᠵᠢᠯᠠᠭᠴᠢ᠂ ᠳᠡᠭᠡᠳᠦ ᠳᠡᠰ᠎ᠤᠨ ᠨᠠᠢᠷᠠᠭᠤᠯᠤᠭᠴᠢ ᠶᠤᠮ᠃ 2021 ᠤᠨ᠎ᠤ 10 ᠰᠠᠷ᠎ᠠ᠎ᠶᠢᠨ 16 ᠳ᠋ᠤ
ᠦᠪᠦᠷ ᠮᠤᠩᠭᠤᠯ᠎ᠤᠨ ᠡᠳᠦᠷ᠎ᠤᠨ ᠰᠤᠨᠢᠨ᠎ᠤ ᠶᠠᠳᠠᠭᠤ᠎ᠶᠢ ᠲᠡᠳᠬᠦᠬᠦ ᠴᠡᠭ ᠪᠤᠯᠬᠤ ᠦᠨᠳᠡᠭᠡᠨ ᠭᠠᠴᠠᠭᠠᠨ ᠳ᠋ᠤ
ᠨᠢᠭᠡᠳᠦᠭᠡᠷ ᠱᠦᠵᠢ᠎ᠪᠡᠷ ᠲᠤᠮᠢᠯᠠᠭᠳᠠᠨ ᠠᠵᠢᠯᠯᠠᠵᠤ᠂ 100 ᠡᠳᠦᠷ᠎ᠤᠨ ᠳᠤᠲᠤᠷ᠎ᠠ ᠲᠠᠰᠤᠯ ᠪᠤᠰᠤ ᠪᠠᠢᠭᠰᠠᠨ
ᠭᠠᠴᠠᠭᠠᠨ᠎ᠤ ᠤᠷᠴᠢᠨ᠂ ᠬᠦᠮᠦᠨ ᠠᠷᠠᠳ ᠲᠠᠢ ᠲᠠᠨᠢᠯᠴᠠᠵᠤ᠂ ᠤᠳᠤ ᠪᠤᠯᠬᠤ ᠳ᠋ᠤ ᠭᠠᠴᠠᠭᠠᠨ᠎ᠤ ᠦᠨᠴᠦᠭ ᠪᠤᠯᠤᠩ
ᠪᠦᠷᠢ᠎ᠶᠢ ᠦᠯᠡᠳᠡᠭᠡᠯ ᠦᠭᠡᠢ ᠶᠠᠪᠤᠵᠤ᠂ ᠠᠷᠠᠳ᠎ᠤᠨ ᠪᠠᠢᠳᠠᠯ᠎ᠢ ᠠᠯᠠᠭᠠᠨ᠎ᠤ ᠵᠢᠷᠤᠭᠠᠰᠤ ᠰᠢᠭ᠋᠎ᠢᠶᠡᠨ
ᠮᠡᠳᠡᠳᠡᠭ ᠪᠤᠯᠵᠠᠢ᠃
ᠴᠠᠭᠠᠨ ᠰᠠᠷ᠎ᠠ ᠤᠢᠷᠠᠳᠤᠬᠤ
ᠪᠡᠷ ᠲᠡᠷᠡ ᠦᠪᠦᠷ ᠮᠤᠩᠭᠤᠯ᠎ᠤᠨ ᠡᠳᠦᠷ᠎ᠤᠨ ᠰᠤᠨᠢᠨ᠎ᠤ ᠬᠤᠷᠢᠶ᠎ᠠ᠎ᠶᠢᠨ 11000 ᠲᠦᠭᠦᠷᠢᠭ᠎ᠤᠨ
ᠲᠤᠬᠤᠨᠢᠭᠤᠯᠭ᠎ᠠ᠎ᠶᠢᠨ ᠮᠦᠩᠬᠦ᠎ᠶᠢ ᠭᠠᠴᠠᠭᠠᠨ᠎ᠤ 36 ᠶᠠᠳᠠᠭᠤ ᠬᠦᠴᠢᠷᠳᠡᠯᠲᠡᠢ ᠠᠷᠠᠳ᠎ᠤᠨ ᠭᠠᠷ ᠲᠤ᠌
ᠠᠳᠬᠤᠭᠤᠯᠵᠤ᠂ ᠬᠠᠯᠠᠮᠵᠢ ᠬᠠᠢᠷ᠎ᠠ᠎ᠶᠢ ᠳᠠᠮᠵᠢᠭᠤᠯᠤᠭᠰᠠᠨ ᠪᠠᠢᠨ᠎ᠠ᠃



ᠪᠤᠤ ᠸᠧᠨ ᠰᠢᠤᠸᠠᠢ
ᠦᠨᠳᠡᠭᠡᠨ ᠭᠠᠴᠠᠭᠠᠨ᠎ᠤ ᠢᠷᠡᠭᠡᠳᠦᠢ᠎ᠶᠢᠨ ᠬᠦᠭᠵᠢᠯᠲᠡ᠎ᠶᠢᠨ ᠲᠤᠬᠠᠢ ᠢᠲᠡᠭᠡᠯ ᠲᠡᠭᠦᠯᠳᠡᠷ ᠪᠠᠢᠵᠤ᠂
ᠰᠠᠭᠤᠷᠢ ᠲᠦᠬᠦᠭᠡᠷᠦᠮᠵᠢ᠎ᠶᠢᠨ ᠪᠦᠲᠦᠭᠡᠨ ᠪᠠᠢᠭᠤᠯᠤᠯᠲᠠ ᠡᠴᠡ ᠠᠵᠤ ᠦᠢᠯᠡᠰ᠎ᠤᠨ ᠬᠦᠭᠵᠢᠯᠲᠡ᠎ᠶᠢᠨ ᠪᠦᠬᠦᠯᠢ
ᠴᠤᠭᠴᠠ᠎ᠶᠢᠨ ᠪᠠᠢᠷᠢᠰᠢᠭᠤᠯᠤᠯᠲᠠ᠎ᠶᠢ ᠬᠠᠮᠤᠷᠤᠭᠰᠠᠨ《ᠦᠨᠳᠡᠭᠡᠨ ᠭᠠᠴᠠᠭᠠᠨ ᠤ ᠭᠤᠷᠪᠠᠨ ᠵᠢᠯ᠎ᠤᠨ
ᠬᠦᠭᠵᠢᠯᠲᠡ ᠶᠢᠨ ᠲᠦᠯᠦᠪᠵᠢᠭᠦᠯᠭᠡ》᠎ᠶᠢ ᠲᠤᠭᠲᠠᠭᠠᠭᠰᠠᠨ ᠪᠠᠢᠨ᠎ᠠ᠃ 《ᠪᠢ ᠬᠦᠳᠡᠭᠡ ᠨᠤᠲᠤᠭ ᠲᠤ᠌ ᠲᠦᠷᠦᠵᠦ
ᠦᠰᠤᠨ᠂ ᠬᠦᠳᠡᠭᠡ ᠨᠤᠲᠤᠭ ᠲᠤ᠌ ᠬᠠᠢᠷᠠᠲᠠᠢ ᠪᠠᠢᠳᠠᠭ ᠡᠴᠡ ᠠᠩᠬ᠎ᠠ ᠤᠳᠠᠭ᠎ᠠ ᠭᠠᠴᠠᠭᠠᠨ ᠳ᠋ᠤ ᠰᠠᠭᠤᠭ᠎ᠠ
ᠺᠠᠳ᠋ᠷ᠎ᠤᠨ ᠠᠵᠢᠯ᠎ᠢ ᠬᠢᠵᠦ ᠪᠠᠢᠭ᠎ᠠ ᠴᠤ᠌ ᠭᠠᠴᠠᠭᠠᠨ᠎ᠤ ᠠᠷᠠᠳ ᠲᠠᠢ ᠬᠠᠮᠲᠤ ᠴᠢᠷᠮᠠᠢᠨ ᠲᠡᠮᠡᠴᠡᠵᠤ᠂
ᠢᠷᠡᠭᠡᠳᠦᠢ᠎ᠶᠢᠨ ᠰᠠᠢᠬᠠᠨ᠎ᠢ ᠤᠭᠲᠤᠨ᠎ᠠ》 ᠭᠡᠵᠦ ᠪᠤᠤ ᠸᠧᠨ ᠰᠢᠤᠸᠠᠢ ᠬᠡᠯᠡᠵᠦ ᠪᠠᠢᠯ᠎ᠠ᠃
ᠰᠤᠷᠪᠤᠯᠵᠢᠯᠠᠭᠴᠢ᠄ ᠬᠤᠷᠴᠠ
ᠭᠤᠤ ᠮᠢᠨ ᠨᠠ
ᠴᠢᠮᠡᠭᠡᠯᠡᠭᠴᠢ᠄ ᠳ᠋ᠦᠩ ᠯᠢ ᠫᠢᠩ
ᠪᠢᠯᠢᠭ