ᠲᠤᠬᠠᠶᠶ᠋ᠢᠨᠭᠠᠵᠠᠷᠤᠨᠴᠠᠭᠢᠶᠠᠷ1ᠰᠠᠷ᠎ᠠ᠎ᠶ᠋ᠢᠨ5᠎ᠤ ᠡᠳᠦᠷ ᠹᠷᠠᠨᠼᠢ᠎ᠶ᠋ᠢᠨ ᠣᠯᠠᠨ ᠵᠠᠭᠤᠴᠢᠯᠠᠭᠤᠷ᠎ᠤᠨ ᠮᠡᠳᠡᠭᠡᠯᠡᠭ᠌ᠰᠡᠨᠢᠶᠡᠷ᠂ ᠨᠢᠳᠤᠨᠤᠨ᠎ᠤ 12 ᠰᠠᠷ᠎ᠠ᠎ᠶ᠋ᠢᠨ 9᠎ᠤ ᠡᠳᠦᠷ ᠹᠷᠠᠨᠼᠢ ᠶ᠋ᠢᠨ ᠮᠠᠷᠰᠸᠢ ᠵᠢᠨ ᠭᠠᠵᠠᠷ ᠤᠨ ᠳᠤᠮᠳᠠᠳᠤ ᠲᠠᠩᠭᠢᠰ᠎ᠤᠨ ᠬᠠᠯᠳᠠᠪᠤᠷᠢᠲᠤ ᠡᠪᠡᠳᠴᠢᠨ᠎ᠦ ᠡᠮᠴᠢᠯᠡᠭᠡ ᠪᠠ ᠵᠢᠭᠠᠨ ᠰᠤᠷᠭᠠᠯᠲᠠ ᠵᠢᠨ ᠰᠤᠳᠤᠯᠭᠠᠨ᠎ᠤ ᠬᠦᠷᠢᠶᠡᠯᠡᠩ ᠨᠡᠢᠬᠡᠮ ᠨᠡᠢᠲᠡ ᠳ᠋ᠤ ᠢᠯᠡᠷᠬᠡᠢᠯᠡᠬᠦ᠌᠎ᠳᠡᠭᠡᠨ᠂ ᠨᠢᠭᠡ ᠵᠦᠶ᠋ᠯ᠎ᠦᠨ ᠱᠢᠨ᠎ᠡ ᠲᠢᠲᠢᠮᠯᠢᠭ ᠸᠢᠷᠦ᠋ᠰ᠎ᠦᠨ ᠱᠢᠨ᠎ᠡ ᠤᠨᠳᠤᠤᠱᠢᠭ᠍ᠰᠠᠨ ᠸᠢᠷᠦ᠋ᠰ ᠪᠠᠢᠬᠤ᠎ᠶ᠋ᠢ ᠢᠯᠡᠷᠡᠭᠦᠯᠪᠡ᠂ ᠲᠣᠰ ᠸᠢᠷᠦ᠋ᠰ ᠤᠨ ᠳ᠋ᠤᠭᠠᠷ᠎ᠨᠢ B.1.640.2 ᠪᠣᠯᠤᠨ᠎ᠠ᠂ ᠪᠠᠰᠠ 《IHU》 ᠸᠢᠷᠦ᠋ᠰ ᠭᠡᠳᠡᠭ᠃ ᠲᠣᠰ ᠸᠢᠷᠦ᠋ᠰ ᠲᠸ᠋ 46 ᠭᠡᠨᠡᠳᠲᠡ᠎ᠶ᠋ᠢᠨ ᠬᠤᠪᠢᠷᠠᠯᠲᠠ᠎ᠶ᠋ᠢᠨ ᠴᠡᠭ ᠪᠠ 37 ᠳᠤᠲᠠᠭ᠍ᠳᠠᠯ ᠪᠠᠭ᠍ᠲᠠᠨ᠎ᠠ ᠭᠡᠵᠡᠢ᠃
ᠲᠣᠰ ᠸᠢᠷᠦ᠋ᠰ᠎ᠢ ᠬᠠᠮᠤᠭ᠎ᠤᠨ ᠡᠷᠲᠡ ᠺᠤᠩᠭᠣ᠋ ᠡᠴᠡ ᠹᠷᠠᠨᠼᠢ᠎ᠳᠤ ᠪᠤᠴᠠᠭ᠍ᠰᠠᠨ ᠡᠪᠡᠳᠴᠢᠲᠡᠨ᠎ᠦ ᠪᠡᠶ᠎ᠡ ᠳᠡᠭᠡᠷ᠎ᠡ᠎ᠡᠴᠡ ᠢᠯᠡᠷᠡᠭᠦᠯᠪᠡ᠃ ᠣᠲᠣᠬᠠᠨ ᠪᠣᠯᠲᠠᠯ᠎ᠠ᠂ ᠮᠠᠷᠰᠸᠢᠶ᠋ᠢᠨ ᠭᠠᠵᠠᠷ᠎ᠤᠨ ᠳᠤᠮᠳᠠᠳᠤ ᠲᠠᠩᠭᠢᠰ᠎ᠤᠨ ᠬᠠᠯᠳᠠᠪᠤᠷᠢᠲᠤ ᠡᠪᠡᠳᠴᠢᠨ᠎ᠦ ᠡᠮᠴᠢᠯᠡᠭᠡ ᠪᠠ ᠵᠢᠭᠠᠨ ᠰᠤᠷᠭᠠᠯᠲᠠ᠎ᠶ᠋ᠢᠨ ᠰᠤᠳᠤᠯᠭᠠᠨ ᠤ ᠬᠦᠷᠢᠶᠡᠯᠡᠩ ᠳᠦ ᠲᠣᠰ ᠸᠢᠷᠦ᠋ᠰ ᠲᠸ᠋ ᠬᠠᠯᠳᠠᠪᠤᠷᠢᠯᠠᠭ᠍ᠳᠠᠭ᠍ᠰᠠᠳᠢ ᠨᠡᠢᠲᠡ 12 ᠢᠯᠡᠷᠡᠭᠦᠯᠪᠡ᠃ ᠦᠯᠢᠭᠡᠷ ᠶᠠᠩᠵᠤ ᠴᠦᠭᠡᠨ ᠤᠴᠢᠷ ᠡᠴᠡ ᠣᠳᠣᠬᠠᠨ᠎ᠳᠤ ᠲᠡᠭᠦᠨ᠎ᠦ ᠬᠠᠯᠳᠠᠪᠤᠷᠢᠯᠠᠬᠤ ᠴᠢᠨᠠᠷ ᠪᠠ ᠠᠶᠤᠯᠲᠤ ᠴᠢᠨᠠᠷ᠎ᠢ ᠦᠨᠡᠯᠡᠬᠦ᠌᠎ᠳᠦ ᠬᠦᠴᠢᠷᠳᠠᠢ ᠪᠠᠢᠭ᠎ᠠ ᠭᠡᠨ᠎ᠡ᠃
ᠳᠡᠯᠡᠬᠡᠶ᠎ᠶ᠋ᠢᠨ ᠡᠷᠡᠭᠦᠯ ᠬᠠᠮᠠᠭᠠᠯᠠᠯ᠎ᠤᠨ ᠵᠣᠬᠢᠶᠠᠨ ᠪᠠᠢᠭᠤᠯᠤᠯᠲᠠ ᠡᠴᠡ ᠲᠣᠰ ᠸᠢᠷᠦ᠋ᠰ᠎ᠢ ᠨᠢᠭᠡᠨᠲᠡ ᠠᠵᠢᠭ᠍ᠯᠠᠯᠲᠠ ᠬᠦᠯᠢᠶᠡᠭ᠌ᠰᠡᠨ ᠱᠢᠨ᠎ᠡ ᠲᠢᠲᠢᠮᠯᠢᠭ ᠠᠭᠤᠰᠬᠢᠨ ᠦᠷᠪᠢᠰᠤᠯ ᠤᠨ ᠸᠢᠷᠦ᠋ᠰ᠎ᠤᠨ ᠬᠤᠪᠢᠯᠪᠤᠷᠢ ᠳᠦᠷᠰᠦᠳᠦ ᠣᠷᠣᠭᠤᠯᠪᠠ᠃
ᠢᠷᠡᠯᠳᠡ᠄ ᠲᠦᠪ ᠲᠸᠯᠸᠢᠰ ᠤᠨ ᠰᠤᠨᠢᠨ ᠮᠡᠳᠡᠭᠡ