1 ᠰᠠᠷ᠎ᠠ᠎ᠶ᠋ᠢᠨ 25᠎ᠤ ᠡᠳᠦᠷ᠂ ᠰᠤᠷᠪᠤᠯᠵᠢᠯᠠᠭ᠍ᠴᠢ ᠬᠥᠬᠡᠬᠣᠲᠠ ᠶ᠋ᠢᠨ ᠢᠦᠢᠴᠢᠤᠸᠠᠨ ᠲᠣᠭᠣᠷᠢᠭ᠎ᠤᠨ ᠵᠠᠮ ᠬᠠᠷᠢᠯᠴᠠᠭᠠᠨ᠎ᠤ ᠬᠠᠮᠢᠶᠠᠷᠤᠯᠲᠠ᠎ᠶ᠋ᠢᠨ ᠰᠠᠯᠠᠭ᠎ᠠ ᠮᠥᠴᠢᠷ᠎ᠡᠴᠡ ᠣᠢᠯᠠᠭᠠᠭ᠍ᠰᠠᠨ᠎ᠢᠶᠠᠷ᠂ ᠣᠲᠣᠬᠠᠨ ᠪᠣᠯᠲᠠᠯ᠎ᠠ᠂ ᠢᠦᠢᠴᠢᠤᠸᠠᠨ ᠲᠣᠭᠣᠷᠢᠭ᠎ᠤᠨ ᠵᠠᠮ ᠬᠠᠷᠢᠯᠴᠠᠭᠠᠨ᠎ᠤ ᠴᠠᠭ᠍ᠳᠠᠭ᠎ᠠ ᠨᠢᠭᠡᠨᠲᠡ 9000 ᠭᠠᠷᠤᠶ ᠴᠠᠬᠢᠯᠭᠠᠨ ᠬᠥᠳᠡᠯᠭᠡᠭᠦᠷᠲᠦ ᠳᠤᠭᠤᠶ ᠲᠡᠷᠭᠡᠨ᠎ᠳᠤ ᠫᠠᠢᠰᠠ ᠲᠡᠮᠲᠡᠭ ᠤᠯᠭᠤᠵᠠᠢ᠃
ᠵᠠᠮ ᠬᠠᠷᠢᠯᠴᠠᠭᠠᠨ᠎ᠤ ᠴᠠᠭ᠍ᠳᠠᠭ᠎ᠠ᠎ᠶ᠋ᠢᠨ ᠲᠠᠨᠢᠯᠴᠠᠭᠤᠯᠭ᠎ᠠ᠎ᠪᠠᠷ᠂ ᠤᠤᠯ᠎ᠳᠠᠭᠠᠨ ᠴᠠᠬᠢᠯᠭᠠᠨ ᠬᠥᠳᠡᠯᠭᠡᠭᠦᠷᠲᠦ ᠳᠤᠭᠤᠶ ᠲᠡᠷᠭᠡ ᠭᠡᠭᠡᠭ᠌ᠳᠡᠪᠡᠯ ᠡᠷᠢᠵᠦ᠍ ᠤᠯᠬᠤ ᠪᠤᠯᠤᠮᠵᠢ ᠥᠬᠡᠶ᠂ ᠣᠲᠣ ᠲᠡᠷᠭᠡᠨ᠎ᠳᠤ ᠨᠢ ᠫᠠᠢᠰᠠ ᠬᠠᠳᠠᠭᠰᠠᠨ ᠬᠤᠢᠨ᠎ᠠ ᠴᠠᠬᠢᠯᠭᠠᠨ ᠬᠥᠳᠡᠯᠭᠡᠭᠦᠷᠲᠦ ᠳᠤᠭᠤᠶ ᠲᠡᠷᠭᠡ ᠭᠡᠭᠡᠭ᠌ᠳᠡᠪᠡᠯ ᠡᠷᠢᠵᠦ᠍ ᠤᠯᠬᠤ ᠪᠣᠯᠤᠮᠵᠢ ᠮᠠᠰᠢ ᠶᠡᠬᠡ ᠪᠤᠯᠳᠠᠭ᠃ ᠭᠠᠷ ᠭᠦᠢᠴᠡᠳᠭᠡᠯ ᠨᠢ ᠪᠦᠷᠢᠨ ᠭᠦᠢᠴᠡᠳ ᠨᠢᠭᠡᠨ ᠴᠠᠬᠢᠯᠭᠠᠨ ᠬᠥᠳᠡᠯᠭᠡᠭᠦᠷᠲᠦ ᠳᠤᠭᠤᠶ ᠲᠡᠷᠭᠡᠨ᠎ᠳᠦ ᠫᠠᠢᠰᠠ ᠤᠯᠭᠤᠬᠤ ᠨᠢ ᠮᠠᠰᠢ ᠬᠤᠷᠳᠤᠨ ᠪᠠᠢᠵᠤ᠂ ᠪᠠᠷᠤᠭ 5—10 ᠮᠢᠨᠦ᠋ᠲ ᠬᠡᠷᠡᠭ᠌ᠰᠡᠨ᠎ᠡ᠃ ᠴᠠᠬᠢᠯᠭᠠᠨ ᠬᠥᠳᠡᠯᠭᠡᠭᠦᠷᠲᠦ ᠳᠤᠭᠤᠶ ᠲᠡᠷᠭᠡᠨ᠎ᠤ ᠡᠵᠡᠨ ᠨᠢ ᠬᠢᠷᠢ ᠲᠡᠩᠴᠡᠭ᠌ᠰᠡᠨ ᠦᠨᠡᠮᠯᠡᠯ᠂ ᠪᠠᠷᠢᠮᠲᠠ ᠵᠡᠷᠭᠡ ᠮᠠᠲ᠋ᠧᠷᠢᠶᠠᠯ᠎ᠢᠶᠠᠨ ᠭᠡᠭᠡᠭ᠌ᠰᠡᠨ ᠪᠠᠢᠳᠠᠯ᠎ᠳᠤ ᠲᠤᠬᠠᠢ᠎ᠶ᠋ᠢᠨ ᠲᠠᠯᠠᠪᠤᠷ ᠲᠤ ᠲᠤᠰ ᠬᠥᠮᠦᠨ᠎ᠦ ᠭᠠᠷᠤᠨ ᠦᠰᠦᠭ ᠵᠢᠷᠤᠭ᠍ᠰᠠᠨ ᠠᠮᠠᠯᠠᠯᠲᠠ᠎ᠶ᠋ᠢᠨ ᠪᠢᠴᠢᠭ᠎ᠢ ᠬᠠᠩᠭᠠᠪᠠᠯ ᠬᠡᠪ᠎ᠦᠨ ᠶᠣᠰᠣᠭᠠᠷ ᠠᠵᠢᠯᠶ᠋ᠢᠠᠨ ᠭᠦᠢᠴᠡᠳᠭᠡᠵᠦ ᠪᠣᠯᠤᠨ᠎ᠠ᠃
ᠲᠡᠭᠡᠪᠡᠯ᠂ ᠴᠠᠬᠢᠯᠭᠠᠨ ᠬᠥᠳᠡᠯᠭᠡᠭᠦᠷᠲᠦ ᠳᠤᠭᠤᠶ ᠲᠡᠷᠭᠡ᠎ᠳᠤ ᠫᠠᠢᠰᠨ ᠤᠯᠭᠤᠬᠤ ᠨᠢ ᠴᠤᠬᠤᠮ ᠶᠠᠮᠠᠷ ᠰᠠᠢᠨ ᠲᠠᠯ᠎ᠠ ᠲᠠᠶ ᠪᠤᠯ?
ᠢᠦᠢᠴᠢᠤᠸᠠᠨ ᠲᠣᠭᠣᠷᠢᠭ᠎ᠤᠨ ᠵᠠᠮ ᠬᠠᠷᠢᠯᠴᠠᠭᠠᠨ᠎ᠤ ᠴᠠᠭ᠍ᠳᠠᠭ᠎ᠠ᠎ᠶ᠋ᠢᠨ ᠶᠡᠬᠡ ᠠᠩᠭᠢ᠎ᠶ᠋ᠢᠨ ᠭᠤᠷᠪᠠᠳᠤᠭᠠᠷ ᠳᠤᠮᠳᠠ ᠠᠩᠭᠢ᠎ᠶ᠋ᠢᠨ ᠴᠠᠬᠢᠯᠭᠠᠨ ᠬᠥᠳᠡᠯᠭᠡᠭᠦᠷᠲᠦ ᠳᠤᠭᠤᠢ ᠲᠡᠷᠭᠡᠨ᠎ᠳᠤ ᠫᠠᠢᠰᠠ ᠬᠠᠳᠠᠬᠤ ᠠᠵᠢᠯ᠎ᠢ ᠬᠠᠷᠢᠭᠤᠴᠠᠵᠤ ᠪᠠᠢᠭ᠎ᠠ ᠯᠠᠨ ᠱᠢᠶᠦ᠋ᠩ ᠹᠧᠩ᠂ ᠴᠠᠬᠢᠯᠭᠠᠨ ᠬᠥᠳᠡᠯᠭᠡᠭᠦᠷᠲᠦ ᠳᠤᠭᠤᠶ ᠲᠡᠷᠭᠡᠨ᠎ᠦ ᠫᠠᠢᠰᠠᠨ ᠳᠡᠭᠡᠷ᠎ᠡ ᠬᠣᠶᠠᠷ ᠬᠡᠮᠵᠢᠯᠳᠦ ᠺᠣᠳ᠋ ᠪᠠᠢᠵᠤ᠂ ᠺᠤᠳ᠋ ᠰᠢᠷᠪᠢᠨ ᠰᠢᠯᠭᠠᠨ ᠪᠠᠢᠴᠠᠭᠠᠵᠤ ᠪᠤᠯᠤᠨ᠎ᠠ᠂ ᠫᠠᠢᠰᠠᠨ᠎ᠳᠤ ᠨᠢ ᠪᠠᠰᠠ ᠬᠤᠯᠠᠭᠠᠶ᠎ᠶ᠋ᠢ ᠰᠡᠷᠭᠡᠢᠯᠡᠬᠦ᠌ ᠱᠤᠷᠠᠭ ᠲᠠᠶ᠃ ᠴᠠᠬᠢᠯᠭᠠᠨ ᠬᠥᠳᠡᠯᠭᠡᠭᠦᠷᠲᠦ ᠳᠤᠭᠤᠶ ᠲᠡᠷᠭᠡᠨ᠎ᠳᠤ ᠫᠠᠢᠰᠠ ᠤᠯᠭᠤᠭᠰᠠᠨ ᠬᠤᠢᠨ᠎ᠠ ᠲᠤᠰ ᠲᠡᠷᠭᠡᠨ᠎ᠤ ᠮᠡᠳᠡᠭᠡ ᠵᠠᠩᠭᠢ ᠨᠢ ᠲᠡᠷᠭᠡᠨ ᠡᠵᠡᠨ᠎ᠦ ᠪᠡᠶ᠎ᠡ᠎ᠶ᠋ᠢᠨ ᠦᠨᠡᠮᠯᠡᠯ ᠲᠡᠶ ᠤᠭᠰᠠᠷᠠᠭᠳᠠᠵᠤ᠂ ᠲᠡᠷᠭᠡ ᠬᠥᠰᠭᠡ᠎ᠶᠢᠨ ᠳᠠᠩᠰᠠᠯᠠᠭᠳᠠᠨ ᠪᠠᠢᠴᠠᠭᠠᠵᠤ ᠪᠤᠯᠬᠤ᠎ᠶᠢ ᠦᠨᠡᠨ ᠬᠦ᠌ ᠪᠡᠶᠡᠯᠡᠭᠦᠯᠪᠡ᠃ ᠫᠠᠢᠰᠠ ᠬᠠᠳᠠᠭᠰᠠᠨ ᠬᠤᠢᠨ᠎ᠠ ᠴᠠᠬᠢᠯᠭᠠᠨ ᠬᠥᠳᠡᠯᠭᠡᠭᠦᠷᠲᠦ ᠳᠤᠭᠤᠶ ᠲᠡᠷᠭᠡ ᠬᠤᠯᠠᠭᠠᠢᠯᠠᠭ᠍ᠳᠠᠭᠰᠠᠨ᠂ ᠡᠰᠡᠬᠦᠯ᠎ᠡ ᠭᠡᠭᠡᠭ᠌ᠰᠡᠨ ᠪᠤᠯ᠂ ᠴᠠᠭ᠍ᠳᠠᠭ᠎ᠠ ᠨᠠᠷ᠎ᠤᠨ ᠬᠡᠷᠡᠭ᠎ᠢ ᠢᠯᠡᠷᠡᠭᠦᠯᠵᠦ ᠲᠡᠷᠭᠡᠨ᠎ᠦ ᠡᠵᠡᠨ᠎ᠳᠦ ᠴᠠᠭ ᠲᠤᠬᠠᠶ᠎ᠳᠤᠨᠢ ᠮᠡᠳᠡᠭ᠌ᠳᠡᠬᠦ᠎ᠳᠤ ᠳᠥᠭᠥᠮ ᠪᠤᠯᠵᠠᠢ᠃ ᠡᠭᠦᠨ᠎ᠡᠴᠡ ᠭᠠᠳᠠᠨ᠎ᠠ᠂ ᠫᠠᠢᠰᠠ ᠤᠯᠭᠤᠬᠤ ᠪᠤᠯ ᠪᠠᠰᠠ ᠨᠢᠭᠡ ᠵᠦᠶ᠋ᠯ᠎ᠦᠨ ᠬᠠᠮᠢᠶᠠᠷᠤᠯᠲᠠ ᠪᠠ ᠬᠢᠵᠠᠭᠠᠷᠯᠠᠯ ᠮᠥᠨ᠂ ᠢᠭᠡᠨᠲᠡ ᠬᠠᠳᠠᠭᠰᠠᠨ ᠫᠠᠢᠰᠠ᠎ᠶ᠋ᠢ ᠬᠠᠯᠬᠠᠯᠠᠵᠤ ᠡᠪᠳᠡᠯᠵᠦ ᠪᠤᠯᠬᠤ ᠥᠬᠡᠶ᠂ ᠴᠠᠬᠢᠯᠭᠠᠨ ᠬᠥᠳᠡᠯᠭᠡᠭᠦᠷᠲᠦ ᠳᠤᠭᠤᠶ ᠲᠡᠷᠭᠡ ᠨᠢ ᠡᠩ᠎ᠦᠨ ᠵᠠᠮ ᠬᠠᠷᠢᠯᠴᠠᠭᠠᠨ᠎ᠤ ᠬᠠᠤᠯᠢ᠎ᠠᠴᠠ ᠵᠥᠷᠢᠴᠡᠭᠰᠡᠨ ᠦᠢᠯᠡ ᠠᠵᠢᠯᠯᠠᠭ᠎ᠠ ᠬᠢᠬᠦ ᠪᠤᠶᠤ ᠬᠡᠷᠡᠭ ᠭᠠᠷᠭᠠᠭᠠᠳ ᠳᠤᠲᠠᠭᠠᠭᠰᠠᠨ ᠦᠶ᠎ᠡ᠎ᠳᠦ᠂ ᠬᠣᠲᠠ᠎ᠶ᠋ᠢᠨ ᠠᠷᠠᠳ ᠲᠡᠷᠭᠡᠨ᠎ᠦ ᠨᠣᠮᠧᠷ᠎ᠢ ᠴᠡᠭᠡᠵᠢᠯᠡᠵᠦ ᠠᠪᠤᠭᠠᠳ ᠬᠡᠷᠡᠭ ᠮᠡᠳᠡᠭᠦᠯᠵᠦ ᠪᠤᠯᠤᠨ᠎ᠠ᠂ ᠴᠠᠭ᠍ᠳᠠᠭᠠᠨ᠎ᠤ ᠲᠠᠯ᠎ᠠ᠎ᠶ᠋ᠢᠨ ᠬᠢᠨ ᠴᠦ᠍ ᠫᠠᠢᠰᠠᠨ ᠨᠤᠮᠸᠷᠶ᠋ᠢᠠᠷ ᠳᠠᠮᠵᠢᠨ ᠲᠤᠬᠠᠶ᠎ᠶ᠋ᠢᠨ ᠬᠥᠮᠦᠨ᠎ᠢ ᠪᠠᠢᠴᠠᠭᠠᠨ ᠯᠠᠪᠯᠠᠵᠤ᠂ ᠬᠡᠷᠡᠭ᠎ᠢ ᠢᠯᠡᠷᠡᠭᠦᠯᠦᠨ ᠱᠢᠶ᠋ᠳᠪᠦᠷᠢᠯᠡᠬᠦ᠌᠎ᠳᠤ ᠲᠥᠬᠥᠮ ᠪᠣᠯᠵᠠᠢ ᠭᠡᠵᠦ ᠬᠡᠯᠡᠨ᠎ᠡ᠃
ᠤᠢᠯᠠᠭᠠᠭᠰᠠᠨ᠎ᠢᠶᠠᠷ᠂ ᠥᠷᠭᠡᠨ ᠣᠯᠠᠨ ᠬᠣᠲᠠ᠎ᠶ᠋ᠢᠨ ᠠᠷᠠᠳ᠎ᠤᠨ ᠴᠠᠬᠢᠯᠭᠠᠨ ᠬᠥᠳᠡᠯᠭᠡᠭᠦᠷᠲᠦ ᠳᠤᠭᠤᠶ ᠲᠡᠷᠭᠡᠨ᠎ᠳᠦ ᠫᠠᠢᠰᠠ ᠤᠯᠭᠤᠬᠤ᠎ᠳᠦ ᠲᠥᠬᠥᠮ ᠦᠵᠡᠭᠦᠯᠬᠦ᠌᠎ᠶ᠋ᠢᠨ ᠲᠥᠯᠥᠭᠡ᠂ ᠢᠦᠢᠴᠢᠤᠸᠠᠨ ᠲᠣᠭᠣᠷᠢᠭ᠎ᠤᠨ ᠵᠠᠮ ᠬᠠᠷᠢᠯᠴᠠᠭᠠᠨ᠎ᠤ ᠴᠠᠭ᠍ᠳᠠᠭ᠎ᠠ ᠨᠠᠷ ᠴᠠᠭᠠᠨ ᠰᠠᠷ᠎ᠠ᠎ᠶ᠋ᠢᠨ ᠬᠤᠭᠤᠴᠠᠭᠠᠨ᠎ᠳᠤ ᠴᠤ᠌ ᠠᠮᠠᠷᠠᠬᠤ ᠥᠬᠡᠶ᠂ ᠬᠣᠲᠠ᠎ᠶ᠋ᠢᠨ ᠠᠷᠠᠳ ᠲᠣᠭ᠍ᠲᠠᠭᠠᠭ᠍ᠰᠠᠨ ᠭᠠᠵᠠᠷ᠎ᠲᠤ ᠬᠦᠷᠴᠦ ᠫᠠᠢᠰᠠ ᠬᠠᠳᠠᠭᠤᠯᠵᠤ ᠪᠣᠯᠤᠨ᠎ᠠ᠃