ᠦᠪ ᠰᠤᠶᠤᠯ᠎ᠶ᠋ᠢᠡᠨ ᠲᠡᠭᠡᠲᠦᠯᠡᠳᠡᠭ ᠡᠪᠡᠷ ᠨᠤᠮᠤ᠎ᠶᠢᠨ ᠤᠯᠠᠮᠵᠢᠯᠠᠬᠴᠢ
2022-01-07 09:26:36
ᠵᠣᠬᠢᠶᠠᠭ᠍ᠴᠢ᠄
​ ᠴᠡᠯᠮᠡᠭ ᠰᠤᠳᠤᠨ
ᠣᠩᠱᠢᠭ᠍ᠰᠠᠨ ᠣᠳᠠᠭ᠎ᠠ᠄
★★★☆☆

QQ截图20220107092725.jpg


ᠤᠯᠠᠭᠠᠨᠬᠠᠲᠠ ᠬᠤᠲᠠ᠎ᠶᠢᠨ ᠪᠠᠭᠠᠷᠢᠨ ᠪᠠᠷᠠᠭᠤᠨ ᠬᠤᠱᠢᠭᠤᠨ᠎ᠤ ᠪᠠᠶᠠᠨᠳᠠᠯ᠎ᠠ ᠰᠤᠮᠤ᠎ᠳᠤ ᠨᠤᠳᠤᠭᠳᠠᠢ ᠰᠡᠴᠡᠨᠮᠦ᠋ᠩᠬᠡ ᠪᠤᠯ ᠤᠯᠠᠮᠵᠢᠯᠠᠯᠳᠤ ᠡᠪᠡᠷ ᠨᠤᠮᠤ ᠬᠢᠬᠦ᠌ ᠤᠷᠤᠨ᠎ᠤ ᠳᠡᠰ᠎ᠤᠨ ᠪᠤᠲᠠᠰ᠎ᠤᠨ ᠪᠤᠰᠤ ᠰᠤᠶᠤᠯ᠎ᠤᠨ ᠦᠪ᠎ᠤᠨ ᠤᠯᠠᠮᠵᠢᠯᠠᠭ᠍ᠴᠢ ᠪᠤᠯᠤᠨ᠎ᠠ᠃


QQ截图20220107092736.jpg


ᠤᠯᠠᠮᠵᠢᠯᠠᠯᠳᠤ ᠡᠪᠡᠷ ᠨᠤᠮᠤ᠎ᠨᠢ ᠡᠪᠡᠷ᠂ ᠬᠤᠯᠤᠰᠤ᠂ ᠮᠤᠳᠤ᠂ ᠱᠢᠷᠪᠤᠰᠤ᠂ ᠴᠠᠪᠠᠤ ᠵᠡᠷᠭᠡ ᠪᠡᠷ ᠳᠦᠬᠦᠬᠡᠢ ᠮᠠᠲᠸᠷᠢᠶᠠᠯ ᠪᠤᠯᠭᠠᠵᠦ᠍᠂ ᠤᠰᠤᠨ ᠦᠬᠡᠷ᠎ᠤᠨ ᠡᠪᠡᠷ ᠵᠢᠡᠷ ᠭᠤᠤᠯ ᠮᠡᠲ᠋ᠸᠷᠢᠶᠠᠯ ᠪᠤᠯᠭᠠᠳᠠᠭ ᠲᠤᠯᠠ ᠪᠤᠰᠤᠳ ᠨᠤᠮᠤ᠎ᠡᠴᠡ ᠤᠨᠴᠠᠯᠠᠬᠳᠠᠨ᠂ ᠤᠷᠳᠤ ᠬᠤᠭᠤᠴᠠᠭ᠎ᠠ ᠪᠡᠷ ᠬᠤᠷᠢᠶᠠᠨ ᠬᠠᠳᠠᠭᠠᠯᠠᠵᠤ ᠪᠤᠯᠬᠤ ᠪᠦᠬᠡᠳ᠂ ᠤᠷᠠᠯᠠᠵᠦ ᠬᠢᠭᠰᠡᠨ ᠤᠷ᠎ᠠ ᠮᠡᠷᠭᠡᠵᠢᠯ᠎ᠳᠤᠨᠢ ᠦᠨᠲᠦᠰᠦᠳᠡᠨ᠎ᠤ ᠤᠶᠤᠨ ᠤᠬᠠᠭᠠᠨ ᠰᠢᠨᠭᠭᠡᠭᠰᠡᠨ ᠪᠤᠯᠬᠤᠷ ᠤᠯᠠᠮᠵᠢᠯᠠᠨ ᠲᠡᠯᠭᠡᠷᠡᠬᠦᠯᠬᠦ᠌ ᠰᠤᠶᠤᠯ᠎ᠤᠨ ᠦᠨ᠎ᠡ ᠦᠷᠳᠡᠭ ᠲᠠᠢ ᠪᠠᠢᠳᠠᠭ᠃

ᠰᠡᠴᠡᠨᠮᠦ᠋ᠩᠬᠡ ᠬᠠᠷᠠᠬᠠᠨ ᠪᠠᠭ᠎ᠠ ᠡᠴᠡ ᠪᠠᠨ ᠠᠪᠤ᠎ᠵᠢᠨ ᠵᠢᠡᠨ ᠨᠦᠯᠦᠬᠡ ᠵᠢ ᠬᠦᠷᠳᠡᠵᠤ᠂ 2010 ᠤᠨ ᠡᠴᠡ ᠤᠯᠠᠮᠵᠢᠯᠠᠯᠳᠤ ᠡᠪᠡᠷ ᠨᠤᠮᠤ ᠬᠢᠵᠦ᠍ ᠡᠬᠢᠯᠡᠪᠠ᠃ ᠠᠷᠪᠠᠭᠠᠳ ᠵᠢᠯ᠎ᠤᠨ ᠲᠤᠷᠰᠢ ᠲᠡᠷᠡ ᠨᠢᠬᠡᠨᠳᠡ 700 ᠱᠢᠬᠠᠮ ᠡᠪᠡᠷ ᠨᠤᠮᠤ ᠬᠢᠭᠰᠡᠨ ᠪᠦᠬᠡᠳ ᠦᠪᠡᠷ᠎ᠤᠨ ᠤᠷᠠᠯᠠᠵᠦ ᠬᠢᠭᠰᠡᠨ ᠪᠦᠲᠦᠭᠡᠭᠳᠡᠬᠦᠨ᠎ᠶ᠋ᠢᠡᠨ ᠬᠦᠬᠡᠨᠠᠭᠤᠷ᠂ ᠲᠦᠪᠡᠳ᠂ ᠮᠤᠩᠭᠤᠯ ᠤᠯᠤᠰ ᠵᠢᠡᠷ ᠪᠤᠷᠤᠯᠠᠭᠤᠯᠵᠤ᠂᠎ᠡᠨᠡ᠎ᠬᠦ᠌᠎ᠦᠪᠡᠷᠮᠢᠴᠡ ᠦᠨᠲᠦᠰᠦᠳᠡᠨ᠎ᠤ ᠤᠷᠠᠯᠢᠭ᠎ᠢ ᠤᠯᠤᠰ᠎ᠤᠨ ᠲᠤᠲᠤᠨ᠎ᠠ ᠭᠠᠲᠠᠨ᠎ᠠ ᠤᠬᠠᠭᠤᠯᠤᠨ ᠲᠡᠯᠭᠡᠷᠡᠬᠦᠯᠦᠭᠰᠡᠨ ᠪᠢᠯᠡ᠃

ᠲᠡᠷᠡ ᠪᠠᠰᠠ《ᠰᠡᠴᠡᠨᠮᠦ᠋ᠩᠬᠡ ᠵᠢᠨ ᠤᠯᠠᠮᠵᠢᠯᠠᠯᠳᠤ ᠡᠪᠡᠷ ᠨᠤᠮᠤ ᠵᠢᠨ ᠦᠢᠯᠡᠳᠪᠦᠷᠢ》 ᠪᠠᠢᠭᠤᠯᠤᠨ᠂ ᠡᠪᠡᠷ ᠨᠤᠮᠤ ᠪᠠᠨ ᠬᠡᠪᠴᠢᠶᠡᠵᠢᠬᠦᠯᠦᠨ ᠦᠢᠯᠡᠳᠪᠦᠷᠢᠯᠡᠵᠦ ᠡᠬᠢᠯᠡᠭᠰᠡᠨ ᠪᠠᠢᠨ᠎ᠠ᠃ 2016 ᠤᠨ ᠳ᠋ᠦ᠍ ᠰᠡᠴᠡᠨᠮᠦ᠋ᠩᠭᠡ ᠤᠯᠠᠮᠵᠢᠯᠠᠯᠳᠤ ᠡᠪᠡᠷ ᠨᠤᠮᠤ ᠬᠢᠬᠦ᠌ ᠮᠡᠷᠭᠡᠵᠢᠯ᠎ᠤᠨ ᠤᠷᠤᠨ᠎ᠤ ᠳᠡᠰ᠎ᠤᠨ ᠪᠤᠲᠠᠰ᠎ᠤᠨ ᠪᠤᠰᠤ ᠰᠤᠶᠤᠯ᠎ᠤᠨ ᠦᠪ᠎ᠤᠨ ᠤᠯᠠᠮᠵᠢᠯᠠᠭ᠍ᠴᠢ ᠪᠤᠯᠵᠠᠢ᠃

《ᠡᠪᠡᠷ ᠨᠤᠮᠤ ᠡᠷᠳᠡᠨ᠎ᠤ ᠦᠶ᠎ᠡ᠎ᠳᠤ ᠲᠠᠢᠨ ᠪᠠᠢᠯᠲᠤᠭᠠᠨ᠎ᠤ ᠵᠡᠪᠰᠡᠭ ᠪᠤᠯᠵᠦ ᠪᠠᠢᠬᠰᠠᠨ᠂ ᠤᠲᠤ ᠪᠤᠯ ᠡᠷ᠎ᠡ᠎ᠶᠢᠨ ᠭᠤᠷᠪᠠᠨ ᠨᠠᠭᠠᠲᠤᠮ᠎ᠤᠨ ᠲᠤᠲᠠᠭᠲᠠᠵᠦ ᠪᠤᠯᠤᠰᠢ ᠦᠬᠡᠢ ᠨᠢᠬᠡᠨ ᠲᠦᠷᠦᠯ ᠨᠢ ᠪᠤᠯᠤᠬᠰᠠᠨ ᠶᠤᠮ᠃ ᠬᠡᠲᠦᠨ ᠵᠠᠭᠤᠨ ᠵᠢᠯ᠎ᠶ᠋ᠢᠡᠷ ᠬᠤᠷᠢᠶᠠᠨ ᠬᠠᠲᠠᠭᠠᠯᠠᠵᠦ ᠪᠤᠯᠲᠠᠭ ᠤᠨᠴᠠᠯᠢᠭ ᠲᠠᠢ ᠪᠤᠯᠬᠤᠷ ᠡᠪᠡᠷ ᠨᠤᠮᠤ᠎ᠶᠢ ᠤᠲᠠᠭᠠᠨ ᠬᠠᠲᠠᠭᠠᠯᠠᠵᠦ ᠤᠯᠠᠮᠵᠢᠯᠠᠨ ᠵᠠᠯᠭᠠᠮᠵᠢᠯᠠᠬᠤ ᠦᠨ᠎ᠡ ᠦᠷᠳᠡᠭ ᠲᠠᠢ ᠶᠤᠮ》 ᠭᠡᠵᠦ ᠰᠡᠴᠡᠨᠮᠦ᠋ᠩᠭᠡ ᠶᠠᠷᠢᠨ᠎ᠠ᠃

ᠮᠡᠷᠭᠡᠨ ᠴᠤᠬᠤᠷ᠎ᠢ ᠰᠢᠷᠪᠢᠵᠦ ᠨᠠᠷᠢᠨ ᠠᠭᠤᠯᠭ᠎ᠠ᠎ᠶᠢ ᠨᠢ ᠦᠵᠡᠭᠡᠷᠡᠢ!


QQ截图20220107092746.jpg

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号