ᠮᠠᠨᠵᠤᠤᠷ ᠬᠣᠲᠠ᠎ᠶ᠋ᠢᠨ ᠳᠣᠲᠣᠯᠠᠭ᠍ᠰᠠᠨ ᠡᠪᠡᠳᠴᠢᠨ᠎ᠦ ᠵᠢᠱ᠌ᠢᠶ᠎ᠡ ᠪᠦᠬᠦᠨ᠎ᠢᠶᠡᠷ᠎ᠢᠶᠡᠨ ᠡᠷᠡᠭᠦᠯᠵᠢᠪᠡ
2022-01-08 22:32:15
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠮᠠᠨᠵᠤᠤᠷ ᠬᠣᠲᠠ᠎ᠶ᠋ᠢᠨ ᠬᠠᠮ ᠵᠠᠭᠤᠴᠢᠯᠠᠭᠤᠷ᠎ᠤᠨ ᠲᠥᠪ᠎ᠦᠨ ᠮᠡᠳᠡᠭᠡ᠎ᠶ᠋ᠢ ᠦᠨᠳᠦᠰᠦᠯᠡᠪᠡᠯ᠂ 1 ᠰᠠᠷ᠎ᠠ᠎ᠶ᠋ᠢᠨ 7 ᠎ᠤ ᠡᠳᠦᠷ᠂ ᠤᠯᠤᠰ᠂ ᠥᠪᠡᠷᠲᠡᠭᠡᠨ ᠵᠠᠰᠠᠬᠤ ᠣᠷᠣᠨ᠂ ᠬᠥᠯᠥᠨ ᠪᠣᠢᠷ ᠬᠣᠲᠠ ᠵᠢᠴᠢ ᠮᠠᠨᠵᠤᠤᠷ ᠬᠣᠲᠠ᠎ᠶ᠋ᠢᠨ ᠲᠤᠰᠭᠠᠶ ᠮᠡᠷᠭᠡᠵᠢᠯᠲᠡᠨ ᠪᠠ ᠡᠮᠴᠢ ᠰᠤᠪᠢᠯᠠᠭ᠍ᠴᠢ᠎ᠶ᠋ᠢᠨ ᠢᠳᠡᠪᠬᠢᠲᠡᠶ ᠵᠠᠰᠠᠯᠲᠠ᠎ᠪᠠᠷ ᠳᠡᠮᠵᠢᠨ᠂ ᠮᠠᠨᠵᠤᠤᠷ ᠪᠣᠭᠣᠮᠲᠠ᠎ᠶ᠋ᠢᠨ ᠡᠮ ᠡᠮᠨᠡᠯᠭᠡ ᠎ᠶ᠋ᠢᠨ ᠠᠪᠤᠷᠠᠨ ᠵᠠᠰᠠᠬᠤ ᠡᠮᠨᠡᠯᠭᠡ᠎ᠶ᠋ᠢᠨ ᠬᠣᠷᠢᠶ᠎ᠠ᠎ᠶ᠋ᠢᠨ ᠱᠢᠨ᠎ᠡ ᠲᠢᠲᠢᠮᠯᠢᠭ ᠠᠭᠤᠰᠭᠢᠨ ᠦᠷᠪᠢᠰᠦᠯ᠎ᠢᠶᠡᠷ ᠲᠤᠳᠤᠯᠠᠬᠰᠠᠨ ᠬᠠᠮᠤᠭ ᠎ᠤᠨ ᠰᠡᠭᠦᠯᠴᠢ ᠎ᠶ᠋ᠢᠨ 5 ᠡᠪᠡᠳᠴᠢᠲᠡᠨ ᠡᠷᠡᠭᠦᠯᠵᠢᠵᠦ ᠡᠮᠨᠡᠯᠭᠡ᠎ᠡᠴᠡ ᠭᠠᠷᠴᠠᠶ᠂ ᠡᠢᠨᠬᠦ ᠮᠠᠨᠵᠤᠤᠷ ᠬᠣᠲᠠ ᠎ᠶ᠋ᠢᠨ ᠲᠣᠰ ᠡᠭᠡᠯᠵᠢ ᠎ᠶ᠋ᠢᠨ ᠬᠢᠵᠢᠭ ᠎ᠦᠨ ᠱᠢᠨ᠎ᠡ ᠲᠢᠲᠢᠮᠯᠢᠭ ᠠᠭᠤᠰᠭᠢᠨ ᠦᠷᠪᠢᠰᠦᠯ ᠎ᠦᠨ ᠲᠤᠬᠠᠶ ᠎ᠶ᠋ᠢᠨ ᠭᠠᠵᠠᠷ ᠎ᠤᠨ ᠲᠤᠳᠤᠯᠠᠬᠰᠠᠨ ᠡᠪᠡᠳᠴᠢᠨ᠎ᠤ ᠵᠢᠱ᠌ᠢᠶ᠎ᠡ ᠪᠦᠬᠦᠨ ᠵᠢᠨᠷ ᠵᠢᠨᠨ ᠡᠷᠡᠭᠦᠯᠵᠢᠵᠦ ᠡᠮᠨᠡᠯᠭᠡ ᠡᠴᠡ ᠭᠠᠷᠪᠠ᠃


QQ截图20220108223322.jpg


ᠲᠤᠰᠭᠠᠶ ᠮᠡᠷᠭᠡᠵᠢᠯᠲᠡᠳ ᠎ᠤᠨ ᠣᠨᠣᠱᠢᠯᠠᠯᠲᠠ ᠎ᠪᠠᠷ ᠳᠡᠮᠵᠢᠨ᠂ ᠲᠤᠰ 5 ᠡᠪᠡᠳᠴᠢᠲᠡᠨ ᠤᠯᠤᠰ᠎ᠤᠨ ᠡᠷᠡᠭᠦᠯ ᠬᠠᠮᠠᠭᠠᠯᠠᠯ ᠡᠷᠡᠭᠦᠯ ᠮᠡᠨᠳᠦ᠍᠎ᠶ᠋ᠢᠨ ᠵᠥᠪᠯᠡᠯ᠎ᠦᠨ ᠪᠠᠭᠤᠯᠭᠠᠭ᠍ᠰᠠᠨ 《ᠱᠢᠨ᠎ᠡ ᠲᠢᠲᠢᠮᠯᠢᠭ ᠠᠭᠤᠰᠭᠢᠨ ᠦᠷᠪᠢᠰᠦᠯ᠎ᠤᠨ ᠣᠨᠣᠱᠢᠯᠠᠨ ᠡᠮᠨᠡᠬᠦ᠌ ᠲᠥᠰᠦᠯ (ᠲᠤᠷᠱᠢᠨ ᠬᠡᠷᠡᠭ᠌ᠵᠢᠭᠦᠯᠬᠦ᠌ ᠨᠠᠶ᠋ᠮᠠᠳᠤᠭᠠᠷ ᠬᠡᠪᠯᠡᠯ᠎ᠦᠨ ᠵᠠᠰᠠᠪᠤᠷᠢ ᠣᠷᠣᠭᠤᠯᠤᠭ᠍ᠰᠠᠨ ᠬᠡᠪᠯᠡᠯ ) 》 ᠳ᠋ᠠᠬᠢ ᠡᠮᠨᠡᠯᠭᠡ᠎ᠡᠴᠡ ᠭᠠᠷᠬᠤ ᠪᠠᠷᠢᠮᠵᠢᠶ᠎ᠠ᠎ᠳᠤ ᠨᠡᠢᠴᠡᠪᠠ᠃ 1 ᠰᠠᠷ᠎ᠠ᠎ᠶ᠋ᠢᠨ 7 ᠎ᠤ ᠡᠳᠦᠷ᠎ᠦᠨ 15 ᠴᠠᠭ 30 ᠮᠢᠨᠦ᠋ᠲ᠎ᠲᠦ᠂ ᠱᠢᠯᠵᠢᠭᠦᠯᠦᠨ ᠵᠥᠭᠡᠭᠡᠪᠦᠷᠢᠯᠡᠬᠦ᠌ ᠬᠣᠶᠠᠷ ᠲᠦᠷᠭᠡᠨ ᠠᠪᠤᠷᠠᠯᠳᠠ ᠎ᠶ᠋ᠢᠨ ᠲᠡᠷᠭᠡ 5 ᠡᠪᠡᠳᠴᠢᠲᠡᠨ᠎ᠢ ᠠᠴᠢᠵᠤ ᠰᠠᠭᠤᠯᠭᠠᠨ ᠮᠠᠨᠵᠤᠤᠷ ᠪᠣᠭᠣᠮᠲᠠ᠎ᠶ᠋ᠢᠨ ᠡᠮ ᠡᠮᠨᠡᠯᠭᠡ ᠎ᠶ᠋ᠢᠨ ᠠᠪᠤᠷᠠᠨ ᠵᠠᠰᠠᠬᠤ ᠡᠮᠨᠡᠯᠭᠡ᠎ᠶ᠋ᠢᠨ ᠬᠣᠷᠢᠶ᠎ᠠ᠎ᠠᠴᠠ ᠭᠠᠷᠪᠠ᠃


QQ截图20220108223331.jpg


ᠣᠢᠯᠠᠭᠠᠭ᠍ᠰᠠᠨ᠎ᠢᠶᠠᠷ᠂ 2021 ᠣᠨ᠎ᠤ 11 ᠰᠠᠷ᠎ᠠ᠎ᠶ᠋ᠢᠨ 27 ᠎ᠤ ᠡᠳᠦᠷ᠎ᠡᠴᠡ ᠡᠬᠢᠯᠡᠨ᠂ ᠮᠠᠨᠵᠤᠤᠷ ᠪᠣᠭᠣᠮᠲᠠ ᠎ᠶ᠋ᠢᠨ ᠡᠮ ᠡᠮᠨᠡᠯᠭᠡ ᠎ᠶ᠋ᠢᠨ ᠠᠪᠤᠷᠠᠨ ᠵᠠᠰᠠᠬᠤ ᠡᠮᠨᠡᠯᠭᠡ᠎ᠶ᠋ᠢᠨ ᠬᠣᠷᠢᠶ᠎ᠠ ᠨᠡᠢᠲᠡ 457 ᠡᠪᠡᠳᠴᠢᠲᠡᠨ᠎ᠢ ᠭᠥᠯᠢᠶᠡᠨ ᠠᠪᠴᠤ᠌ ᠡᠮᠨᠡᠨ ᠵᠠᠰᠠᠪᠠ ᠂ ᠡᠭᠦᠨ᠎ᠳᠦ ᠬᠠᠢᠯᠠᠷ ᠲᠣᠭᠣᠷᠢᠭ᠎ᠤᠨ ᠠᠷᠠᠳ᠎ᠤᠨ ᠡᠮᠨᠡᠯᠭᠡ᠎ᠶ᠋ᠢᠨ ᠬᠣᠷᠢᠶ᠎ᠠ ᠳ᠋ᠤ 195 ᠬᠥᠮᠦᠨ᠎ᠢ ᠱᠢᠯᠵᠢᠭᠦᠯᠦᠨ ᠬᠦᠷᠭᠡᠵᠦ᠍᠂ ᠮᠠᠨᠵᠤᠤᠷ ᠪᠣᠭᠣᠮᠲᠠ᠎ᠶ᠋ᠢᠨ ᠡᠮ ᠡᠮᠨᠡᠯᠭᠡ ᠎ᠶ᠋ᠢᠨ ᠠᠪᠤᠷᠠᠨ ᠵᠠᠰᠠᠬᠤ ᠡᠮᠨᠡᠯᠭᠡ᠎ᠶ᠋ᠢᠨ ᠬᠣᠷᠢᠶ᠎ᠠ᠎ᠳᠤ 262 ᠬᠥᠮᠦᠨ᠎ᠢ ᠠᠪᠤᠷᠠᠨ ᠵᠠᠰᠠᠵᠦ᠍᠂ 42 ᠡᠳᠦᠷ ᠬᠤᠨᠤᠬ ᠲᠡᠮᠡᠴᠡᠵᠦ᠍᠂ ᠲᠤᠳᠤᠯᠠᠬᠰᠠᠨ ᠡᠪᠡᠳᠴᠢᠨ᠎ᠤ ᠵᠢᠱ᠌ᠢᠶ᠎ᠡ ᠪᠦᠬᠦᠨ ᠵᠢᠨᠷ ᠵᠢᠨᠨ ᠡᠷᠡᠭᠦᠯᠵᠢᠵᠦ ᠡᠮᠨᠡᠯᠭᠡ ᠡᠴᠡ ᠭᠠᠷᠬᠤ ᠵᠢ ᠪᠡᠶᠡᠯᠡᠭᠦᠯᠪᠡ᠃

ᠮᠠᠨᠵᠤᠤᠷ ᠪᠣᠭᠣᠮᠲᠠ ᠎ᠶ᠋ᠢᠨ ᠡᠮ ᠡᠮᠨᠡᠯᠭᠡ ᠎ᠶ᠋ᠢᠨ ᠠᠪᠤᠷᠠᠨ ᠵᠠᠰᠠᠬᠤ ᠡᠮᠨᠡᠯᠭᠡ᠎ᠶ᠋ᠢᠨ ᠬᠣᠷᠢᠶᠠᠨ᠎ᠤ ᠳᠠᠷᠤᠭ᠎ᠠ ᠸᠠᠩ ᠭᠠᠩ᠄ 《ᠡᠨᠡᠬᠦ ᠦᠷ᠎ᠡ ᠳ᠋ᠦᠩ᠎ᠢ ᠤᠯᠤᠬᠰᠠᠨ ᠨᠢ ᠬᠢᠯᠪᠠᠷ ᠪᠤᠰᠤ ᠶᠤᠮ᠂ ᠪᠢᠳᠠ ᠤᠯᠠᠨ ᠲᠠᠯ᠎ᠠ᠎ᠶ᠋ᠢᠨ ᠬᠦᠴᠦᠨ ᠎ᠢ ᠲᠥᠪᠯᠡᠷᠡᠭᠦᠯᠦᠨ ᠡᠮ ᠡᠮᠨᠡᠯᠭᠡ᠎ᠶ᠋ᠢᠨ ᠠᠪᠤᠷᠠᠨ ᠵᠠᠰᠠᠬᠤ ᠠᠵᠢᠯ᠎ᠳᠤ ᠣᠷᠣᠯᠴᠠᠭᠤᠯᠬᠤ᠎ᠶ᠋ᠢᠨ ᠬᠠᠮᠲᠤ ᠬᠢᠲᠠᠳ ᠧᠦ᠋ᠷᠣᠫᠠ ᠡᠮᠨᠡᠯᠭᠡ᠎ᠶ᠋ᠢ ᠤᠶᠠᠯᠳᠤᠭᠤᠯᠤᠭ᠍ᠰᠠᠨ ᠡᠮᠴᠢᠯᠡᠭᠡ ᠬᠢᠵᠦ᠍᠂ ᠪᠤᠢ ᠪᠦᠬᠦᠢ ᠡᠪᠡᠳᠴᠢᠲᠡᠨ᠎ᠳᠦ ᠬᠠᠮᠤᠭ᠎ᠤᠨ ᠰᠠᠢ᠌ᠨ ᠡᠮᠴᠢᠯᠡᠭᠡ ᠬᠦᠷᠲᠡᠭᠡᠪᠡ᠃ 42 ᠡᠳᠦᠷ᠎ᠦᠨ ᠡᠮᠴᠢᠯᠡᠭᠡ᠎ᠳᠦ ᠡᠮᠴᠢ ᠰᠣᠪᠢᠯᠠᠭ᠍ᠴᠢᠳ᠎ᠤᠨ ᠬᠠᠯᠳᠠᠪᠤᠷᠢᠯᠠᠯ ᠥᠬᠡᠶ᠂ ᠡᠪᠡᠳᠴᠢᠲᠡᠨ᠎ᠦ ᠦᠬᠦᠯ ᠥᠬᠡᠶ᠂ ᠪᠦᠬᠦᠨ ᠵᠢᠨᠷ ᠵᠢᠨᠨ ᠡᠷᠡᠭᠦᠯᠵᠢᠬᠦ ᠵᠢ ᠪᠡᠶᠡᠯᠡᠭᠦᠯᠦᠭ᠌ᠰᠡᠨ ᠨᠢ ᠪᠢᠳᠡᠨ᠎ᠦ ᠬᠠᠮᠲᠤ᠎ᠶ᠋ᠢᠨ ᠴᠢᠷᠮᠠᠢᠯᠭ᠎ᠠ᠎ᠶ᠋ᠢᠨ ᠦᠷ᠎ᠡ ᠳ᠋ᠦᠩ ᠪᠣᠯᠤᠨ᠎ᠠ》ᠭᠡᠪᠡ᠃

ᠢᠷᠡᠯᠲᠡ ᠄ ᠲᠠᠯ᠎ᠠ ᠨᠤᠲᠤᠬ ᠰᠢᠯᠵᠢᠶ᠎ᠡ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号