ᠬᠦᠯᠤᠨ ᠨᠠᠭᠤᠷ — ᠬᠦᠯ ᠦᠬᠡᠢ ᠴᠡᠩᠬᠡᠷ ᠤᠰᠤᠨ᠂ ᠬᠦᠯᠤᠨ ᠪᠤᠢᠷ᠎ᠤᠨ ᠲᠠᠯ᠎ᠠ᠎ᠳᠤ ᠮᠡᠯᠮᠡᠷᠡᠭᠰᠡᠡ ᠤᠷᠳᠤ ᠵᠢᠨ ᠲᠠᠭᠤᠤ ᠵᠢᠨ ᠤᠶᠠᠩᠭ᠎ᠠ᠃ ᠪᠤᠬᠳᠠ ᠠᠭᠤᠯᠠ ᠵᠢᠨ ᠪᠠᠷ᠎ᠠ ᠲᠠᠢ ᠪᠤᠯᠬᠤᠷ ᠬᠦᠯᠤᠨ ᠨᠠᠭᠤᠷ ᠠᠳᠤᠭᠤᠨ᠎ᠤ ᠲᠠᠯ ᠰᠢᠭ ᠳᠤᠯᠬᠢᠶ᠎ᠠ ᠲᠠᠢ᠂ᠬᠡᠷᠤᠯᠤᠨ ᠤᠷᠱᠤᠨ ᠬᠠᠢᠯᠠᠷ ᠭᠤᠷᠪᠡᠨ ᠯᠤᠭᠰᠢᠭᠤᠨ ᠰᠤᠳᠠᠰᠤ ᠲᠠᠢ ᠪᠤᠯᠬᠤᠷ ᠪᠠᠷᠭᠤ ᠵᠢᠨ ᠠᠭᠤᠳᠠᠮ ᠲᠠᠯ᠎ᠠ ᠵᠢᠨ ᠠᠮᠢᠨ ᠵᠢᠷᠤᠬᠡᠨ᠎ᠤ ᠴᠤᠬᠢᠯᠠᠭ᠎ᠠ ᠲᠠᠢ᠃ ᠬᠤᠨ ᠲᠤᠲᠸᠮᠤᠨ ᠰᠢᠳᠤᠯᠬᠡ᠎ᠳᠤ ᠲᠡᠤᠬᠡ ᠵᠢᠨ ᠴᠡᠩᠬᠡᠷ ᠤᠯᠪᠠᠭ᠎ᠠ᠂ ᠬᠡᠤᠬᠡᠨ ᠳᠤᠮᠤᠭ᠎ᠤᠨ ᠤᠯᠠᠮᠵᠢᠯᠠᠯᠳᠤ ᠬᠠᠢᠷ᠎ᠠ ᠵᠢᠨ ᠠᠷᠢᠭᠤᠨ ᠰᠠᠬᠢᠭᠤᠰᠤ᠃
ᠬᠦᠮᠤᠨ᠂ ᠠᠯᠳᠠᠨ ᠰᠢᠷᠤᠢ ᠷᠠᠰᠢᠶᠠᠨ ᠤᠰᠤᠨ ᠡᠴᠨ ᠨᠢ ᠬᠦᠴᠤ ᠠᠪᠴᠤ ᠲᠦᠷᠦᠳᠡᠭ ᠪᠤᠯᠬᠤᠷ ᠪᠠᠢᠭᠠᠯᠢ ᠲᠡᠯᠡᠬᠡᠢ ᠲᠠᠢ ᠪᠡᠨ ᠬᠦᠢ ᠵᠢᠨ ᠬᠤᠯᠪᠤᠭ᠎ᠠ ᠲᠠᠢ᠃ ᠦᠨᠢ ᠡᠷᠳᠡᠨ ᠡᠴᠨ ᠬᠦᠯᠤᠨ ᠨᠠᠭᠤᠷ ᠬᠦᠯᠤᠨ ᠪᠤᠢᠷ᠎ᠤᠨ ᠲᠠᠯ᠎ᠠ ᠨᠤᠳᠤᠭ᠎ᠢ ᠤᠮᠳᠠᠯᠠᠨ ᠦᠩ ᠰᠢᠮᠡᠵᠢᠬᠦᠯᠵᠤ᠂ ᠡᠨᠡ ᠬᠦ᠌ ᠤᠩᠭᠤᠨ ᠲᠠᠷᠬᠠᠨ ᠪᠠᠢᠭᠠᠯᠢ᠎ᠳᠤ ᠤᠮᠠᠷᠠᠳᠤ ᠵᠢᠨ ᠤᠯᠠᠨ ᠤᠯᠠᠨ ᠦᠨᠳᠤᠰᠤᠳᠠᠨ ᠦᠰᠴᠤ ᠳᠤᠷᠨᠢᠨ᠂ ᠬᠦᠭᠵᠢᠨ ᠴᠡᠴᠡᠭᠯᠡᠵᠤ᠂ ᠳᠤᠮᠳᠠᠳᠤ ᠵᠢᠨ ᠦᠨᠳᠤᠰᠤᠳᠠᠨ᠎ᠤ ᠪᠤᠯᠪᠠᠰᠤᠨ ᠰᠤᠶᠤᠯ᠎ᠤᠨ ᠨᠢᠬᠡᠨ ᠲᠠᠯᠠᠰᠳᠤ ᠵᠢ ᠪᠦᠳᠤᠬᠡᠭᠰᠡᠡ ᠶᠤᠮ᠃ ᠡᡁᠦ᠋ᠩᠨᠤ᠂ ᠳ᠋ᠦᠩᠬᠤ᠂ ᠰᠢᠶᠠᠨᠪᠢ ᠁ᠵᠢᠨ ᠡᠷᠳᠡᠨ᠎ᠤ ᠲᠡᠤᠬᠡ ᠵᠢ ᠨᠢ ᠬᠠᠭᠤᠴᠢᠯᠠᠬᠤ ᠤᠤ? ᠡᠸᠡᠩᠬᠢ᠂ᠪᠠᠷᠭᠤ᠂ ᠪᠤᠷᠢᠶᠠᠳ᠂ ᠤᠷᠴᠤᠨᠤ ᠬᠦᠭᠵᠢᠯᠳᠠ ᠵᠢᠨ ᠦᠯᠢᠬᠡᠷ᠎ᠢ ᠶᠠᠷᠢᠬᠤ ᠤᠤ? ᠬᠠᠷᠬᠢᠰ ᠲᠦᠷᠢᠮᠡᠬᠡᠢᠴᠤᠳᠤᠨ ᠰᠦᠰᠤ ᠵᠢ ᠨᠢ ᠬᠡᠮᠬᠡᠯᠡᠭᠰᠡᠡ ᠨᠤᠮ᠎ᠤᠨ ᠬᠠᠨ᠎ᠤ ᠲᠡᠢᠨ ᠡᠴᠨ ᠬᠦᠤᠷᠨᠢᠬᠦ ᠤᠤ? ᠬᠠᠢᠯᠠᠷ ᠬᠤᠳᠠ᠂ ᠮᠠᠨᠵᠤᠤᠷ ᠪᠤᠭᠤᠮᠳᠠ᠂ ᠵᠠᠯᠠᠢᠨᠠᠭᠤᠷ᠂ ᠡᠷᠬᠦᠨ᠎ᠠ ᠬᠦᠷᠳᠡᠯ᠎ᠠ ᠰᠢᠨ᠎ᠠ ᠡᠷᠢᠨ᠎ᠤ ᠰᠢᠵᠢᠷ ᠬᠢᠯᠪᠠᠭ᠎ᠠ ᠵᠢ ᠨᠢ ᠳᠤᠭᠠᠴᠢᠬᠤ ᠤᠤ?
ᠬᠦᠯᠤᠨ ᠨᠠᠭᠤᠷ — ᠬᠦᠮᠤᠨ ᠶᠠᠰᠤᠨ᠎ᠤ ᠤᠷᠤᠰᠢᠯ ᠤᠷᠴᠢᠯ᠎ᠤᠨ ᠲᠦᠮᠡᠨ ᠦᠶ᠎ᠠ ᠵᠢᠨ ᠱᠠᠰᠳᠢᠷ ᠪᠦᠯᠦᠬᠡ᠃

ᠲᠤᠮᠤᠭ᠎ᠤᠨ ᠭᠡᠦᠭᠡᠨ— ᠬᠦᠯᠦᠨ ᠨᠠᠭᠤᠷ
ᠪᠠᠷᠭᠤ ᠵᠢᠨ ᠲᠠᠯ᠎ᠠ ᠵᠢᠨ ᠠᠭᠤᠳᠠᠮ ᠦᠷᠦᠴᠡᠨ᠎ᠳᠤ ᠪᠠᠯᠠᠷᠠᠰᠢ ᠦᠭᠡᠢ᠂ ᠲᠤᠨᠳᠠᠷᠠᠰᠢ ᠦᠭᠡᠢ ᠬᠦᠯᠦᠨ ᠨᠠᠭᠤᠷ ᠴᠡᠩᠭᠡᠷᠯᠡᠳᠡᠭ᠃ ᠬᠦᠯᠤᠨ ᠨᠠᠭᠤᠷ ᠪᠤᠯ ᠦᠪᠤᠷ ᠮᠤᠩᠭᠤᠯ᠎ᠤᠨ ᠬᠠᠮᠤᠭ ᠶᠡᠬᠡ ᠨᠠᠭᠤᠷ᠂ ᠮᠠᠨ᠎ᠤ ᠤᠯᠤᠰ᠎ᠤᠨ ᠲᠠᠪᠤᠳᠤᠭᠠᠷ ᠶᠡᠬᠡ ᠨᠠᠭᠤᠷ᠂ ᠲᠦᠷᠪᠡᠳᠤᠬᠡᠷ ᠶᠡᠬᠡ ᠴᠡᠩᠭᠡᠭ ᠨᠠᠭᠤᠷ ᠪᠤᠯᠤᠨ᠎ᠠ᠃ ᠬᠦᠯᠦᠨ ᠨᠠᠭᠤᠷ᠎ᠢ 《ᠬᠦᠯᠤᠨ ᠨᠠᠭᠤᠷ》 ᠭᠡᠳᠡᠭ ᠪᠠᠢᠯ᠎ᠠ᠃ ᠬᠦᠯ ᠦᠭᠡᠢ ᠬᠦᠨ ᠲᠠᠯᠠᠢ ᠬᠡᠮᠡᠨ《 ᠬᠦᠯᠦᠨ ᠳᠠᠯᠠᠢ 》᠂ 《ᠲᠠᠯᠠᠢ ᠨᠠᠭᠤᠷ》 ᠭᠡᠵᠦ ᠲᠠᠭᠤᠳᠠᠳᠠᠭ᠃
ᠬᠦᠯᠦᠨ ᠨᠠᠭᠤᠷ᠎ᠤᠨ ᠲᠤᠬᠠᠢ ᠤᠯᠠᠨ ᠤᠯᠠᠨ ᠦᠯᠢᠭᠡᠷ ᠲᠤᠮᠤᠭ ᠪᠠᠢᠳᠠᠭ᠃ ᠡᠷᠳᠡ ᠤᠷᠢᠳᠤ ᠵᠢᠨ ᠴᠠᠭ ᠲᠦ᠍ ᠬᠦᠯᠦᠨ ᠬᠡᠦᠭᠡᠨ ᠪᠤᠢᠷ ᠵᠠᠯᠠᠭᠤ ᠬᠤᠶᠠᠭᠤᠯᠠ ᠪᠠᠷᠭᠤ ᠵᠢᠨ ᠰᠠᠢᠬᠠᠨ ᠲᠠᠯ᠎ᠠ᠎ᠳᠠᠭᠠᠨ ᠬᠠᠢᠷ᠎ᠠ ᠰᠡᠳᠬᠢᠯ ᠵᠢᠡᠨ ᠬᠤᠯᠪᠤᠵᠦ ᠠᠵᠦ ᠲᠦᠷᠦᠨ ᠠᠮᠢᠳᠤᠷᠠᠵᠦ ᠪᠠᠢᠵᠠᠢ᠃ ᠡᠭᠦᠨ᠎ᠢ ᠬᠠᠷᠠᠭᠰᠠᠨ ᠠᠷᠵᠠᠭ ᠬᠠᠷ᠎ᠠ ᠮᠠᠩᠭᠤᠰ ᠲᠠᠯ᠎ᠠ ᠨᠤᠲᠤᠭ᠎ᠤᠨ ᠲᠠᠢᠪᠤᠩ ᠠᠮᠤᠭᠤᠯᠠᠩ᠎ᠢ ᠡᠪᠳᠡᠨ᠂ ᠮᠤᠷᠤᠯᠵᠠᠨ ᠤᠷᠤᠰᠤᠭᠰᠠᠨ ᠭᠤᠤᠯ᠎ᠤᠨ ᠬᠡᠪᠡᠯᠢ ᠵᠢ ᠨᠢ ᠬᠠᠳᠠᠳᠠᠯ᠎ᠠ ᠰᠤᠷᠤᠵᠦ᠂ ᠴᠡᠩᠭᠡᠷᠯᠡᠨ ᠲᠤᠯᠬᠢᠶᠠᠯᠠᠬᠤ ᠨᠠᠭᠤᠷ᠎ᠤᠨ ᠤᠰᠤ ᠵᠢ ᠬᠤᠭᠤᠰᠤᠷᠠᠳᠠᠯ᠎ᠠ ᠤᠤᠭᠤᠭᠠᠳ᠂ ᠲᠠᠪᠤᠨ ᠬᠤᠰᠢᠭᠤ ᠮᠠᠯ᠎ᠢ ᠨᠢ ᠤᠤᠯᠭᠠᠯᠠᠨ ᠠᠪᠠᠴᠢᠵᠠᠢ᠃ ᠲᠠᠯ᠎ᠠ ᠨᠤᠲᠤᠭ ᠵᠢᠡᠨ ᠭᠠᠰᠠᠯᠠᠩ ᠵᠤᠪᠠᠯᠠᠩ ᠡᠴᠡ ᠵᠠᠢᠯᠠᠭᠤᠯᠬᠤ ᠪᠠᠷ ᠪᠤᠢᠷ ᠬᠦᠯᠦᠨ ᠠᠷᠵᠠᠬ ᠬᠠᠷ᠎ᠠ ᠮᠠᠩᠭᠤᠰ ᠲᠠᠢ ᠠᠰ ᠲᠤᠯᠤᠨ ᠲᠡᠮᠡᠴᠡᠯᠡ᠃ᠤᠯᠠᠨ ᠡᠳᠦᠷ ᠬᠤᠨᠤᠭ ᠴᠤᠴᠠᠰᠢ ᠦᠭᠡᠢ ᠲᠡᠮᠡᠴᠡᠭᠡᠳ ᠠᠷᠵᠠᠭ ᠬᠠᠷ᠎ᠠ ᠮᠠᠩᠭᠤᠰᠢ ᠲᠠᠷᠤᠭᠰᠠᠨ ᠪᠤᠢᠷ ᠬᠦᠯᠦᠨ ᠬᠤᠶᠠᠷ ᠵᠠᠯᠠᠭᠤ᠂ ᠠᠭᠤᠳᠠᠮ ᠲᠠᠯ᠎ᠠ ᠪᠠᠨ ᠦᠨᠢ ᠡᠭᠦᠷᠢᠳᠡ ᠤᠮᠳᠠᠯᠠᠬᠤ ᠪᠠᠷ ᠬᠤᠶᠠᠷ ᠭᠡᠰᠡᠭ ᠨᠠᠭᠤᠷ ᠪᠤᠯᠤᠨ ᠬᠤᠪᠢᠯᠵᠠᠢ᠃ ᠬᠤᠶᠠᠷ ᠵᠠᠯᠠᠭᠤ ᠵᠢᠨ ᠨᠤᠲᠤᠭ ᠤᠰᠤ ᠪᠠᠨ ᠬᠠᠮᠠᠭᠠᠯᠠᠬᠰᠠᠨ ᠭᠠᠪᠢᠶ᠎ᠠ ᠵᠢᠳᠬᠦᠯ᠎ᠢ ᠲᠡᠮᠳᠡᠭᠯᠡᠬᠦ ᠪᠡᠷ ᠬᠤᠵᠢᠮ᠎ᠤᠨ ᠬᠦᠮᠦᠰ ᠬᠤᠶᠠᠷ ᠨᠠᠭᠤᠷ ᠲᠠᠭᠠᠨ ᠪᠤᠢᠷ ᠪᠠ ᠬᠦᠯᠦᠨ ᠭᠡᠰᠡᠨ ᠨᠡᠷ᠎ᠡ ᠬᠠᠢᠷᠠᠯᠠᠭᠰᠠᠨ ᠭᠡᠨ᠎ᠡ᠃ ᠪᠤᠢᠷ ᠬᠦᠯᠦᠨ ᠪᠠᠷᠭᠤ ᠵᠢᠨ ᠲᠠᠯ᠎ᠠ᠎ᠳᠤ ᠮᠡᠯᠮᠡᠷᠡᠭᠰᠡᠨ ᠡᠴᠡ ᠬᠤᠢᠰᠢ ᠲᠠᠯ᠎ᠠ ᠨᠤᠲᠤᠭ ᠡᠩᠬᠡᠵᠢᠨ ᠲᠦᠯᠵᠢᠭᠡᠳ᠂ ᠭᠤᠤᠯ ᠭᠤᠷᠤᠬ᠎ᠠ ᠤᠷᠤᠰ᠎ᠤᠨ᠂ ᠬᠦᠮᠦᠨ ᠠᠮᠢᠳᠠᠨ ᠠᠵᠠ ᠵᠢᠷᠭᠠᠯ ᠲᠠᠢ ᠤᠷᠤᠰᠢᠨ ᠠᠮᠢᠳᠤᠷᠠᠬᠤ ᠪᠤᠯᠤᠭᠰᠠᠨ ᠭᠡᠳᠡᠭ᠃
ᠦᠨᠢ ᠡᠷᠳᠡᠨ᠎ᠤ ᠲᠤᠮᠤᠭ ᠦᠨᠡᠨ᠎ᠤ ᠭᠡᠷᠡᠴᠢ ᠪᠠᠢᠬᠤ ᠦᠭᠡᠢ ᠴᠦ᠍᠂ ᠡᠬᠡ ᠨᠤᠲᠤᠭ ᠵᠢᠡᠨ ᠦᠶ᠎ᠡ ᠵᠢᠨ ᠦᠶ᠎ᠡ ᠬᠠᠮᠠᠭᠠᠯᠠᠬᠤ ᠵᠢᠨ ᠲᠦᠯᠦᠭᠡ ᠡᠷᠡᠯᠬᠡᠭᠯᠡᠨ ᠲᠡᠮᠡᠴᠡᠭᠰᠡᠨ ᠦᠨᠡᠨ ᠤᠴᠢᠷ ᠴᠦᠭᠡᠨ ᠪᠤᠰᠤ᠃ ᠡᠨᠡ ᠪᠤᠯ ᠬᠦᠯᠦᠨ ᠨᠠᠭᠤᠷ ᠬᠦᠯᠦᠨ ᠪᠤᠢᠷ᠎ᠤᠨ ᠲᠠᠯ᠎ᠠ᠎ᠳᠠᠭᠠᠨ ᠰᠢᠷᠬᠢᠰᠢ ᠦᠭᠡᠢ ᠴᠡᠩᠭᠡᠷᠯᠡᠨ ᠪᠠᠢᠳᠠᠬ᠎ᠤᠨ ᠤᠴᠢᠷ᠃
ᠲᠡᠯᠡᠬᠡᠢ ᠵᠢᠨ ᠨᠢᠳᠤᠨ — ᠬᠦᠯᠦᠨ ᠨᠠᠭᠤᠷ
ᠮᠠᠨ᠎ᠤ ᠤᠯᠤᠰ᠎ᠤᠨ ᠲᠡᠦᠬᠡᠨ ᠰᠤᠷᠪᠤᠯᠵᠢᠰ᠎ᠲᠦ ᠬᠦᠯᠤᠨ ᠨᠠᠭᠤᠷ᠎ᠤᠨ ᠳᠤᠬᠠᠢ ᠲᠡᠮᠳᠡᠭᠯᠡᠯ ᠴᠦᠬᠡᠨ ᠪᠤᠰᠤ ᠪᠤᠢ᠃ ᠳᠤᠬᠠᠢᠯᠠᠪᠠᠯ《ᠠᠭᠤᠯᠠ ᠤᠰᠤᠨ᠎ᠤ ᠲᠡᠮᠳᠡᠭᠯᠡᠯ》᠎ᠳ᠋ᠤ᠌ 《ᠶᠡᠬᠡ ᠨᠠᠭᠤᠷ᠎ᠤᠨ ᠵᠡᠬᠦᠨ᠎ᠠ ᠳ᠋ᠦᠩᠬᠤ ᠤᠷᠤᠰᠢᠮᠤᠢ》 ᠭᠡᠮᠡᠬᠦ ᠲᠡᠮᠳᠡᠭᠯᠡᠯ ᠲᠠᠢ᠂ ᠡᠨᠡ ᠬᠦ᠌ ᠶᠡᠬᠡ ᠨᠠᠭᠤᠷ ᠨᠢ ᠲᠠᠷᠤᠢ ᠦᠨᠤᠳᠤᠷ᠎ᠤᠨ ᠬᠦᠯᠤᠨ ᠨᠠᠭᠤᠷ᠎ᠢ ᠵᠢᠭᠠᠵᠤ᠂ ᠳ᠋ᠦᠩᠬᠤ ᠠᠢᠮᠠᠭ ᠬᠦᠯᠤᠨ ᠨᠠᠭᠤᠷ᠎ᠤᠨ ᠵᠡᠬᠦᠨᠲᠠᠯᠠ ᠪᠡᠷ ᠤᠷᠤᠰᠢᠨ ᠠᠮᠢᠳᠤᠷᠠᠳᠠᠭ ᠬᠡᠰᠡᠨ ᠤᠳᠬ᠎ᠠ ᠲᠠᠢ᠃ ᠨᠡᠢᠲᠡ᠎ᠶ᠋ᠢᠨ ᠣᠨ ᠲᠣᠭᠠᠯᠠᠯ᠎ᠤᠨ 554 ᠣᠨ᠎ᠳᠤ᠂ ᠤᠮᠠᠷᠠᠲᠤ ᠸᠸᠢ ᠤᠯᠤᠰ᠎ᠤᠨ ᠦᠶ᠎ᠡ᠎ᠳᠦ ᠵᠤᠬᠢᠶᠠᠭᠳᠠᠭᠰᠠᠠ《ᠸᠧᠶ ᠤᠯᠤᠰ᠎ᠤᠨ ᠪᠢᠴᠢᠭ》᠎ᠲᠤ᠌《ᠳᠤᠪᠡ ᠰᠢᠶᠠᠨᠪᠢ ᠵᠢᠨ ᠲᠦᠢ ᠶᠢᠨ ᠬᠠᠭᠠᠨ᠎ᠤ ᠦᠶ᠎ᠠ᠎ᠳᠤ ᠳᠤᠪᠠ ᠰᠢᠶᠠᠨᠪᠢ ᠡᠮᠤᠨᠡᠰᠢ ᠶᠡᠬᠡ ᠨᠠᠭᠤᠷ ᠲᠤ᠌ ᠨᠡᠬᠦᠳᠡᠯᠯᠡᠪᠡ᠂ ᠶᠡᠬᠡ ᠨᠠᠭᠤᠷ᠎ᠤᠨ ᠡᠷᠬᠢᠨ ᠳᠤᠭᠤᠷᠢᠨ ᠮᠢᠩᠭᠠᠨ ᠭᠠᠵᠡᠷ ᠨᠠᠮ ᠳᠤᠤᠷ᠎ᠠ ᠨᠠᠮᠤᠭ ᠭᠠᠵᠡᠷ ᠦᠷᠬᠦᠯᠵᠢᠯᠠᠨ᠎ᠠ᠃ ᠵᠠᠯᠭᠠᠭᠠᠳ ᠡᠮᠤᠨᠡᠰᠢ ᠨᠡᠬᠦᠳᠡᠯᠯᠡᠬᠦ ᠪᠡᠷ ᠲᠦᠯᠦᠪᠯᠡᠵᠤ ᠠᠬᠤᠯ᠎ᠠ ᠨᠠᠰᠤᠨ ᠡᠴᠤᠰᠯᠠᠪᠡᠢ》ᠭᠡᠰᠡᠨ ᠲᠡᠮᠳᠡᠭ᠌ᠯᠡᠯᠪᠤᠢ᠃ ᠡᠭᠦᠨ ᠡᠴᠡ ᠲᠤᠬᠠᠶ᠎ᠶ᠋ᠢᠨ ᠦᠶ᠎ᠡ᠎ᠶ᠋ᠢᠨ ᠬᠥᠯᠥᠨ ᠨᠠᠭᠤᠷ᠎ᠤᠨ ᠲᠠᠯᠠᠪᠠᠶ ᠮᠠᠰᠢ ᠶᠡᠬᠡ ᠪᠠᠢᠵᠤ᠂ ᠡᠷᠬᠢᠨ ᠳᠤᠭᠤᠷᠢᠨ ᠪᠦᠷ ᠨᠤᠭᠤᠭᠠᠵᠡᠷ ᠪᠠᠢᠭ᠍ᠰᠠᠨ᠎ᠢ ᠮᠡᠳᠡᠵᠦ᠍ ᠪᠣᠯᠤᠨ᠎ᠠ᠃ ᠳᠡᠯᠡᠬᠡᠶ᠎ᠶ᠋ᠢᠨ ᠴᠠᠷᠴᠠᠳᠠᠰᠤᠨᠤ ᠬᠦᠳᠡᠯᠬᠡᠬᠡᠨ᠎ᠠᠴᠠ ᠪᠤᠯᠵᠦ᠂ 1750 ᠣᠨ᠎ᠤ ᠦᠶ᠎ᠡ ᠪᠡᠷ ᠬᠥᠯᠥᠨ ᠨᠠᠭᠤᠷ᠎ᠤᠨ ᠤᠰᠤ᠎ᠨᠢ ᠭᠠᠳᠠᠭ᠍ᠰᠢ ᠤᠷᠤᠰᠭᠤ ᠪᠠᠨ ᠪᠤᠯᠢᠵᠤ᠂ ᠳᠣᠲᠣᠭᠠᠳᠤ ᠡᠬᠡ ᠬᠠᠭᠤᠷᠠᠶ ᠶ᠋ᠢᠨ ᠨᠠᠭᠤᠷ ᠪᠤᠯᠤᠨ ᠪᠦᠷᠢᠯᠳᠦᠵᠠᠢ᠃
ᠬᠦᠯᠤᠨ ᠨᠠᠭᠤᠷ ᠵᠡᠬᠦᠨ ᠬᠤᠢᠨ᠎ᠠ ᠡᠴᠨ ᠪᠠᠷᠠᠭᠤᠨ ᠡᠮᠤᠨᠡᠰᠢ ᠪᠡᠨ ᠵᠢᠰᠢᠬᠦᠯᠵᠢᠨ ᠬᠡᠯᠪᠡᠷᠢ ᠪᠡᠷ ᠤᠷᠤᠰᠢᠵᠤ᠂ᠡᠮᠤᠨ᠎ᠠ ᠡᠴᠨ ᠨᠢ ᠤᠷᠱᠤᠨ ᠭᠤᠤᠯ᠂ ᠪᠠᠷᠠᠭᠤᠨ ᠬᠤᠢᠨ᠎ᠠ ᠡᠴᠨ ᠨᠢ ᠬᠡᠷᠤᠯᠤᠨ ᠭᠤᠤᠯ᠂ ᠵᠡᠬᠦᠨ ᠡᠴᠨ ᠨᠢ ᠬᠠᠢᠯᠠᠷ ᠭᠤᠤᠯ ᠢᠷᠡᠵᠤ ᠴᠢᠳᠬᠤᠳᠠᠭ ᠭᠤᠷᠪᠡᠨ ᠭᠤᠤᠯ᠎ᠤᠨ ᠴᠢᠳᠬᠤᠯᠠᠩ ᠡᠴᠡ ᠪᠦᠷᠢᠯᠳᠦᠭᠰᠡᠨ ᠶᠤᠮ᠃
《ᠡᠷᠳᠡ ᠦᠶ᠎ᠠ ᠵᠢᠨ ᠬᠡᠷᠤᠯᠤᠨ ᠭᠤᠤᠯ ᠠᠯᠳᠡᠠᠠᠮᠡᠬᠡᠯ ᠠᠭᠤᠯᠠ ᠵᠢᠨ ᠡᠩᠬᠡᠷ ᠡᠴᠨ ᠬᠤᠶᠠᠷ ᠰᠠᠯᠠᠭᠠᠯᠠᠵᠤ᠂ᠬᠤᠢᠳᠤ ᠲᠠᠯ᠎ᠠ ᠵᠢᠨ ᠰᠠᠯᠠᠭ᠎ᠠ ᠬᠡᠷᠤᠯᠤᠨ ᠭᠤᠤᠯ ᠵᠡᠬᠦᠨᠰᠢ ᠤᠷᠤᠰᠤᠭᠠᠳ ᠬᠦᠨᠤ ᠰᠢᠨ᠎ᠠ ᠬᠡᠳᠡᠭ ᠭᠠᠵᠡᠷ ᠵᠢᠡᠷ ᠬᠦᠯᠤᠨ ᠨᠠᠭᠤᠷ ᠤ᠋ᠨ ᠪᠠᠷᠠᠭᠤᠨ ᠡᠮᠦᠨ᠎ᠡ ᠡᠴᠨ ᠴᠢᠳᠬᠤᠳᠠᠭ᠂ ᠡᠮᠤᠨ᠎ᠠ ᠰᠠᠯᠠᠭ᠎ᠠ ᠦᠷᠬᠡᠨ ᠭᠠᠷᠠᠮ᠎ᠤᠨ ᠭᠤᠤᠯ ᠵᠡᠬᠦᠨ ᠡᠮᠤᠨᠡᠰᠢ ᠪᠡᠨ ᠤᠷᠤᠰᠴᠤ ᠦᠵᠤᠬᠦᠷ ᠤᠰᠤᠨ᠎ᠳᠤ ᠴᠢᠳᠬᠤᠳᠠᠭ᠂ ᠦᠵᠤᠬᠦᠷ ᠤᠰᠤᠨ ᠡᠴᠨ ᠪᠠᠯᠵᠤᠨ᠎ᠠ ᠭᠤᠤᠯ ᠵᠡᠬᠦᠨ ᠬᠤᠢᠰᠢ ᠤᠷᠤᠰ᠎ᠤᠨ ᠬᠦᠯᠤᠨ ᠨᠠᠭᠤᠷ᠎ᠤᠨ ᠡᠮᠤᠨ᠎ᠠ ᠡᠴᠨ ᠴᠢᠳᠬᠤᠳᠠᠭ ᠪᠠᠢᠵᠠᠢ᠂ ᠪᠤᠢᠷ ᠨᠠᠭᠤᠷ ᠡᠴᠨ ᠡᠬᠢ ᠠᠪᠤᠭᠰᠠᠠ ᠤᠷᠱᠤᠨ ᠭᠤᠤᠯ ᠬᠤᠢᠰᠢ ᠤᠷᠤᠰᠴᠤ ᠬᠦᠯᠤᠨ ᠨᠠᠭᠤᠷ᠎ᠤᠨ ᠵᠡᠬᠦᠨ ᠡᠮᠤᠨ᠎ᠠ ᠡᠴᠨ ᠴᠢᠳᠬᠤᠳᠠᠭ᠂ ᠮᠦᠨ ᠬᠦᠯᠤᠨ ᠨᠠᠭᠤᠷ᠎ᠤᠨ ᠵᠡᠬᠦᠨ ᠬᠤᠢᠨ᠎ᠠ ᠡᠴᠨ ᠲᠠᠯᠠᠨ ᠤᠯᠤᠮ ᠭᠤᠤᠯ ᠬᠦᠯᠤᠨ ᠨᠠᠭᠤᠷ ᠲᠤ᠌ ᠤᠷᠤᠰ᠎ᠤᠨ ᠤᠷᠤᠳᠠᠭ᠃ ᠡᠨᠡ ᠲᠦᠷᠪᠡᠨ ᠭᠤᠤᠯ ᠨᠢ ᠬᠦᠯᠤᠨ ᠨᠠᠭᠤᠷ᠎ᠤᠨ ᠤᠰᠤᠨ ᠰᠠᠩ᠎ᠤᠨ ᠡᠬᠢ ᠰᠤᠷᠪᠤᠯᠵᠢ ᠪᠤᠯᠵᠤ ᠪᠠᠢᠵᠠᠢ᠃ ᠬᠠᠷᠢᠨ ᠬᠦᠯᠤᠨ ᠨᠠᠭᠤᠷ ᠦᠶᠡᠷᠯᠡᠪᠡᠯ ᠲᠠᠯᠠᠨ ᠤᠯᠤᠮ ᠭᠤᠤᠯ ᠨᠢ ᠡᠷᠬᠢᠬᠡᠳ ᠪᠤᠴᠠᠨ ᠤᠷᠤᠰᠴᠤ ᠬᠠᠢᠯᠠᠷ ᠭᠤᠤᠯ᠎ᠳᠤ ᠴᠢᠳᠬᠤᠳᠠᠭ ᠪᠠᠢᠵᠠᠢ》ᠬᠡᠵᠤ ᠰᠢᠨ᠎ᠠ ᠪᠠᠷᠭᠤ ᠪᠠᠷᠠᠭᠤᠨ ᠬᠤᠰᠢᠭᠤᠨ᠎ᠤ ᠪᠠᠷᠭᠤ ᠰᠤᠳᠤᠯᠭᠠᠨ᠎ᠤ ᠨᠡᠢᠬᠡᠮᠯᠢᠭ᠎ᠤᠨ ᠲᠠᠷᠤᠭ᠎ᠠ ᠪᠠᠽᠠᠷᠳᠢᠪᠢ ᠲᠠᠨᠢᠯᠴᠠᠭᠤᠯᠪᠠ᠃
《ᠪᠠᠯᠵᠤᠨ᠎ᠠ ᠭᠤᠤᠯ᠎ᠤᠨ ᠰᠢᠪᠡᠷ ᠱᠠᠯᠴᠢᠬ ᠲᠠᠢ ᠤᠰᠤ ᠵᠢ ᠤᠤᠭᠤᠵᠤ᠂ ᠠᠷᠪᠠᠨ ᠭᠤᠷᠪᠡᠨ ᠬᠦᠷᠢᠶᠠᠨ᠎ᠤ ᠴᠡᠷᠢᠭ ᠲᠠᠩᠭᠠᠷᠢᠭᠯᠠᠵᠤ ᠪᠠᠢᠬᠰᠠᠠ》᠂《ᠲᠡᠮᠡᠬᠡ ᠤᠨᠤᠭᠰᠠᠠ ᠰᠠᠷᠳᠠᠭᠤᠯ ᠢᠷᠬᠡᠨ ᠪᠠᠯᠵᠤᠨ᠎ᠠ ᠭᠤᠤᠯ᠎ᠳᠤ ᠮᠢᠩᠭᠠᠨ ᠢᠷᠬᠡ ᠪᠡᠨ ᠲᠠᠭᠤᠵᠤ ᠤᠰᠤᠯᠠᠵᠤ ᠪᠠᠢᠬᠤ᠎ᠳᠤ ᠴᠢᠩᠬᠢᠰ ᠬᠠᠭᠠᠨ ᠲᠠᠢ ᠠᠭᠤᠯᠵᠠᠯ᠎ᠠ》ᠬᠡᠵᠤ ᠮᠤᠩᠭᠤᠯ᠎ᠤᠨ ᠨᠢᠭᠤᠴᠠ ᠳᠤᠪᠴᠢᠶᠠᠨ᠎ᠳᠤ ᠲᠡᠮᠳᠡᠭᠯᠡᠬᠰᠡᠡ ᠪᠠᠢᠳᠠᠭ᠃ ᠡᠬᠦᠨ ᠡᠴᠨ ᠦᠵᠡᠪᠡᠯ᠂ 13 ᠳ᠋ᠤᠭᠠᠷ ᠵᠠᠭᠤᠨ᠎ᠤ ᠦᠶ᠎ᠠ᠎ᠳᠤ ᠬᠦᠯᠤᠨ ᠨᠠᠭᠤᠷ ᠶᠡᠬᠡ ᠨᠠᠷᠢᠬᠠᠨ ᠪᠠᠢᠵᠤ᠂ ᠤᠳᠤ ᠵᠢᠨ ᠬᠢ ᠡᠴᠨ ᠬᠤᠯᠠ ᠪᠠᠭ᠎ᠠ ᠪᠠᠢᠵᠠᠢ ᠬᠡᠵᠤ ᠪᠠᠽᠠᠷᠳᠢᠪᠢ ᠨᠠᠰᠤᠳᠠᠨ ᠬᠦᠯᠦᠨ ᠨᠠᠭᠤᠷ᠎ᠤᠨ ᠲᠤᠬᠠᠢ ᠢᠩᠬᠢᠵᠦ ᠬᠠᠭᠤᠴᠢᠯᠠᠯ᠎ᠠ᠃
ᠬᠦᠯᠤᠨ ᠨᠠᠭᠤᠷ᠎ᠤᠨ ᠤᠰᠤ ᠨᠢ ᠳᠤᠮᠳᠠᠴᠢ ᠪᠡᠷ 130 ᠳ᠋ᠦᠩᠰᠢᠭᠤᠷ ᠪᠤᠰᠤᠭ᠎ᠠ ᠲᠦᠷᠪᠡᠯᠵᠢᠨ ᠮᠸᠲᠷ ᠪᠠᠢᠵᠤ᠂ ᠬᠠᠮᠤᠭ᠎ᠤᠨ ᠶᠡᠬᠡᠳ᠋ᠡᠬᠡᠨ 131 ᠳ᠋ᠦᠩᠰᠢᠭᠤᠷ ᠪᠤᠰᠤᠭ᠎ᠠ ᠲᠦᠷᠪᠡᠯᠵᠢᠨ ᠮᠸᠲᠷ ᠲᠤ᠌ ᠬᠦᠷᠴᠦ ᠪᠠᠢᠬᠰᠠᠠ ᠬᠡᠳᠡᠭ ᠃ ᠭᠠᠵᠡᠷ ᠰᠢᠨᠵᠢᠯᠡᠬᠡᠨ᠎ᠤ ᠲᠠᠯ᠎ᠠ ᠪᠡᠷ᠂ ᠵᠠᠭᠤᠭᠠᠳ ᠵᠢᠯ᠎ᠤᠨ ᠬᠤᠭᠤᠷᠤᠨᠳᠤ ᠤᠰᠤᠨ᠎ᠤ ᠲᠠᠯᠠᠪᠠᠢ ᠨᠢ ᠬᠤᠷᠢᠨ ᠲᠠᠪᠤᠨ᠎ᠤ ᠨᠢᠬᠡ ᠬᠤᠪᠢ ᠪᠡᠷ ᠵᠦᠷᠢᠶ᠎ᠠ ᠭᠠᠷᠴᠤ ᠪᠠᠢᠬᠤ ᠨᠢ ᠬᠦᠯᠤᠨ ᠨᠠᠭᠤᠷ ᠲᠡᠤᠬᠡᠨ ᠲᠡᠬᠡᠷ᠎ᠠ ᠲᠡᠯᠡᠵᠤ ᠲᠠᠳᠠᠷᠠᠵᠤ᠂ ᠶᠡᠬᠡᠰᠴᠤ ᠪᠠᠭᠠᠰᠴᠤ ᠪᠠᠢᠬᠰᠠᠠᠢ ᠬᠡᠷᠡᠴᠢᠯᠡᠵᠤ ᠪᠠᠢᠬᠤ ᠪᠡᠷ ᠪᠠᠷᠠᠬᠤ ᠦᠬᠡᠢ ᠳᠡᠯᠡᠬᠡᠢ ᠵᠢᠨ ᠴᠡᠷᠴᠠᠳᠠᠰᠤᠨ ᠤ᠋ ᠬᠦᠳᠡᠯᠬᠡᠬᠡᠨ ᠪᠠ ᠠᠭᠤᠷ ᠠᠮᠢᠰᠬᠤᠯ᠎ᠤᠨ ᠬᠤᠪᠢᠷᠠᠯᠳᠠ ᠵᠢᠴᠢ ᠭᠠᠵᠡᠷ ᠳᠤᠤᠷᠠᠬᠢ ᠤᠰᠤᠨ᠎ᠤ ᠰᠤᠳᠠᠯ ᠲᠠᠢ ᠰᠤᠷᠪᠤᠯᠵᠢ ᠨᠢᠬᠡᠳᠡᠢ ᠬᠡᠮᠡᠨ ᠲᠠᠢᠯᠪᠤᠷᠢᠯᠠᠵᠤ ᠪᠠᠢᠪᠡ᠃
ᠳᠡᠬᠡᠷ᠎ᠡ ᠵᠠᠭᠤᠨ᠎ᠤ ᠡᠬᠢ ᠪᠡᠷ ᠬᠦᠯᠦᠨ ᠨᠠᠭᠤᠷ᠎ᠤᠨ ᠲᠠᠯᠠᠪᠠᠶᠲᠡᠦᠬᠡᠨ ᠳᠡᠭᠡᠷᠡᠬᠢ ᠬᠠᠮᠤᠭ᠎ᠤᠨ ᠪᠠᠭ᠎ᠠ ᠬᠡᠮᠵᠢᠶᠠᠨ᠎ᠳᠤ ᠬᠦᠷᠴᠦ᠍᠂ ᠱᠣᠷᠪᠣᠭ ᠨᠠᠭᠤᠷ ᠪᠤᠯᠵᠠᠢ᠃ ᠳᠡᠬᠡᠷ᠎ᠡ ᠵᠠᠭᠤᠨ᠎ᠤ ᠳᠤᠮᠳᠠᠴᠢ ᠡᠴᠡ ᠬᠥᠯᠥᠨ ᠨᠠᠭᠤᠷ᠎ᠤᠨ ᠤᠰᠤᠨ᠎ᠤ ᠬᠡᠮᠵᠢᠶ᠎ᠡ ᠠᠭᠠᠵᠢᠮ᠎ᠢᠶᠠᠷ ᠨᠡᠮᠡᠭ᠌ᠳᠡᠭᠡᠳ ᠴᠡᠩᠭᠡᠭ ᠨᠠᠭᠤᠷ ᠪᠤᠯᠵᠤ᠂ ᠤᠰᠤᠨ᠎ᠤ ᠭᠦᠨᠴᠡ ᠨᠢ ᠵᠠᠭᠤᠨ ᠵᠢᠯ᠎ᠤᠨ ᠬᠠᠮᠤᠭ᠎ᠤᠨ ᠥᠨᠳᠥᠷ ᠲᠦᠪᠱᠢᠨ᠎ᠳᠤ ᠬᠦᠷᠴᠡᠢ᠃
ᠬᠦᠯᠤᠨ ᠨᠠᠭᠤᠷ ᠭᠤᠷᠪᠠᠨ ᠨᠠᠭᠤᠷ ᠭᠤᠷᠪᠠᠨ ᠭᠤᠤᠯ᠎ᠤᠨ ᠤᠰᠤᠨ ᠱᠢᠰᠲ᠋ᠧᠮ᠎ᠢ ᠪᠦᠷᠢᠯᠳᠦᠭᠦᠯᠵᠦ᠍᠂ ᠡᠨᠡ ᠬᠦ᠌ ᠯᠤᠲᠤ ᠶᠡᠬᠡ ᠤᠰᠤᠨ ᠱᠢᠰᠲ᠋ᠧᠮ ᠨᠢ ᠬᠥᠯᠥᠨ ᠪᠣᠢᠷ᠎ᠤᠨ ᠲᠠᠯ᠎ᠠ ᠨᠤᠲᠤᠭ᠎ᠤᠨ ᠤᠷᠤᠰᠢᠨ ᠳᠤᠭᠳᠠᠨᠢᠬᠤ ᠪᠠ ᠲᠡᠬᠦᠨ᠎ᠤ ᠠᠮᠢ ᠠᠬᠤᠶ ᠵᠢᠨ ᠰᠢᠰᠲᠸᠮ᠎ᠢ ᠱᠢᠭᠤᠳ ᠨᠦᠯᠤᠬᠡᠯᠡᠵᠦ ᠪᠠᠢᠳᠠᠭ᠃ ᠲᠠᠯᠡᠬᠡᠢ ᠵᠢᠨ ᠪᠦᠮᠪᠤᠷᠴᠡᠭ ᠲᠡᠬᠡᠷᠡᠬᠢ ᠠᠮᠢ ᠠᠬᠤᠢ ᠵᠢᠨ ᠰᠢᠰᠲᠸᠮ᠎ᠤᠨ ᠳᠤᠳᠤᠷ᠎ᠠ ᠡᠪᠡᠰᠤ ᠤᠷᠭᠤᠮᠠᠯ ᠨᠢ ᠤᠢ ᠰᠢᠭᠤᠢ ᠲᠠᠢ ᠠᠳᠠᠯᠢ ᠪᠡᠷ ᠬᠢᠵᠠᠭᠠᠷ ᠦᠬᠡᠢ ᠶᠡᠬᠡ ᠠᠮᠢᠳᠤ ᠪᠤᠳᠠᠰ᠎ᠤᠨ ᠡᠬᠢ ᠪᠠᠶᠠᠯᠢᠬ᠎ᠢ ᠬᠠᠩᠭᠠᠵᠤ᠂ ᠤᠷᠤᠨ ᠪᠦᠰᠡ ᠵᠢᠨ ᠠᠭᠤᠷ ᠠᠮᠢᠰᠬᠤᠯ ᠢ᠋ ᠳᠤᠬᠢᠷᠠᠭᠤᠯᠵᠤ᠂ ᠤᠰᠤᠨ᠎ᠤ ᠡᠬᠢ ᠰᠤᠷᠪᠤᠯᠵᠢ ᠵᠢ ᠬᠠᠩᠭᠠᠵᠤ᠂ ᠡᠯᠡᠰᠦᠷᠬᠡᠭᠵᠢᠬᠦ ᠵᠢ ᠰᠡᠷᠬᠡᠢᠯᠡᠵᠦ᠂ ᠲᠠᠯ᠎ᠠ ᠨᠤᠳᠤᠭ᠎ᠤᠨ ᠠᠮᠢ ᠠᠬᠤᠢ ᠵᠢᠨ ᠲᠡᠩᠴᠡᠬᠦᠷᠢ ᠵᠢ ᠪᠠᠳᠤᠯᠠᠵᠦ ᠪᠠᠢᠳᠠᠭ ᠪᠤᠯᠬᠤᠷ ᠬᠦᠯᠦᠨ ᠨᠠᠭᠤᠷ᠎ᠤᠨ ᠤᠰᠤᠨ᠎ᠤ ᠰᠢᠰᠲᠸᠮ ᠨᠢ ᠮᠠᠨ ᠤ᠋ ᠤᠯᠤᠰ ᠤ᠋ᠨ ᠤᠮᠠᠷᠠᠳᠤ ᠵᠢᠨ ᠠᠮᠢ ᠠᠬᠤᠢ ᠵᠢᠨ ᠠᠮᠤᠷ ᠲᠦᠪᠰᠢᠨ ᠢ᠋ ᠬᠠᠮᠠᠭᠠᠯᠠᠬᠤ ᠳᠠᠯ᠎ᠠ ᠪᠡᠷ ᠤᠷᠤᠯᠠᠭᠤᠯᠵᠤ ᠪᠤᠯᠤᠰᠢ ᠦᠬᠡᠢ ᠴᠢᠬᠤᠯᠠ ᠦᠢᠯᠡᠳᠦᠯ ᠵᠢᠡᠨ ᠪᠠᠳᠠᠷᠠᠭᠤᠯᠵᠤ ᠪᠠᠢᠳᠠᠭ᠃ ᠬᠦᠯᠦᠨ ᠪᠤᠢᠷ᠎ᠤᠨ ᠲᠠᠯ᠎ᠠ ᠨᠤᠲᠤᠭ ᠤᠩᠭᠤᠨ ᠲᠠᠷᠬᠠᠨ ᠵᠢᠡᠷ ᠵᠢᠡᠨ ᠪᠠᠢᠭ᠎ᠠ ᠨᠢ ᠬᠦᠯᠦᠨ ᠨᠠᠭᠤᠷ᠎ᠤᠨ ᠠᠮᠢ ᠠᠬᠤᠢ ᠵᠢ ᠪᠦᠲᠦᠮᠵᠢᠳᠡᠢ ᠬᠠᠮᠠᠭᠠᠯᠠᠵᠦ ᠴᠢᠳᠠᠭᠰᠠᠨ ᠡᠴᠡ ᠰᠠᠯᠵᠦ ᠴᠢᠳᠠᠰᠢ ᠦᠭᠡᠢ᠃
ᠪᠤᠯᠪᠠᠰᠤᠨ᠎ᠤ ᠦᠯᠦᠭᠡᠢ — ᠬᠦᠯᠦᠨ ᠨᠠᠭᠤᠷ
《ᠲᠡᠯ᠎ᠠ ᠨᠤᠳᠤᠭ᠎ᠤᠨ ᠬᠡᠷᠡᠯᠳᠤ ᠰᠤᠪᠤᠳ》ᠬᠡᠮᠡᠨ ᠠᠯᠳᠠᠷᠰᠢᠭᠰᠠᠨ ᠬᠦᠯᠤᠨ ᠨᠠᠭᠤᠷ᠎ᠤᠨ ᠮᠠᠯᠮᠠᠯᠵᠠᠨ ᠬᠢᠯᠳᠠᠭᠠᠨᠠᠬᠤ ᠲᠠᠪᠠᠯᠭᠠᠨ᠎ᠤ ᠬᠢᠯᠪᠠᠭ᠎ᠠ᠂ ᠲᠡᠷᠳᠡᠬᠡ ᠲᠡᠭᠷᠢ ᠵᠢᠠ ᠬᠠᠶᠠᠭᠠᠨ᠎ᠳᠤ ᠬᠦᠪᠬᠦ ᠴᠠᠭᠠᠨ ᠡᠬᠦᠯᠠ ᠴᠡᠩᠬᠡᠷ ᠤᠭᠳᠠᠷᠭᠤᠢ ᠯᠤᠭ᠎ᠠ ᠵᠠᠯᠭᠠᠯᠳᠤᠨ ᠴᠡᠩᠬᠡᠷᠳᠤᠵᠤ᠂ ᠦᠨᠢ ᠡᠷᠳᠡᠨ ᠤ᠋ ᠰᠤᠶᠤᠯ ᠪᠤᠯᠪᠠᠰᠤᠨ ᠢ᠋ ᠲᠠᠯᠳᠠᠬᠠᠨ ᠤᠶᠠᠩᠭᠠᠯᠠᠵᠤ ᠬᠦᠷᠬᠢᠷᠠᠨ ᠱᠤᠤᠬᠢᠨ᠎ᠠ᠃
ᠬᠦᠯᠤᠨ ᠨᠠᠭᠤᠷ᠎ᠤᠨ ᠳᠡᠨᠵᠢᠨ ᠳ᠋ᠤ ᠮᠠᠨ᠎ᠤ ᠤᠯᠤᠰ᠎ᠤᠨ ᠤᠮᠠᠷᠠᠳᠤ ᠵᠢᠨ ᠤᠯᠠᠨ ᠤᠯᠠᠨ ᠴᠦᠬᠡᠨ ᠳᠤᠭᠠᠳᠤ ᠦᠨᠳᠦᠰᠦᠳᠡᠨ ᠡᠬᠦᠰᠦᠨ ᠬᠦᠭᠵᠢᠵᠦ᠂ ᠬᠦᠴᠦᠷᠬᠡᠭᠵᠢᠨ ᠮᠠᠨᠳᠤᠭᠰᠠᠨ ᠲᠡᠦᠬᠡ ᠲᠠᠢ᠃ ᠠᠯᠢ ᠡᠷᠳᠡ ᠳ᠋ᠦᠩᠬᠤ᠂ ᠾᠦᠩᠨᠤ᠂ ᠰᠢᠶᠠᠨᠪᠢ᠂ ᠲᠦᠷᠺ᠂ ᠤᠢᠭᠤᠷ᠂ ᠬᠢᠷᠬᠢᠰ᠂ᠬᠢᠳᠡᠨ᠂ ᠵᠦᠷᠴᠢᠨ᠂ ᠮᠤᠩᠭᠤᠯ ᠵᠡᠷᠬᠡ 16 ᠨᠡᠬᠦᠳᠡᠯᠴᠢᠨ ᠦᠨᠳᠤᠰᠤᠳᠠᠨ ᠡᠨᠡ ᠬᠦ᠌ ᠦᠩ ᠰᠢᠮᠡᠯᠢᠭ ᠬᠦᠷᠤᠰᠤᠨ᠎ᠳᠤ ᠤᠷᠤᠰᠢᠨ ᠠᠮᠢᠳᠤᠷᠠᠵᠤ᠂ ᠨᠡᠬᠦᠳᠡᠯᠯᠠᠨ ᠮᠠᠯᠵᠢᠵᠤ ᠪᠠᠢᠬᠰᠠᠠ ᠵᠢᠡᠷ ᠤᠮᠠᠷᠠᠳᠤ ᠵᠢᠨ ᠨᠡᠬᠦᠳᠡᠯᠴᠢᠨ ᠦᠨᠳᠤᠰᠤᠳᠠᠨ᠎ᠤ ᠦᠯᠦᠬᠡᠢ ᠬᠡᠮᠡᠨ ᠠᠯᠳᠠᠷᠰᠢᠵᠤ᠂ ᠬᠡᠷᠡᠯ ᠰᠠᠴᠤᠷᠠᠩᠭᠤᠢ ᠤᠮᠠᠷᠠᠳᠤ ᠵᠢᠨ ᠨᠡᠬᠦᠳᠡᠯ ᠰᠤᠶᠤᠯ ᠪᠤᠯᠪᠠᠰᠤᠨᠬᠦᠯᠦᠨ ᠨᠠᠭᠤᠷ᠎ᠤᠨ ᠲᠡᠨᠵᠢᠨ᠎ᠳᠤ ᠪᠢᠴᠢᠭᠯᠡᠭᠳᠡᠭᠰᠡᠨ ᠶᠤᠮ᠃
《ᠾᠦᠩᠨᠦ᠍᠎ᠶ᠋ᠢᠨ ᠦᠶ᠎ᠡ᠎ᠡᠴᠡ ᠬᠥᠯᠥᠨ ᠨᠠᠭᠤᠷ᠎ᠤ᠋ᠨ ᠰᠠᠪᠠ ᠭᠠᠵᠠᠷ ᠵᠢᠡᠷ ᠮᠠᠯ ᠮᠠᠯᠵᠢᠭ᠍ᠰᠠᠨ ᠲᠡᠦᠬᠡ ᠡᠬᠢᠯᠡᠵᠦ᠍᠂ ᠤᠳᠤ ᠨᠢᠭᠡᠨᠲᠡ ᠬᠣᠶᠠᠷ ᠭᠤᠷᠪᠠᠨ ᠮᠢᠩᠭᠠᠨ ᠵᠢᠯ ᠪᠣᠯᠵᠤ᠂ ᠤᠳᠤᠬᠠᠨ᠎ᠳᠤ ᠤᠯᠠᠨ ᠦᠨᠳᠦᠰᠦᠳᠡᠨ ᠶᠠᠰᠤᠲᠠᠨ ᠮᠥᠨ ᠯᠡ ᠡᠨᠳᠠ ᠨᠡᠭᠦᠳᠡᠯᠯᠡᠨ ᠠᠮᠢᠳᠤᠷᠠᠭᠰᠠᠭᠠᠷ ᠪᠠᠢᠨ᠎ᠠ》ᠬᠡᠮᠡᠨ ᠰᠢᠨ᠎ᠠ ᠪᠠᠷᠭᠤ ᠪᠠᠷᠠᠭᠤᠨ ᠬᠤᠰᠢᠭᠤᠨ᠎ᠤ ᠪᠠᠷᠭᠤ ᠮᠦᠽᠸᠢ ᠵᠢᠨ ᠲᠠᠷᠤᠭ᠎ᠠ᠂ ᠬᠡᠷᠡᠯ ᠵᠢᠷᠤᠬᠴᠢᠨ ᠡᠤ ᠢᠤᠢ ᠮᠢᠩ ᠪᠠᠶᠠᠷᠳᠡᠢᠬᠠᠨ ᠶᠠᠷᠢᠵᠤ ᠪᠠᠢᠯ᠎ᠠ᠃
《ᠬᠦᠯᠤᠨ ᠨᠠᠭᠤᠷ᠎ᠤᠨ ᠰᠠᠪᠠ ᠭᠠᠵᠠᠷ ᠪᠤᠯ ᠦᠨᠳᠤᠰᠤᠳᠠᠨ ᠨᠤᠬᠦᠳ᠎ᠤᠨ ᠠᠷᠠᠳ ᠲᠦᠮᠡᠨᠰᠡᠳᠬᠢᠯ ᠨᠢᠭᠳᠠᠷᠠᠨ ᠠᠵᠤ ᠲᠦᠷᠤᠵᠤ ᠰᠠᠭᠤᠭ᠎ᠠ ᠠᠯᠳᠠᠨ ᠦᠯᠦᠬᠡᠢ᠃ ᠬᠦᠯᠤᠨ ᠨᠠᠭᠤᠷᠲᠠᠪᠤᠨ ᠬᠤᠰᠢᠭᠤ ᠮᠠᠯ᠎ᠤᠨ ᠭᠤᠤᠯ ᠤᠮᠳᠠ ᠪᠤᠯᠵᠤ ᠂ ᠠᠵᠤ ᠠᠬᠤᠢ ᠵᠢᠨ ᠬᠦᠭᠵᠢᠯᠳᠠ᠎ᠵᠢᠨ ᠠᠮᠢᠨ ᠰᠤᠳᠠᠰᠤ ᠪᠤᠯᠵᠤ ᠪᠤᠢ》 ᠬᠡᠵᠤ ᠰᠢᠨ᠎ᠠ ᠪᠠᠷᠭᠤ ᠪᠠᠷᠠᠭᠤᠨ ᠬᠤᠰᠢᠭᠤᠨ᠎ᠤ ᠪᠠᠷᠭᠤ ᠰᠤᠳᠤᠯᠭᠠᠨ᠎ᠤ ᠨᠡᠢᠬᠡᠮᠯᠢᠭ᠎ᠤᠨ ᠲᠠᠷᠤᠭ᠎ᠠ ᠪᠠᠽᠠᠷᠳᠢᠪᠢ ᠬᠦᠯᠦᠨ ᠨᠠᠭᠤᠷ᠎ᠤᠨ ᠵᠢᠡᠨ ᠠᠯᠳᠠᠷ ᠭᠠᠪᠢᠶ᠎ᠠ ᠵᠢ ᠲᠤᠭᠠᠴᠢᠨ ᠦᠬᠦᠯᠡᠨ᠎ᠡ᠃
ᠦᠨᠦᠳᠦᠷ ᠬᠦᠯᠦᠨ ᠨᠠᠭᠤᠷ ᠤ᠋ᠨ ᠰᠠᠪᠠ ᠭᠠᠵᠠᠷ ᠲᠤ᠌ ᠨᠡᠬᠦᠳᠡᠯ ᠮᠠᠯᠵᠢᠯ᠎ᠤᠨ ᠰᠤᠶᠤᠯ ᠮᠦᠨ ᠬᠦ᠌ ᠦᠷᠬᠦᠯᠵᠢᠯᠡᠭᠰᠡᠬᠡᠷ᠃ ᠪᠠᠷᠭᠤᠴᠤᠳ ᠡᠷᠳᠡᠨ ᠡᠴᠨ ᠠᠪᠤᠭᠠᠳ ᠲᠦᠮᠡᠨ ᠪᠤᠳᠠᠰ ᠠᠮᠢ ᠠᠮᠢᠯᠠᠯ ᠲᠠᠢ ᠪᠠᠢᠬᠤ ᠵᠢ ᠢᠳᠡᠬᠡᠵᠤ᠂ ᠪᠠᠢᠭᠠᠯᠢᠯᠢᠬ ᠠᠮᠢᠳᠤᠷᠠᠯ᠎ᠤᠨ ᠬᠡᠯᠪᠡᠷᠢ ᠵᠢ ᠡᠷᠬᠢᠮᠨᠠᠨ ᠲᠡᠬᠡᠳᠤᠯᠠᠵᠤ᠂ ᠬᠤᠨ ᠰᠢᠪᠠᠭᠤᠨ᠎ᠤ ᠰᠢᠳᠦᠯᠭᠡ ᠲᠠᠢ ᠪᠤᠯᠬᠤᠷ ᠰᠢᠪᠠᠭᠤᠨ᠎ᠤ ᠲᠦᠷᠤᠯ᠎ᠢ ᠠᠩᠨᠠᠬᠤ ᠦᠬᠡᠢ᠂ ᠨᠤᠳᠤᠭ ᠪᠡᠯᠴᠢᠬᠡᠷ᠎ᠢ ᠡᠪᠳᠡᠬᠦ ᠦᠬᠡᠢ᠂ ᠤᠰᠤᠨ᠎ᠤ ᠡᠬᠢ ᠵᠢ ᠪᠤᠬᠢᠷᠳᠤᠭᠤᠯᠬᠤ ᠦᠬᠡᠢ᠂ ᠨᠤᠳᠤᠭ ᠪᠡᠯᠴᠢᠬᠡᠷ᠎ᠢ ᠰᠡᠷᠬᠦᠬᠡᠨ ᠠᠮᠠᠷᠠᠭᠤᠯᠵᠤ᠂ ᠰᠡᠯᠬᠢᠨ ᠤᠷᠤᠰᠢᠭᠤᠯᠭ᠎ᠠ ᠬᠢᠬᠦ᠂ ᠤᠷᠤᠨ ᠰᠠᠭᠤᠴᠠ ᠪᠠᠷᠢᠬᠤ ᠦᠬᠡᠢ᠂ ᠠᠳᠠᠷ ᠬᠠᠭᠠᠯᠪᠤᠷᠢᠯᠠᠬᠤ ᠦᠬᠡᠢ ᠵᠡᠷᠭᠡ ᠵᠠᠩᠰᠢᠯ ᠲᠠᠢ᠃
ᠡᠬᠡ ᠪᠠᠢᠭᠠᠯᠢ ᠵᠢ ᠲᠡᠬᠡᠳᠤᠯᠡᠬᠦ ᠤᠷᠤᠰᠢᠨ ᠳᠤᠭᠳᠠᠨᠢᠬᠤ ᠤᠷᠴᠢᠨ ᠳᠤᠭᠤᠷᠢᠨ᠎ᠢ ᠬᠠᠮᠠᠭᠠᠯᠠᠬᠤ ᠪᠡᠷ ᠭᠤᠤᠯ ᠦᠷᠳᠡᠭ᠎ᠤᠨ ᠦᠵᠡᠯᠳᠡ ᠪᠤᠯᠭᠠᠭᠰᠠᠠ ᠨᠡᠬᠦᠳᠡᠯ ᠰᠤᠶᠤᠯ ᠨᠢ ᠦᠵᠡᠮᠵᠢᠳᠤ ᠰᠠᠢᠬᠠᠨ ᠲᠠᠯ᠎ᠠ ᠨᠤᠳᠤᠭ ᠲᠠᠢ ᠤᠮᠠᠷᠠᠳᠤ ᠬᠢᠯᠢ ᠵᠢᠨ ᠰᠤᠶᠤᠯ ᠵᠢᠭᠤᠯᠴᠢᠯᠠᠯ᠎ᠤᠨ ᠰᠠᠭᠤᠷᠢᠨ᠎ᠢ ᠪᠠᠢᠭᠤᠯᠬᠤ ᠠᠴᠢᠶᠠᠯᠠᠪᠤᠷᠢ ᠪᠤᠯᠵᠤ ᠪᠠᠢᠭ᠎ᠠ ᠶᠤᠮ᠃
ᠪᠠᠷᠭᠤ ᠵᠢᠨ ᠤᠷᠳᠤ ᠵᠢᠨ ᠲᠠᠭᠤᠤ᠂ ᠡᠮᠦᠰᠭᠡᠯ ᠵᠠᠰᠠᠯ᠂ ᠪᠤᠷᠢᠶᠠᠳ᠎ᠤᠨ ᠠᠮᠳᠠᠳᠤ ᠢᠳᠡᠭᠡᠨ᠂ ᠤᠷᠤᠨ ᠰᠠᠭᠤᠴᠠ᠂ᠡᠸᠡᠩᠬᠢ ᠵᠢᠨ ᠨᠠᠢᠷ ᠨᠠᠭᠠᠳᠤᠮ᠂ ᠤᠯᠠᠮᠵᠢᠯᠠᠯᠳᠤ ᠵᠠᠩᠰᠢᠯ᠂ ᠤᠷᠴᠤᠨᠤ ᠴᠠ ᠪᠤᠭᠤ᠂ ᠠᠩ ᠠᠩᠨᠠᠯ᠎ᠤᠨ ᠰᠤᠶᠤᠯ᠂ᠲᠠᠭᠤᠷ ᠦᠨᠳᠤᠰᠤᠳᠠᠨ᠎ᠤ ᠪᠦᠵᠢᠭ᠂ ᠤᠷᠤᠰ ᠦᠨᠳᠦᠰᠦᠳᠡᠨ᠎ᠤ ᠤᠯᠠᠮᠵᠢᠯᠠᠯᠳᠤ ᠵᠠᠩᠰᠢᠯ ᠁ ᠬᠦᠯᠦᠨ ᠪᠤᠢᠷ᠎ᠤᠨ ᠲᠠᠯ᠎ᠠ ᠨᠤᠲᠤᠭ ᠵᠦᠪᠭᠡᠨ ᠦᠵᠡᠰᠬᠦᠯᠡᠩ᠎ᠳᠤ ᠰᠠᠢᠬᠠᠨ ᠠᠭᠤᠯᠠ ᠤᠰᠤ ᠪᠠᠷ ᠵᠢᠡᠨ ᠬᠦᠮᠦᠨ᠎ᠤ ᠰᠡᠳᠬᠢᠯ᠎ᠢ ᠲᠠᠳᠠᠵᠦ ᠪᠠᠢᠭ᠎ᠠ ᠪᠢᠰᠢ᠂ ᠦᠨᠢ ᠡᠷᠳᠡᠨ ᠡᠴᠡ ᠡᠭᠦᠰᠦᠨ ᠪᠤᠢ ᠪᠤᠯᠤᠭᠰᠠᠨ ᠤᠯᠠᠮᠵᠢᠯᠠᠯᠳᠤ ᠰᠤᠶᠤᠯ ᠪᠤᠯᠪᠠᠰᠤᠨ ᠵᠢᠡᠷ ᠵᠢᠡᠨ ᠬᠤᠷᠸ᠎ᠡ ᠵᠢᠨ ᠨᠢᠳᠤ ᠵᠢ ᠬᠤᠵᠢᠷᠯᠠᠵᠦ ᠪᠠᠢᠭ᠎ᠠ ᠨᠢ ᠦᠨᠡᠨ᠃ ᠡᠨᠡ ᠪᠤᠯ ᠬᠦᠯᠦᠨ ᠪᠤᠢᠷ᠎ᠤᠨ ᠭᠠᠢᠬᠠᠮᠰᠢᠬ᠂ ᠡᠨᠡ ᠪᠤᠯ ᠬᠦᠯᠦᠨ ᠨᠠᠭᠤᠷ᠎ᠤᠨ ᠷᠢᠳᠢ ᠰᠢᠳᠢ᠃ ᠬᠦᠯᠦᠨ ᠨᠠᠭᠤᠷ᠎ᠤᠨ ᠲᠡᠨᠵᠢᠨ᠎ᠳᠤ ᠪᠢᠴᠢᠭᠯᠡᠭᠳᠡᠭᠰᠡᠨ ᠲᠤᠮᠳᠠᠳᠤ ᠵᠢᠨ ᠦᠨᠳᠦᠰᠦᠳᠡᠨ᠎ᠤ ᠬᠠᠮᠳᠤ ᠵᠢᠨ ᠭᠡᠷ ᠤᠷᠤᠨ ᠵᠢᠡᠨ ᠪᠦᠲᠦᠭᠡᠨ ᠪᠠᠢᠭᠤᠯᠤᠭᠰᠠᠨ ᠠᠤᠭ᠎ᠠ ᠬᠠᠭᠤᠳᠠᠰᠤ᠃
ᠲᠠᠯ᠎ᠠ ᠵᠢᠨ ᠰᠠᠬᠢᠶ᠎ᠠ — ᠬᠦᠯᠦᠨ ᠨᠠᠭᠤᠷ
ᠨᠤᠮᠢᠨ ᠨᠤᠭᠤᠭᠠᠨ ᠵᠢᠡᠷ ᠭᠠᠢᠬᠠᠭᠳᠠᠵᠤ᠂ ᠨᠤᠮᠢᠨ ᠨᠤᠭᠤᠭᠠᠨ ᠵᠢᠡᠷ ᠬᠦᠴᠤᠷᠬᠡᠭᠵᠢᠵᠤ᠂ ᠨᠤᠮᠢᠨ ᠨᠤᠭᠤᠭᠠᠨ ᠵᠢᠡᠷ ᠠᠯᠳᠠᠷᠰᠢᠬᠰᠠᠠ ᠨᠢ ᠬᠦᠯᠤᠨ ᠪᠤᠢᠷ ᠪᠤᠶᠤ᠃

ᠲᠡᠯᠭᠡᠷ ᠵᠤᠨ᠎ᠤ ᠬᠦᠯᠤᠨ ᠪᠤᠢᠷ᠎ᠤᠨ ᠬᠦᠬᠡ ᠤᠬᠳᠠᠷᠭᠤᠢ ᠳ᠋ᠤ ᠬᠦᠪᠦᠩ ᠴᠠᠭᠠᠨ ᠡᠭᠦᠯᠡ ᠬᠦᠪ᠎ᠤᠨ᠂ ᠬᠦᠳᠡᠭᠡ ᠲᠠᠯ᠎ᠠ ᠳ᠋ᠤ ᠡᠪᠡᠰᠦ ᠪᠡᠯᠴᠢᠭᠡᠷ ᠬᠠᠯᠢᠭᠤᠷᠠᠨ᠂ ᠬᠦᠯᠤᠨ ᠨᠠᠭᠤᠷ ᠨᠤᠮᠢᠨ ᠲᠠᠪᠠᠯᠭᠠᠨ ᠵᠢᠡᠷ ᠬᠠᠶᠠᠯᠠᠨ᠎ᠠ᠃
ᠦᠳᠡᠰᠢ ᠵᠢᠨ ᠬᠦᠰᠢᠬᠡ ᠢᠷᠠᠭᠳᠠᠬᠤ᠎ᠳᠤ ᠬᠦᠯᠤᠨ ᠨᠠᠭᠤᠷ ᠨᠢ ᠤᠨᠴᠠᠭᠠᠢ ᠲᠦᠯᠬᠡᠨ ᠳᠤᠩᠭᠠᠯᠠᠭ ᠪᠤᠯᠵᠤ᠂ ᠭᠤᠷᠴᠢᠬᠢᠨᠠᠬᠤ ᠤᠷᠤᠰᠬᠠᠯ ᠨᠢ ᠢᠷᠠᠭᠤ ᠬᠦᠭᠵᠢᠮ ᠰᠢᠭ ᠰᠤᠨᠤᠰᠳᠠᠨ᠂ ᠲᠠᠷᠬᠡᠯ ᠰᠠᠷᠠᠨ᠎ᠤ ᠬᠡᠷᠡᠯᠳᠤ ᠮᠦᠩᠬᠦᠨ ᠠᠷ ᠪᠤᠰᠴᠤ᠂ ᠤᠢ ᠰᠡᠳᠬᠢᠯ᠎ᠢ ᠠᠷᠭᠠᠮᠵᠢᠨ᠎ᠠ᠃
ᠳᠠᠩᠰᠤᠭ ᠪᠠᠢᠭᠠᠯᠢ ᠵᠢᠨ ᠳᠠᠭᠱ᠌ᠢᠨ ᠤᠷᠤᠨ ᠪᠤᠯᠤᠭᠰᠠᠨ ᠬᠦᠯᠦᠨ ᠨᠠᠭᠤᠷ 1992 ᠤᠨ᠎ᠳᠤ ᠤᠯᠤᠰ᠎ᠤᠨ ᠲᠠᠰ᠎ᠤᠨ ᠪᠠᠢᠭᠠᠯᠢ ᠵᠢᠨ ᠬᠠᠮᠠᠭᠠᠯᠠᠯᠳᠠ ᠵᠢᠨ ᠤᠷᠤᠨ ᠪᠤᠯᠵᠤ᠂ 1994 ᠤᠨ᠎ᠳᠤ᠂ ᠬᠦᠯᠤᠨ ᠨᠠᠭᠤᠷ᠎ᠤᠨ ᠪᠠᠢᠭᠠᠯᠢ ᠵᠢᠨ ᠬᠠᠮᠠᠭᠠᠯᠠᠯᠳᠠ ᠵᠢᠨ ᠤᠷᠤᠨ ᠪᠠ ᠮᠤᠩᠭᠤᠯ ᠤᠯᠤᠰ᠎ᠤᠨ ᠳ᠋ᠠᠮᠤᠷ ᠪᠠᠢᠭᠠᠯᠢ ᠵᠢᠨ ᠬᠠᠮᠠᠭᠠᠯᠠᠯᠳᠠ ᠵᠢᠨ ᠤᠷᠤᠨ᠂ᠤᠷᠤᠰ᠎ᠤᠨ ᠬᠤᠯᠪᠤᠭᠠᠨ᠎ᠤ ᠳ᠋ᠠᠯᠤᠰᠺᠢ ᠵᠢᠨ ᠪᠠᠢᠭᠠᠯᠢ ᠵᠢᠨ ᠬᠠᠮᠠᠭᠠᠯᠠᠯᠳᠠ ᠵᠢᠨ ᠤᠷᠤᠨ ᠲᠠᠢ ᠬᠠᠮᠳᠤᠷᠠᠵᠤ᠂ᠮᠠᠨ᠎ᠤ ᠤᠯᠤᠰ᠎ᠤᠨ ᠬᠠᠮᠤᠭ᠎ᠤᠨ ᠠᠩᠬᠠᠨ᠎ᠤ 3 ᠤᠯᠤᠰ ᠡᠴᠨ ᠬᠠᠮᠳᠤᠷᠠᠭᠰᠠᠠ ᠤᠯᠠᠨ ᠤᠯᠤᠰ᠎ᠤᠨ ᠬᠠᠮᠠᠭᠠᠯᠠᠯᠳᠠ ᠵᠢᠨ ᠤᠷᠤᠨ —《CMR ᠳ᠋ᠠᠮᠤᠷ ᠤᠯᠠᠨ ᠤᠯᠤᠰ᠎ᠤᠨ ᠬᠠᠮᠠᠭᠠᠯᠠᠯᠳᠠ ᠵᠢᠨ ᠤᠷᠤᠨ》ᠪᠠᠢᠭᠤᠯᠤᠭᠳᠠᠪᠠ᠃ 2002 ᠤᠨ᠎ᠳᠤ ᠬᠦᠯᠤᠨ ᠨᠠᠭᠤᠷ《ᠷᠠᠮᠰᠠᠷ᠎ᠤᠨ ᠨᠠᠢᠳᠠ ᠵᠢᠨ ᠬᠡᠷ᠎ᠠ》 ᠵᠢᠨ ᠤᠯᠠᠨ ᠤᠯᠤᠰ᠎ᠤᠨ ᠴᠢᠬᠤᠯᠠ ᠨᠤᠭᠤ ᠭᠠᠵᠡᠷ᠎ᠤᠨ ᠴᠠᠳᠢᠬ ᠲᠤ᠌ ᠵᠢᠬᠰᠠᠭᠠᠭᠳᠠᠵᠤ᠂ ᠮᠦᠨ ᠳᠤᠰ ᠵᠢᠯᠳ᠋ᠡᠬᠡᠨ ᠤᠯᠠᠨ ᠤᠯᠤᠰ᠎ᠤᠨ ᠬᠤᠯᠪᠤᠭᠠᠳᠤ ᠪᠠᠢᠭᠤᠯᠭ᠎ᠠ ᠵᠢᠨ ᠰᠤᠷᠭᠠᠨ ᠬᠦᠮᠤᠵᠢᠯ ᠰᠢᠨᠵᠢᠯᠡᠬᠦ ᠤᠬᠠᠭᠠᠨ ᠵᠢᠴᠢ ᠰᠤᠶᠤᠯ᠎ᠤᠨ ᠵᠤᠬᠢᠶᠠᠨ ᠪᠠᠢᠭᠤᠯᠤᠯᠳᠠ ᠵᠢᠨ 《ᠬᠦᠮᠤᠨ ᠪᠠ ᠠᠮᠢᠳᠤ ᠪᠤᠳᠠᠰ᠎ᠤᠨ ᠴᠠᠭᠠᠷᠢᠬ》 ᠤ᠋ᠨ ᠬᠠᠮᠠᠭᠠᠯᠠᠯᠳᠠ ᠵᠢᠨ ᠤᠷᠤᠨ᠎ᠤ ᠳᠤᠤᠷ ᠲᠤ᠌ ᠤᠷᠤᠯᠴᠠᠵᠤ᠂ ᠬᠠᠤᠯᠢ ᠴᠠᠭᠠᠵᠠ ᠵᠢᠨ ᠪᠠᠳᠤᠯᠠᠭ᠎ᠠ ᠲᠠᠢ ᠪᠤᠯᠪᠠ᠃
ᠪᠢᠳᠡ ᠬᠦᠯᠦᠨ ᠨᠠᠭᠤᠷ᠎ᠤᠨ ᠡᠮᠦᠨ᠎ᠡ ᠬᠦᠪᠡᠬᠡ ᠪᠡᠷ ᠰᠠᠭᠤᠵᠤ ᠪᠠᠢᠭ᠎ᠠ ᠪᠤᠭ᠍ᠳ᠋ᠬᠠᠭᠤᠯᠠ ᠰᠤᠮᠤᠨ᠎ᠤ ᠤᠷᠱᠤᠨ ᠭᠠᠴᠠᠭᠠᠨ᠎ᠤ ᠮᠠᠯᠴᠢᠨ ᠨᠢᠮᠠᠰᠦ᠋ᠷᠦᠩ᠎ᠤᠨ ᠬᠢᠨ᠎ᠳᠤ ᠬᠦᠷᠤᠯ᠎ᠠ᠃ ᠨᠢᠮᠠᠰᠦ᠋ᠷᠦᠩᠤᠨᠬᠢ ᠪᠤᠯ ᠤᠯᠠᠨ ᠵᠢᠯ ᠬᠦᠯᠦᠨ ᠨᠠᠭᠤᠷ᠎ᠤᠨ᠎ᠢᠶᠠᠨ ᠲᠡᠨᠵᠢᠨ᠎ᠳᠤ ᠠᠵᠤ ᠲᠦᠷᠦᠵᠤ ᠪᠠᠢᠭ᠎ᠠ ᠠᠢᠯ᠎ᠤᠨ ᠨᠢᠬᠡ᠃ ᠲᠡᠷᠡ᠄《ᠠᠷᠪᠠᠭᠠᠳ ᠵᠢᠯ᠎ᠤᠨ ᠡᠮᠦᠨ᠎ᠡ ᠬᠤᠷ᠎ᠠ ᠪᠤᠷᠤᠭᠠᠨ ᠪᠠᠭᠠᠰᠤᠭᠰᠠᠨ ᠵᠢᠴᠢ ᠬᠦᠮᠦᠰ᠎ᠤᠨ ᠡᠪᠳᠡᠯᠡᠬᠡ ᠵᠡᠷᠬᠡ ᠰᠢᠯᠳᠠᠭᠠᠨ ᠡᠴᠨ ᠬᠦᠯᠤᠨ ᠨᠠᠭᠤᠷ᠎ᠤᠨ ᠤᠰᠤ ᠲᠠᠳᠠᠭᠤᠷᠠᠵᠤ᠂ ᠤᠰᠤᠨ᠎ᠤ ᠴᠢᠨᠠᠷ ᠨᠢ ᠮᠠᠭᠤᠳᠠᠵᠤ᠂ ᠨᠢᠬᠡᠨ ᠦᠶ᠎ᠠ ᠪᠤᠯᠠᠩᠬᠢᠷᠳᠤᠪᠠ᠃ ᠤᠢᠷ᠎ᠠ ᠵᠢᠨ ᠬᠡᠳᠦᠨ ᠵᠢᠯ ᠡᠴᠡ ᠬᠤᠷ᠎ᠠ ᠪᠤᠷᠤᠭᠠᠨ ᠡᠯᠪᠡᠭᠰᠢᠵᠦ᠂ ᠨᠠᠭᠤᠷ᠎ᠤᠨ ᠰᠠᠪᠠ ᠭᠠᠵᠠᠷ ᠢ᠋ ᠵᠠᠰᠠᠭᠰᠠᠨ ᠡᠴᠡ ᠨᠠᠭᠤᠷ᠎ᠤᠨ ᠤᠰᠤᠨ ᠵᠢᠯ ᠡᠴᠡ ᠵᠢᠯ ᠨᠡᠮᠡᠭᠳᠡᠵᠦ᠂ ᠮᠠᠯᠴᠢᠳ ᠪᠢᠳᠡ ᠲᠠᠪᠤᠨ ᠡᠷᠳᠡᠨᠢ᠎ᠶ᠋ᠢᠨ ᠰᠦᠷᠦᠭᠲᠠᠢᠪᠠᠨ ᠬᠦᠯᠦᠨ ᠨᠠᠭᠤᠷ᠎ᠤᠨ᠎ᠢᠶᠠᠨ ᠤᠰᠤ᠎ᠶ᠋ᠢ ᠤᠤᠭᠤᠵᠤ᠂ ᠪᠠᠢᠭᠠᠯᠢ ᠲᠡᠯᠡᠬᠡᠢ᠎ᠶ᠋ᠢᠨ᠎ᠢᠶᠠᠨ ᠷᠠᠱᠢᠶᠠᠨ ᠱᠢᠮ᠎ᠡ᠎ᠶ᠋ᠢ ᠬᠦᠷᠳᠡᠵᠤ ᠰᠡᠳᠬᠢᠯ ᠲᠦᠬᠦᠷᠡᠩ ᠪᠠᠢᠨ᠎ᠠ》ᠬᠡᠮᠡᠨ ᠶᠠᠷᠢᠵᠤ ᠪᠠᠢᠯ᠎ᠠ᠃
ᠰᠢᠨ᠎ᠠ ᠪᠠᠷᠭᠤ ᠪᠠᠷᠠᠭᠤᠨ ᠬᠤᠰᠢᠭᠤᠨ᠎ᠤ ᠠᠵᠢᠯ᠎ᠤᠨ ᠠᠮᠠᠷᠠᠯᠳᠠ ᠪᠡᠨ ᠠᠪᠤᠭᠰᠠᠠ ᠠᠷᠠᠳ᠎ᠤᠨ ᠲᠠᠭᠤᠴᠢᠨ ᠪᠠᠷᠬ᠎ᠠ ᠬᠦᠯᠤᠨ ᠨᠠᠭᠤᠷ᠎ᠤᠨ ᠬᠤᠪᠢᠷᠠᠯᠳᠠ ᠵᠢ ᠨᠢᠳᠤ ᠪᠡᠷ ᠵᠢᠠᠨ ᠦᠵᠡᠵᠤ ᠪᠠᠶ᠎ᠠ ᠪᠡᠷ ᠵᠢᠠᠨ ᠦᠩᠬᠡᠷᠡᠬᠦᠯᠦᠭᠰᠡᠡ ᠶᠤᠮ᠃ ᠲᠠᠷᠠ ᠪᠡᠷ᠄《ᠪᠢ ᠡᠨᠡ ᠨᠤᠳᠤᠭ ᠲᠤ᠌ ᠲᠦᠷᠤᠵᠤ ᠦᠰᠤᠬᠡᠳ ᠬᠦᠯᠤᠨ ᠨᠠᠭᠤᠷ᠎ᠤᠨ ᠬᠤᠪᠢᠷᠠᠯᠳᠠ ᠵᠢ ᠬᠠᠷᠠᠭᠰᠠᠠ᠂ ᠬᠦᠯᠤᠨ ᠨᠠᠭᠤᠷ᠎ᠤᠨ ᠤᠰᠤ ᠨᠢ ᠳᠤᠩᠭᠠᠯᠠᠭᠰᠢᠨ ᠴᠡᠩᠬᠡᠷᠯᠡᠵᠤ᠂ ᠲᠠᠯ᠎ᠠ ᠨᠤᠳᠤᠭ ᠮᠠᠨᠢ ᠤᠯᠠᠮ ᠵᠢᠡᠷ ᠨᠤᠭᠤᠭᠠᠷᠠᠯᠠ》ᠬᠡᠮᠡᠨ ᠰᠡᠳᠬᠢᠯ ᠳᠤᠭᠳᠤᠯᠤᠨ ᠶᠠᠷᠢᠵᠤ᠂ ᠠᠶ᠎ᠠ ᠲᠠᠭᠤᠤ ᠪᠡᠨ ᠬᠦᠯᠤᠨ ᠨᠠᠭᠤᠷ᠎ᠤᠨ ᠲᠡᠨᠵᠢᠨ᠎ᠳᠤ ᠬᠠᠩᠬᠢᠨᠠᠭᠤᠯᠵᠦ ᠭᠠᠷᠤᠯ᠎ᠠ᠃
ᠶᠡᠷᠦᠩᠬᠡᠢ ᠱᠦᠵᠢ ᠰᠢ ᠵᠢᠨ ᠫᠢᠩ《ᠬᠦᠯᠦᠨ ᠨᠠᠭᠤᠷ ᠤᠯᠠᠭᠠᠨᠰᠤᠬᠠᠢ ᠨᠠᠭᠤᠷ ᠳᠠᠭ᠎ᠠ ᠵᠢᠨ ᠨᠠᠭᠤᠷ》᠎ᠢ᠋ ᠬᠠᠮᠠᠭᠠᠯᠠᠨ ᠵᠠᠰᠠᠬᠤ ᠳᠤᠬᠠᠢ ᠤᠯᠠᠨ ᠤᠳᠠᠭ᠎ᠠ ᠴᠢᠬᠤᠯᠠ ᠵᠢᠭᠠᠪᠤᠷᠢ ᠴᠣᠬᠣᠯᠠᠪᠤᠷᠢᠦᠭᠴᠡᠢ᠃ ᠲᠦᠪ᠎ᠤᠨ ᠪᠠ ᠦᠪᠡᠷᠳᠡᠬᠡᠨ ᠵᠠᠰᠠᠬᠤ ᠤᠷᠤᠨ ᠤ᠋ ᠬᠦᠴᠤᠳᠠᠢ ᠲᠡᠮᠵᠢᠯᠬᠡ ᠪᠡᠷ᠂ ᠨᠠᠭᠤᠷ ᠢ᠋ ᠵᠠᠰᠠᠵᠤ ᠪᠠᠢᠭᠰᠠᠨ ᠡᠴᠡ ᠪᠠᠨ ᠰᠠᠪᠠ ᠭᠠᠵᠠᠷ ᠢ᠋ ᠰᠢᠰᠲᠧᠮ ᠳᠠᠢ ᠵᠠᠰᠠᠬᠤ ᠳᠡᠢᠰᠢ ᠬᠤᠪᠢᠷᠠᠭᠤᠯᠵᠤ᠂ ᠬᠥᠯᠥᠨ ᠨᠠᠭᠤᠷ᠎ᠤᠨ ᠰᠠᠪᠠ ᠭᠠᠵᠠᠷ᠎ᠤᠨ ᠠᠮᠢ ᠠᠬᠤᠢ᠎ᠶᠢᠨ ᠣᠷᠴᠢᠨ ᠲᠣᠭᠣᠷᠢᠨ᠎ᠤ ᠬᠠᠮᠠᠭᠠᠯᠠᠯᠲᠠ᠎ᠶᠢᠨ ᠵᠠᠰᠠᠯᠲᠠ᠎ᠶᠢ ᠪᠥᠬᠥ ᠬᠦᠴᠦᠨ᠎ᠢᠶᠡᠷ ᠵᠢᠡᠨ ᠠᠬᠢᠭᠤᠯᠵᠤ᠂ ᠬᠠᠮᠠᠭᠠᠯᠠᠵᠤ ᠵᠠᠰᠠᠬᠤ ᠣᠷᠳᠣ᠌ ᠬᠤᠭᠤᠴᠠᠭᠠᠨ᠎ᠤ ᠪᠦᠲᠦᠮᠵᠢᠲᠡᠶ ᠲᠣᠭᠲᠠᠴᠠ᠎ᠶᠢ ᠰᠦᠪᠡᠭᠴᠢᠯᠡᠨ ᠪᠠᠢᠭᠤᠯᠵᠤ᠂ ᠪᠥᠬᠥ ᠰᠠᠪᠠ ᠭᠠᠵᠠᠷ᠎ᠤᠨ ᠠᠮᠢ ᠠᠬᠤᠢ᠎ᠶᠢ ᠰᠡᠷᠭᠦᠭᠡᠬᠦ ᠪᠠ ᠶᠡᠷᠦᠩᠬᠡᠢᠯᠡᠨ ᠵᠠᠰᠠᠬᠤ᠎ᠶᠢ ᠨᠢᠭᠡᠳᠦᠯᠲᠡᠢ ᠲᠦᠯᠦᠪᠯᠡᠨ ᠠᠬᠢᠭᠤᠯᠵᠠᠢ᠃
— 2009 ᠣᠨᠡᠴᠨ ᠬᠥᠯᠥᠨ ᠨᠠᠭᠤᠷ᠎ᠤᠨ ᠠᠮᠢ ᠠᠬᠤᠢ᠎ᠶᠢᠨ ᠤᠰᠤ ᠨᠥᠬᠥᠪᠦᠷᠢᠯᠡᠬᠦ ᠢᠨᠵᠧᠨᠧᠷᠢᠩ᠎ᠢ ᠬᠡᠷᠡᠭᠵᠢᠬᠦᠯᠵᠦ᠂ ᠭᠣᠣᠯ᠎ᠢ ᠲᠠᠲᠠᠵᠤ ᠨᠠᠭᠤᠷ᠎ᠢ ᠲᠤᠰᠠᠯᠠᠬᠤ ᠢᠨᠵᠧᠨᠧᠷᠢᠩ ᠪᠠ ᠳᠣᠣᠷᠠᠳᠤ ᠤᠷᠤᠰᠬᠠᠯ᠎ᠤ᠋ᠨ ᠡᠷᠭᠢ ᠬᠦᠪᠡᠬᠡ ᠵᠢ ᠬᠠᠮᠠᠭᠠᠯᠠᠬᠤ ᠲᠥᠷᠥᠯ ᠵᠦᠢᠯ᠎ᠢ ᠬᠡᠷᠡᠭᠵᠢᠭᠦᠯᠵᠦ᠂ ᠠᠮᠢ ᠠᠬᠤᠢ᠎ᠶᠢᠨ ᠤᠰᠤ ᠨᠥᠬᠥᠪᠦᠷᠢᠯᠡᠬᠦ ᠴᠢᠳᠠᠪᠤᠷᠢ᠎ᠶᠢ ᠴᠢᠨᠠᠭᠰᠢᠳᠠ ᠪᠠᠲᠤᠯᠠᠪᠠ᠃ 2022 ᠤᠨ᠎ᠤ 8 ᠰᠠᠷ᠎ᠠ ᠪᠤᠯᠬᠤ᠎ᠳᠤ᠂ ᠬᠥᠯᠥᠨ ᠨᠠᠭᠤᠷ᠎ᠤᠨ ᠤᠰᠤᠨ ᠲᠦᠪᠰᠢᠨ ᠦᠷᠭᠦᠯᠵᠢᠯᠡᠨ ᠳᠡᠭᠡᠭᠰᠢᠯᠡᠵᠦ᠂ ᠬᠥᠯᠥᠨ ᠨᠠᠭᠤᠷ᠎ᠤᠨ ᠤᠰᠤᠨ ᠭᠠᠳᠠᠷᠭᠤ᠎ᠶᠢᠨ ᠲᠠᠯᠠᠪᠠᠶ 2244.3 ᠲᠡᠭᠰᠢ ᠳᠥᠷᠪᠡᠯᠵᠢᠨ ᠺᠢᠯᠣᠮᠧᠲᠷ᠎ᠲᠦ ᠬᠦᠷᠴᠦ᠂ ᠤᠰᠤᠨ᠎ᠤ ᠬᠡᠮᠵᠢᠶ᠎ᠡ 139.7 ᠳ᠋ᠦᠩᠰᠢᠭᠤᠷ ᠪᠣᠰᠣᠭ᠎ᠠ ᠳᠥᠷᠪᠡᠯᠵᠢᠨ ᠮᠧᠲᠷ᠎ᠲᠦ ᠬᠦᠷᠴᠡᠢ᠃
— ᠲᠣᠭ᠎ᠠ ᠪᠠᠷᠢᠮᠲᠠ᠎ᠳᠤ ᠢᠯᠡᠷᠡᠭᠦᠯᠦᠭᠰᠡᠨ᠎ᠢᠶᠡᠷ᠂ 2013 ᠤᠨ ᠡᠴᠨ ᠤᠳᠤ ᠪᠤᠯᠳᠠᠯ᠎ᠠ᠂ ᠬᠥᠯᠥᠨ ᠨᠠᠭᠤᠷ᠎ᠤᠨ ᠪᠠᠢᠭᠠᠯᠢ᠎ᠶᠢᠨ ᠬᠠᠮᠠᠭᠠᠯᠠᠯᠲᠠ᠎ᠶᠢᠨ ᠣᠷᠣᠨ᠎ᠳᠤ ᠲᠡᠮᠳᠡᠭᠯᠡᠭᠰᠡᠨ ᠰᠢᠪᠠᠭᠤᠨ᠎ᠤ ᠲᠥᠷᠥᠯ 333 ᠪᠠᠢᠭᠰᠠᠨ ᠠ᠋ᠴᠠ᠎ᠪᠠᠨ 345 ᠪᠣᠯᠵᠤ᠂ ᠵᠢᠭᠠᠰᠤᠨ᠎ᠤ ᠲᠥᠷᠥᠯ 32 ᠪᠠᠢᠭᠰᠠᠨ ᠠ᠋ᠴᠠ᠎ᠪᠠᠨ 39 ᠪᠣᠯᠵᠤ ᠨᠡᠮᠡᠭᠳᠡᠪᠡ;ᠬᠥᠬᠥᠲᠡᠨ ᠠᠮᠢᠲᠠᠨ᠎ᠤ ᠲᠥᠷᠥᠯ ᠵᠦᠢᠯ 35 ᠪᠠᠢᠭᠰᠠᠨ ᠠ᠋ᠴᠠ᠎ᠪᠠᠨ 38 ᠪᠤᠯᠵᠤ ᠨᠡᠮᠡᠭᠳᠡᠪᠡ᠃
— ᠲᠦᠷᠦᠯ ᠵᠦᠢᠯ᠎ᠢᠶᠡᠷ ᠬᠥᠲᠥᠯᠥᠨ ᠳᠠᠭᠠᠭᠤᠯᠵᠤ ᠶᠡᠷᠦᠩᠬᠡᠢᠯᠡᠨ ᠵᠠᠰᠠᠬᠤ ᠬᠠᠮ ᠠᠷᠭ᠎ᠠ ᠬᠡᠮᠵᠢᠶ᠎ᠡ ᠠᠪᠴᠤ᠂ᠬᠥᠯᠥᠨ ᠨᠠᠭᠤᠷ᠎ᠤᠨ ᠡᠷᠬᠢᠨ ᠲᠣᠭᠣᠷᠢᠨ᠎ᠳᠤ ᠨᠤᠲᠤᠭ ᠪᠡᠯᠴᠢᠭᠡᠷ᠎ᠲᠦ ᠪᠡᠯᠴᠢᠭᠡᠷᠯᠡᠭᠦᠯᠬᠦ᠎ᠶᠢ ᠴᠠᠭᠠᠵᠠᠯᠠᠬᠤ ᠪᠠ ᠮᠠᠯ ᠪᠡᠯᠴᠢᠭᠡᠷ᠎ᠢ ᠲᠡᠩᠴᠡᠭᠦᠷᠢᠲᠡᠢ ᠪᠠᠢᠯᠭᠠᠬᠤᠲᠦ᠋ᠷᠢᠮᠢ ᠬᠡᠷᠡᠭᠵᠢᠭᠦᠯᠵᠦ᠂ ᠬᠥᠯᠥᠨ ᠨᠠᠭᠤᠷ᠎ᠤᠨ ᠪᠠᠢᠭᠠᠯᠢ᠎ᠶᠢᠨ ᠬᠠᠮᠠᠭᠠᠯᠠᠯᠲᠠ᠎ᠶᠢᠨ ᠣᠷᠣᠨ᠎ᠤ ᠭᠣᠣᠯ ᠣᠷᠣᠨ᠎ᠤ ᠳᠣᠲᠣᠷᠠᠬᠢ 57 ᠲᠦᠮᠡᠨ ᠮᠦ᠍ ᠪᠡᠯᠴᠢᠭᠡᠷ᠎ᠢ 2020 ᠣᠨ᠎ᠠᠴᠠ ᠡᠬᠢᠯᠡᠨ ᠪᠦᠬᠦᠨ᠎ᠢ ᠪᠡᠯᠴᠢᠭᠡᠷᠯᠡᠭᠦᠯᠬᠦ᠎ᠶᠢ ᠴᠠᠭᠠᠵᠠᠯᠠᠵᠤ᠂ ᠰᠠᠪᠠ ᠭᠠᠵᠠᠷ᠎ᠤᠨ ᠨᠤᠲᠤᠭ ᠪᠡᠯᠴᠢᠭᠡᠷ᠎ᠦᠨ ᠮᠠᠭᠤᠳᠠᠬᠤ᠂ ᠡᠯᠡᠰᠦᠷᠬᠡᠭᠵᠢᠬᠦ ᠬᠠᠨᠳᠤᠰᠢ᠎ᠶᠢ ᠪᠦᠲᠦᠮᠵᠢᠲᠡᠢ ᠬᠤᠷᠢᠭᠯᠠᠪᠠ᠃ ᠬᠥᠯᠥᠨ ᠨᠠᠭᠤᠷ᠎ᠤᠨ ᠡᠷᠬᠢᠨ ᠲᠣᠭᠣᠷᠢᠨ ᠵᠢᠴᠢ ᠨᠠᠭᠤᠷ᠎ᠲᠤ ᠴᠢᠳᠬᠤᠬᠤ ᠭᠣᠣᠯ ᠮᠥᠷᠡᠨ ᠤ᠋ ᠤᠷᠤᠰᠬᠠᠯ ᠳᠠᠭᠠᠤ ᠪᠣᠬᠢᠷ ᠤᠰᠤ ᠰᠢᠢᠳᠪᠦᠷᠢᠯᠡᠬᠦ ᠦᠢᠯᠡᠳᠪᠦᠷᠢ᠎ᠵᠢᠨ ᠪᠠᠷᠢᠮᠵᠢᠶ᠎ᠠ᠎ᠶᠢ ᠳᠡᠭᠡᠭᠰᠢᠯᠡᠭᠦᠯᠦᠨ ᠥᠭᠡᠷᠡᠴᠢᠯᠡᠬᠦ ᠢᠨᠵᠧᠨᠧᠷᠢᠩ᠎ᠢ ᠬᠡᠷᠡᠭᠵᠢᠭᠦᠯᠵᠦ᠂ ᠰᠠᠪᠠ ᠭᠠᠵᠠᠷ᠎ᠤᠨ ᠡᠷᠬᠢᠨ ᠲᠣᠭᠣᠷᠢᠨ᠎ᠤ ᠠᠮᠢ ᠠᠬᠤᠢ᠎ᠶᠢᠨ ᠣᠷᠴᠢᠨ ᠲᠣᠭᠣᠷᠢᠨ᠎ᠳᠤ ᠦᠵᠡᠭᠦᠯᠬᠦ ᠨᠥᠯᠥᠭᠡ᠎ᠶᠢ ᠪᠠᠭᠠᠰᠬᠠᠪᠠ ᠁
— ᠰᠢᠨᠵᠢᠯᠡᠬᠦ ᠤᠬᠠᠭᠠᠨ ᠮᠡᠷᠭᠡᠵᠢᠯ᠎ᠦᠨ ᠰᠢᠨ᠎ᠡ᠎ᠶᠢ ᠡᠭᠦᠳᠴᠦ ᠲᠣᠭᠠᠴᠢᠯᠠᠭᠰᠠᠨ ᠣᠶᠤᠨᠴᠢ ᠬᠠᠮᠠᠭᠠᠯᠠᠯᠲᠠ᠎ᠶᠢᠨ ᠤᠷᠤᠨ ᠢ᠋ ᠪᠠᠢᠭᠤᠯᠪᠠ᠃ᠬᠥᠯᠥᠨ ᠨᠠᠭᠤᠷ᠎ᠢ ᠨᠡᠩ ᠰᠠᠢᠲᠤᠷ ᠬᠠᠮᠠᠭᠠᠯᠠᠵᠤ᠂ ᠤᠰᠤᠨ᠎ᠤ ᠠᠮᠢᠳᠤ ᠪᠣᠳᠠᠰ᠎ᠤᠨ ᠤᠯᠠᠨ ᠶᠠᠩᠵᠤᠲᠤ ᠴᠢᠨᠠᠷ᠎ᠢ ᠬᠠᠮᠠᠭᠠᠯᠠᠵᠤ᠂ ᠬᠥᠯᠥᠨ ᠨᠠᠭᠤᠷ᠎ᠤᠨ ᠰᠢᠨᠵᠢᠯᠡᠬᠦ ᠤᠬᠠᠭᠠᠨ᠎ᠤ ᠰᠤᠳᠤᠯᠭᠠᠨ᠎ᠤ ᠬᠢᠨᠠᠨ ᠬᠡᠮᠵᠢᠬᠦ ᠴᠢᠳᠠᠪᠤᠷᠢ ᠪᠣᠯᠣᠨ ᠬᠠᠮᠢᠶᠠᠷᠴᠤ ᠬᠠᠮᠠᠭᠠᠯᠠᠬᠤ ᠬᠠᠤᠯᠢ ᠬᠡᠷᠡᠭᠵᠢᠭᠦᠯᠬᠦ ᠴᠢᠳᠠᠪᠤᠷᠢ᠎ᠶᠢ ᠳᠡᠭᠡᠭᠰᠢᠯᠡᠭᠦᠯᠬᠦ᠎ᠶᠢᠨ ᠲᠥᠯᠥᠭᠡ᠂《ᠢᠨᠲᠧᠷ ᠰᠦᠯᠵᠢᠶ᠎ᠡ + ᠬᠠᠷᠠᠭᠠᠨ ᠳᠠᠪᠲᠠᠮᠵᠢ᠎ᠪᠠᠷ ᠬᠢᠨᠠᠨ ᠡᠵᠡᠮᠳᠡᠬᠦ᠂ᠠᠮᠢ ᠠᠬᠤᠢ᠎ᠶᠢᠨ ᠰᠢᠨᠵᠢᠯᠡᠬᠦ ᠤᠬᠠᠭᠠᠨᠴᠢ᠎ᠪᠠᠷ ᠬᠢᠨᠠᠨ ᠬᠡᠮᠵᠢᠬᠦ᠂ ᠲᠣᠮᠣ᠌ ᠳ᠋ᠠᠢᠲ᠋ᠠ᠎ᠶᠢᠨ ᠡᠭᠦᠯᠡᠨ ᠪᠣᠳᠣᠯᠲᠠ᠎ᠪᠠᠷ ᠰᠢᠢᠳᠪᠦᠷᠢᠯᠡᠬᠦ》 ᠣᠲᠣ᠌ ᠦᠶ᠎ᠡ᠎ᠶᠢᠨ ᠮᠡᠳᠡᠭᠡ ᠵᠠᠩᠭᠢᠵᠢᠯᠲᠠ᠎ᠶᠢᠨ ᠲᠠᠪᠴᠠᠩ᠎ᠢ ᠪᠠᠢᠭᠤᠯᠪᠠ᠃
ᠪᠢᠳᠡ ᠬᠦᠯᠤᠨ ᠨᠠᠭᠤᠷ ᠤ᠋ᠨ ᠬᠦᠪᠡᠬᠡ ᠪᠡᠷ ᠰᠤᠷᠪᠤᠯᠵᠢᠯᠠᠨ ᠶᠠᠪᠤᠬᠤ ᠳ᠋ᠤ ᠴᠠᠭᠠᠨ ᠲᠣᠭᠣᠷᠤᠤ ᠡᠷᠭᠢᠯᠳᠦᠨ᠂ᠬᠡᠭᠡᠷ᠎ᠡ᠎ᠶᠢᠨ ᠨᠤᠭᠤᠰᠤ ᠤᠰᠤᠨ᠎ᠳᠤ ᠱᠤᠩᠪᠠᠨ ᠳᠤᠭᠯᠠᠵᠤ᠂ ᠵᠡᠭᠡᠰᠦᠨ ᠡᠪᠡᠰᠦ ᠬᠥᠬᠡᠷᠡᠨ ᠨᠣᠭᠣᠭᠠᠷᠠᠵᠤ᠂ᠨᠣᠮᠢᠨ ᠨᠣᠭᠣᠭᠠᠨ ᠲᠠᠯ᠎ᠠ ᠳᠡᠭᠡᠷ᠎ᠡ ᠰᠢᠭᠢᠳᠬᠡᠭᠰᠡᠨ ᠰᠤᠪᠤᠳ ᠰᠢᠭ᠋ ᠨᠠᠭᠤᠷ ᠤ᠋ᠨ ᠦᠵᠡᠮᠵᠢ ᠬᠥᠮᠦᠰ᠎ᠢ ᠰᠣᠭᠲᠣᠭᠤᠷᠠᠭᠤᠯᠤᠨ᠎ᠠ᠃ ᠡᠨᠡ ᠪᠤᠯ ᠰᠢᠨᠵᠢᠯᠡᠬᠦ ᠤᠬᠠᠭᠠᠨᠴᠢ ᠬᠠᠮᠠᠭᠠᠯᠠᠯᠳᠠ ᠵᠢᠨ ᠠᠷᠭ᠎ᠠ ᠬᠡᠮᠵᠢᠶ᠎ᠠ ᠪᠠ ᠵᠠᠰᠠᠯᠳᠠ ᠵᠢᠨ ᠢᠨᠵᠧᠨᠧᠷᠢᠩ᠎ᠤᠨ ᠪᠤᠳᠠᠳᠠᠢ ᠨᠠᠢᠳᠠᠪᠤᠷᠢᠵᠢᠭᠤᠯᠤᠯᠳᠠ ᠵᠢᠨ ᠪᠤᠳᠠᠳᠤ ᠦᠷ᠎ᠠ ᠪᠦᠳᠦᠮᠵᠢ ᠪᠤᠯᠤᠨ᠎ᠠ᠃《ᠭᠣᠣᠯ᠎ᠢ ᠲᠠᠲᠠᠵᠤ ᠨᠠᠭᠤᠷ᠎ᠢ ᠲᠤᠰᠠᠯᠠᠬᠤ ᠪᠠ ᠭᠣᠣᠯ ᠨᠠᠭᠤᠷ᠎ᠢ ᠬᠣᠯᠪᠣᠨ ᠨᠡᠪᠲᠡᠷᠡᠭᠦᠯᠬᠦ᠌ ᠢᠨᠵᠧᠨᠧᠷᠢᠩ᠂ ᠵᠢᠭᠤᠯᠴᠢᠯᠠᠯ᠎ᠤᠨ ᠠᠵᠤ ᠠᠬᠤᠢᠯᠠᠯ᠎ᠢ ᠬᠠᠭᠠᠵᠤ ᠵᠣᠭ᠍ᠰᠣᠭᠠᠭᠰᠠᠨ᠂ ᠲᠣᠭ᠍ᠲᠠᠭᠠᠯ᠎ᠠᠴᠠ ᠵᠥᠷᠢᠴᠡᠭ᠌ᠰᠡᠨ ᠪᠠᠷᠢᠯᠭ᠎ᠠ᠎ᠶ᠋ᠢ ᠨᠤᠷᠠᠭᠠᠵᠤ᠂ ᠠᠮᠢ ᠠᠬᠤᠢ᠎ᠶ᠋ᠢᠨ ᠨᠡᠭᠦᠳᠡᠯ ᠠᠷᠠᠳ ᠤ᠋ᠨ ᠢᠨᠵᠧᠨ᠋ᠧᠷᠢᠩ᠂ ᠬᠡᠰᠡᠭ ᠵᠢᠭᠠᠰᠤᠨ ᠠᠩ ᠢ᠋ ᠬᠣᠷᠢᠬᠤ ᠮᠡᠳᠤ ᠵᠢᠨ ᠠᠯᠢ ᠤᠯᠠᠨ ᠪᠤᠳᠠᠳᠤ ᠵᠠᠰᠠᠯᠳᠠ ᠪᠡᠷ ᠬᠥᠯᠥᠨ ᠨᠠᠭᠤᠷ᠎ᠤᠨ ᠤᠰᠤᠨ ᠣᠷᠣᠨ᠎ᠤ ᠲᠠᠯᠠᠪᠠᠢ᠎ᠶ᠋ᠢ ᠵᠣᠬᠢᠰᠲᠠᠢ ᠬᠡᠪᠴᠢᠶᠡᠨ᠎ᠳᠦ ᠪᠠᠢᠯᠭᠠᠵᠤ᠂ ᠠᠮᠢᠳᠤ ᠪᠣᠳᠠᠰ᠎ᠤᠨ ᠤᠯᠠᠨ ᠶᠠᠩᠵᠤᠲᠤ ᠴᠢᠨᠠᠷ᠎ᠢ ᠪᠦᠲᠦᠮᠵᠢᠲᠡᠢ ᠰᠡᠷᠭᠦᠭᠡᠵᠡᠢ》ᠬᠡᠵᠤ ᠦᠪᠤᠷ ᠮᠤᠩᠭᠤᠯ᠎ᠤᠨ ᠬᠦᠯᠤᠨ ᠨᠠᠭᠤᠷ᠎ᠤᠨ ᠤᠯᠤᠰ᠎ᠤᠨ ᠲᠠᠰ᠎ᠤᠨ ᠪᠠᠢᠭᠠᠯᠢ ᠵᠢᠨ ᠬᠠᠮᠠᠭᠠᠯᠠᠯᠳᠠ ᠵᠢᠨ ᠤᠷᠤᠨ᠎ᠤ ᠬᠠᠮᠢᠶᠠᠷᠤᠯᠳᠠ ᠵᠢᠨ ᠳᠤᠪᠴᠢᠶᠠᠨ᠎ᠤ ᠲᠡᠳ᠋ ᠳᠤᠪᠴᠢᠶᠠᠨ ᠲᠠᠷᠤᠭ᠎ᠠ ᠳ᠋ᠸᠤ ᠬᠤᠸᠠ ᠱᠠᠨ ᠲᠠᠨᠢᠯᠴᠠᠭᠤᠯᠤᠯ᠎ᠠ᠃
ᠪᠠᠷᠭᠤ ᠵᠢᠨ ᠲᠠᠯ᠎ᠠ ᠵᠢᠨ ᠠᠮᠢᠨ ᠰᠠᠬᠢᠶ᠎ᠠ ᠪᠠᠬᠠᠷᠤᠮ᠎ᠠ ᠰᠠᠢᠬᠠᠨ ᠬᠦᠯᠤᠨ ᠨᠠᠭᠤᠷ ᠨᠢ ᠲᠡᠭᠷᠢ ᠭᠠᠵᠡᠷ᠎ᠤᠨ ᠶᠡᠬᠡ ᠬᠡᠰᠢᠭ ᠲᠠᠨᠭᠰᠤᠭ ᠪᠤᠶᠠᠨ ᠬᠡᠪ ᠵᠢᠡᠷ ᠦᠢ ᠲᠦᠮᠡᠨ ᠠᠮᠢᠳᠠᠨ ᠤᠷᠭᠤᠮᠠᠯ᠎ᠢ ᠤᠮᠳᠠᠯᠠᠨ ᠲᠡᠵᠢᠬᠡᠵᠤ᠂ ᠤᠷᠭᠤᠭᠤᠯᠤᠨ ᠦᠰᠬᠡᠵᠤ᠂ ᠦᠷᠨᠢᠬᠦᠨ ᠬᠦᠭᠵᠢᠯᠳᠡ ᠵᠢᠨ ᠲᠡᠩᠰᠤᠭ ᠠᠶᠠᠯᠭᠤ ᠪᠤᠯᠤᠨ ᠡᠬᠡᠰᠢᠭᠯᠡᠭᠳᠡᠭᠰᠡᠬᠡᠷ᠃