ᠣᠢᠷ᠎ᠠ ᠢ᠋ᠢᠨ ᠡᠳᠤᠷ ᠤ᠋ᠳ ᠲᠦ᠍᠂ ᠲᠦᠩᠯᠢᠶᠣᠤ ᠬᠣᠲᠠ ᠢ᠋ᠢᠨ ᠥᠷᠭᠡᠨ ᠣᠯᠠᠨ ᠺᠠᠳ᠋ᠷ ᠣᠯᠠᠨ ᠲᠦᠮᠡᠨ ᠰᠣᠨᠢᠨ᠂ ᠲᠧᠯᠸᠢᠰ᠂ ᠰᠦᠯᠵᠢᠶ᠎ᠡ ᠵᠡᠷᠭᠡ ᠵᠠᠭᠤᠴᠢᠯᠠᠭᠤᠷ ᠵᠢᠡᠷ ᠲᠠᠮᠵᠢᠨ ᠥᠪᠡᠷᠲᠡᠭᠡᠨ ᠵᠠᠰᠠᠬᠤ ᠣᠷᠣᠨ ᠤ᠋ ᠬᠣᠶᠠᠷ ᠬᠤᠷᠠᠯ ᠤ᠋ᠨ ᠦᠪᠡᠳᠡᠭ᠌ᠰᠢ ᠪᠠᠢᠳᠠᠯ ᠢ᠋ ᠬᠦᠯᠢᠶᠡᠨ ᠠᠪᠴᠤ ᠦᠵᠡᠵᠤ ᠬᠠᠯᠠᠭᠤᠨ ᠵᠢᠡᠷ ᠶᠠᠷᠢᠯᠴᠠᠵᠠᠭᠠᠨ᠎ᠠ᠃ ᠲᠦᠩᠯᠢᠶᠣᠤ ᠬᠣᠲᠠ ᠢ᠋ᠢᠨ ᠬᠥᠮᠦᠨ ᠤ᠋ ᠬᠦᠴᠦᠨ ᠤ᠋ ᠡᠬᠢ ᠪᠠᠶᠠᠯᠢᠭ ᠪᠠ ᠨᠡᠢᠭᠡᠮ ᠤ᠋ᠨ ᠪᠠᠲᠤᠯᠠᠭ᠎ᠠ ᠢ᠋ᠢᠨ ᠲᠣᠪᠴᠢᠶᠠᠨ ᠤ᠋ ᠠᠵᠢᠯᠲᠠᠨ ᠸᠠᠩ ᠬᠠᠶ ᠱᠢᠶᠠ᠄《ᠵᠠᠰᠠᠭ ᠤ᠋ᠨ ᠣᠷᠳᠣᠨ ᠤ᠋ ᠠᠵᠢᠯ ᠤ᠋ᠨ ᠢᠯᠡᠳᠭᠡᠯ ᠳ᠋ᠤ᠂ 〈ᠵᠢᠷᠭᠤᠭ᠎ᠠ ᠢ᠋ᠢ ᠲᠣᠭ᠍ᠲᠠᠪᠤᠷᠢᠵᠢᠭᠤᠯᠬᠤ〉 〈ᠵᠢᠷᠭᠤᠭ᠎ᠠ ᠢ᠋ᠢ ᠪᠠᠲᠤᠯᠠᠬᠤ〉 ᠠᠵᠢᠯ ᠢ᠋ ᠦᠷᠭᠦᠯᠵᠢᠯᠡᠨ ᠰᠠᠢᠲᠤᠷ ᠬᠢᠵᠦ᠍᠂ ᠠᠷᠠᠳ ᠤ᠋ᠨ ᠠᠮᠢᠳᠤᠷᠠᠯ ᠢ᠋ ᠪᠠᠲᠤᠯᠠᠨ ᠰᠠᠢᠵᠢᠷᠠᠭᠤᠯᠬᠤ ᠪᠡᠷ ᠬᠦᠴᠦᠯᠡᠨ ᠴᠢᠷᠮᠠᠢᠨ᠎ᠠ ᠬᠡᠵᠤ ᠲᠤᠷᠠᠳᠤᠭᠰᠠᠨ ᠨᠢ ᠠᠷᠠᠳ ᠤ᠋ᠨ ᠠᠮᠢᠳᠤᠷᠠᠯ ᠤ᠋ᠨ ᠲᠤᠬᠠᠶ ᠭᠦᠨ ᠵᠤᠵᠠᠭᠠᠨ ᠬᠠᠢᠷ᠎ᠠ ᠰᠡᠳᠭᠢᠯᠭᠡ ᠢ᠋ᠢ ᠢᠯᠡᠷᠡᠭᠦᠯᠪᠡ᠃ ᠱᠢᠨ᠎ᠡ ᠨᠢᠬᠡᠨ ᠵᠢᠯ ᠳ᠋ᠤ᠂ ᠪᠢ ᠲᠥᠷᠥ ᠢ᠋ᠢᠨ ᠪᠣᠳᠣᠯᠭ᠎ᠠ ᠢ᠋ᠢ ᠤᠬᠠᠭᠤᠯᠬᠤ ᠲᠠᠯ᠎ᠠ ᠪᠡᠷ ᠬᠦᠴᠦ᠍ ᠲᠠᠯᠪᠢᠵᠤ᠂ ᠠᠷᠠᠳ ᠲᠦ᠍ ᠠᠱᠢᠭ ᠬᠦᠷᠲᠡᠭᠡᠬᠦ᠌ ᠲᠥᠷᠥ ᠢ᠋ᠢᠨ ᠪᠣᠳᠣᠯᠭ᠎ᠠ ᠢ᠋ᠢ ᠲᠣᠳᠣᠷᠬᠠᠶ ᠤᠢᠯᠠᠭᠠᠮᠵᠢᠳᠡᠢ ᠶᠠᠷᠢᠵᠤ᠂ ᠬᠦᠮᠦᠰ ᠤ᠋ᠨ ᠬᠥᠮᠦᠨ ᠤ᠋ ᠬᠦᠴᠦᠨ ᠤ᠋ ᠡᠬᠢ ᠪᠠᠶᠠᠯᠢᠭ ᠪᠠ ᠨᠡᠢᠭᠡᠮ ᠤ᠋ᠨ ᠪᠠᠲᠤᠯᠠᠭ᠎ᠠ ᠢ᠋ᠢᠨ ᠲᠤᠬᠠᠢ ᠲᠥᠷᠥ ᠢ᠋ᠢᠨ ᠪᠣᠳᠣᠯᠭ᠎ᠠ ᠢ᠋ᠢ ᠣᠢᠯᠠᠭᠠᠭᠤᠯᠬᠤ ᠨᠣᠷᠮ᠎ᠠ ᠢ᠋ᠢ ᠲᠠᠰᠤᠷᠠᠯᠲᠠ ᠥᠬᠡᠶ ᠳᠡᠭᠡᠭ᠌ᠰᠢᠯᠡᠭᠦᠯᠵᠦ᠍᠂ ᠠᠷᠠᠳ ᠣᠯᠠᠨ ᠤ᠋ ᠬᠦᠷᠲᠡᠮᠵᠢ ᠢ᠋ᠢᠨ ᠲᠥᠷᠥᠭ᠌ᠳᠡᠯ᠂ ᠵᠢᠷᠭᠠᠯᠲᠤ ᠲᠥᠷᠥᠭ᠌ᠳᠡᠯ᠂ ᠠᠮᠤᠷ ᠲᠦᠪᠱᠢᠨ ᠤ᠋ ᠲᠥᠷᠥᠭ᠌ᠳᠡᠯ ᠢ᠋ ᠦᠷᠬᠦᠯᠵᠢᠯᠡᠨ ᠨᠡᠮᠡᠭ᠌ᠳᠡᠭᠦᠯᠦᠨᠡ》 ᠬᠡᠪᠡ᠃
ᠣᠢᠯᠠᠭᠠᠭ᠍ᠰᠠᠨ ᠵᠢᠡᠷ᠂ ᠲᠦᠩᠯᠢᠶᠣᠤ ᠬᠣᠲᠠ ᠢ᠋ᠢᠨ ᠬᠥᠮᠦᠨ ᠤ᠋ ᠬᠦᠴᠦᠨ ᠤ᠋ ᠡᠬᠢ ᠪᠠᠶᠠᠯᠢᠭ ᠪᠠ ᠨᠡᠢᠭᠡᠮ ᠤ᠋ᠨ ᠪᠠᠲᠤᠯᠠᠭ᠎ᠠ ᠢ᠋ᠢᠨ ᠲᠣᠪᠴᠢᠶ᠎ᠠ ᠠᠷᠠᠳ ᠲᠦ᠍ ᠲᠥᠬᠥᠮ ᠦᠵᠡᠭᠦᠯᠬᠦ᠌ ᠮᠡᠳᠡᠬᠡ ᠵᠠᠩᠬᠢᠴᠢᠯᠠᠭᠰᠠᠨ ᠦᠶ᠋ᠯᠡᠴᠢᠯᠡᠭᠡᠨ ᠤ᠋ ᠱᠢᠨ᠎ᠡ ᠢ᠋ᠢ ᠡᠬᠦᠳᠴᠦ ᠳᠡᠭᠡᠭ᠌ᠰᠢᠯᠡᠭᠦᠯᠬᠦ᠌ ᠠᠵᠢᠯᠯᠠᠭ᠎ᠠ ᠪᠡᠷ ᠲᠠᠮᠵᠢᠨ᠂ 《ᠨᠢᠭᠡ ᠰᠦᠯᠵᠢᠶ᠎ᠡ ᠪᠡᠷ ᠨᠡᠢᠳᠡᠮ ᠭᠦᠶ᠋ᠴᠡᠳᠭᠡᠬᠦ᠌》ᠮᠡᠳᠡᠭᠡ ᠵᠠᠩᠭᠢ ᠢ᠋ᠢᠨ ᠱᠢᠰᠲ᠋ᠧᠮ ᠢ᠋ ᠲᠡᠰ ᠲᠡᠪᠰᠢᠬᠦᠯᠦᠨ ᠦᠬᠡᠷᠡᠴᠢᠯᠡᠵᠤ᠂ ᠠᠵᠢᠯ ᠣᠯᠭᠣᠵᠤ ᠦᠶ᠋ᠯᠡᠰ ᠪᠤᠰᠬᠠᠬᠤ᠂ ᠨᠡᠢᠭᠡᠮ ᠤ᠋ᠨ ᠳᠠᠭᠠᠳᠭᠠᠯ ᠢ᠋ ᠭᠠᠷᠲᠠᠨ ᠭᠦᠶ᠋ᠴᠡᠳᠭᠡᠬᠦ᠌᠂ ᠬᠥᠳᠡᠯᠮᠦᠷᠢ ᠢ᠋ᠢᠨ ᠬᠠᠷᠢᠴᠠᠭ᠎ᠠ ᠵᠡᠷᠭᠡ 166 ᠵᠦᠶ᠋ᠯ ᠤ᠋ᠨ ᠬᠥᠮᠦᠨ ᠤ᠋ ᠬᠦᠴᠦᠨ ᠤ᠋ ᠡᠬᠢ ᠪᠠᠶᠠᠯᠢᠭ ᠪᠠ ᠨᠡᠢᠭᠡᠮ ᠤ᠋ᠨ ᠪᠠᠲᠤᠯᠠᠭ᠎ᠠ ᠢ᠋ᠢᠨ ᠦᠶ᠋ᠯᠡᠴᠢᠯᠡᠭᠡ ᠢ᠋ᠢ ᠰᠦᠯᠵᠢᠶᠡᠨ ᠳᠡᠭᠡᠷ᠎ᠡ ᠬᠦᠢᠴᠡᠳᠭᠡᠬᠦ ᠪᠤᠯᠭᠠᠵᠠᠢ᠃ ᠲᠦᠩᠯᠢᠶᠣᠤ ᠬᠣᠲᠠ ᠢ᠋ᠢᠨ ᠬᠥᠮᠦᠨ ᠤ᠋ ᠬᠦᠴᠦᠨ ᠤ᠋ ᠡᠬᠢ ᠪᠠᠶᠠᠯᠢᠭ ᠪᠠ ᠨᠡᠢᠭᠡᠮ ᠤ᠋ᠨ ᠪᠠᠲᠤᠯᠠᠭ᠎ᠠ ᠢ᠋ᠢᠨ ᠲᠣᠪᠴᠢᠶ᠎ᠠ ᠡᠴᠡ ᠤᠬᠠᠭᠠᠯᠠᠭ᠍ᠰᠠᠨ《ᠬᠥᠮᠦᠨ ᠤ᠋ ᠬᠦᠴᠦᠨ ᠤ᠋ ᠡᠬᠢ ᠪᠠᠶᠠᠯᠢᠭ ᠪᠠ ᠨᠡᠢᠭᠡᠮ ᠤ᠋ᠨ ᠪᠠᠲᠤᠯᠠᠭ᠎ᠠ ᠢ᠋ᠢᠨ ᠲᠥᠷᠥ ᠢ᠋ᠢᠨ ᠪᠣᠳᠣᠯᠭ᠎ᠠ ᠢ᠋ᠢᠨ ᠰᠢᠭᠤᠳ ᠨᠡᠪᠳᠡᠷᠡᠬᠦᠯᠬᠡ》 ᠫᠷᠤᠭ᠌ᠷᠠᠮ ᠪᠣᠯ ᠲᠣᠰ ᠬᠣᠲᠠ ᠢ᠋ᠢᠨ ᠴᠣᠷᠢ ᠵᠢᠨ ᠭᠠᠭ᠍ᠴᠠ ᠲᠥᠷᠥ ᠢ᠋ᠢᠨ ᠪᠣᠳᠣᠯᠭ᠎ᠠ ᠢ᠋ᠢᠨ ᠲᠠᠢᠯᠤᠮᠵᠢ ᠢ᠋ᠢᠨ ᠱᠢᠭᠤᠳ ᠨᠡᠪᠲᠡᠷᠡᠭᠦᠯᠭᠡ ᠢ᠋ᠢᠨ ᠫᠷᠤᠭ᠌ᠷᠠᠮ ᠪᠣᠯᠤᠨ᠎ᠠ᠂ ᠣᠳᠣᠬᠠᠨ ᠪᠤᠯᠳᠠᠯ᠎ᠠ ᠨᠡᠢᠳᠡ 400 ᠭᠠᠷᠤᠶ ᠬᠤᠭᠤᠴᠠᠭ᠎ᠠ ᠨᠡᠪᠲᠡᠷᠡᠭᠦᠯᠵᠦ᠍᠂ ᠣᠯᠠᠨ ᠲᠦᠮᠡᠨ ᠳ᠋ᠤ ᠦᠶ᠋ᠯᠡᠴᠢᠯᠡᠬᠦ᠌ 《ᠡᠴᠦᠰ ᠤ᠋ᠨ ᠨᠢᠭᠡ ᠺᠢᠯᠣᠮᠧᠲ᠋ᠷ》 ᠢ᠋ ᠨᠡᠪᠲᠡᠷᠡᠭᠦᠯᠪᠠ᠃
2008-2025 © ᠳᠤᠮᠳᠠᠳᠤ ᠤᠯᠤᠰᠤᠨ ᠮᠤᠩᠭᠤᠯ ᠬᠡᠯᠡᠨᠤ ᠰᠤᠨᠢᠨ ᠮᠡᠳᠡᠭᠡᠨᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6635435
ᠢᠮᠧᠯ᠄mgyxww@163.com 蒙ICP备10000005号