ᠡᠵᠡᠨ᠎ᠡ ᠎ᠶ᠋ᠢᠨ ᠠᠮᠢᠨ ᠵᠢᠷᠦᠬᠡ — ᠡᠴᠢᠨ᠎ᠡ ᠭᠠᠢᠬᠠᠮᠱᠢᠭ᠍ᠲᠤ ᠰᠤᠪᠨᠠᠭᠤᠷ
2022-09-28 16:40:26
ᠵᠣᠬᠢᠶᠠᠭ᠍ᠴᠢ᠄
​ᠨᠠᠪᠴᠢ ᠰᠠᠷᠠᠭᠤᠯᠬᠠᠨ ᠠᠯᠤᠰ ᠶᠢᠰᠦᠨ᠎ᠠ
ᠣᠩᠱᠢᠭ᠍ᠰᠠᠨ ᠣᠳᠠᠭ᠎ᠠ᠄
★★★☆☆

ᠨᠠᠢᠷᠠᠭᠤᠯᠤᠭᠴᠢ ᠵᠢᠨ ᠦᠭᠡ᠄

《ᠬᠥᠬᠡᠮᠳᠦᠭ ᠨᠣᠭᠣᠭᠠᠨ ᠠᠭᠤᠯᠠ ᠤᠰᠤ ᠪᠣᠯ ᠠᠯᠲᠠ ᠮᠥᠩᠭᠥᠨ ᠠᠭᠤᠯᠠ ᠮᠥᠨ》 ᠭᠡᠳᠡᠭ᠎ᠢ ᠦᠢᠯᠡᠳᠦᠯᠭᠡᠵᠢᠭᠦᠯᠦᠨ᠂ ᠲᠤᠮᠳᠠᠳᠤ ᠵᠢᠨ ᠪᠣᠯᠪᠠᠰᠤᠨ᠎ᠢ ᠬᠠᠢᠨ᠂ ᠤᠶᠤᠨ ᠰᠠᠨᠠᠭᠠᠨ᠎ᠤ  ᠬᠠᠮᠲᠤ᠎ᠵᠢᠨ ᠭᠡᠷ ᠣᠷᠣᠨ ᠵᠢᠡᠨ ᠴᠣᠭ᠍ᠴᠠᠯᠠᠬᠤ ᠤᠴᠢᠷ ᠵᠣᠷᠢᠯᠭ᠎ᠠ ᠲᠠᠢ ᠥᠪᠥᠷ ᠮᠣᠩᠭᠣᠯ᠎ᠤᠨ ᠡᠳᠦᠷ᠎ᠤᠨ ᠰᠣᠨᠢᠨ᠎ᠤ ᠣᠨᠴᠠ ᠤᠬᠠᠭᠠᠯᠠᠯ 《ᠨᠠᠭᠤᠷ ᠪᠦᠷᠢᠳᠦ᠎ᠵᠢᠨ ᠠᠶᠠᠯᠠᠯ》ᠱᠢᠷᠢᠰ ᠨᠡᠢᠲᠡᠯᠡᠯ᠎ᠵᠢᠡᠨ ᠡᠷᠬᠢᠮ ᠲᠠ ᠪᠦᠬᠦᠨ᠎ᠳᠦ ᠬᠦᠷᠬᠡᠬᠦ᠌ ᠳ᠋ᠤ ᠪᠡᠯᠡᠬᠡᠨ ᠪᠣᠯᠵᠤ ᠪᠠᠢᠭ᠎ᠠ ᠨᠢ ᠡᠨᠡ ᠪᠢᠯᠡ᠃

ᠬᠣᠷᠢ ᠱᠢᠬᠠᠮ ᠰᠤᠷᠪᠤᠯᠵᠢᠯᠠᠬ᠍ᠴᠢᠳ ᠮᠠᠩᠨᠤᠭ ᠲᠠᠯ᠎ᠠ ᠱᠢᠵᠢᠷᠳᠡᠨ᠂ ᠤᠷᠤᠰᠭᠠᠯ ᠤᠰᠤ ᠲᠤᠨᠤᠷᠠᠭ᠍ᠰᠠᠨ ᠨᠠᠭᠤᠷ ᠪᠦᠷᠢᠳᠦ᠎ᠵᠢ  ᠬᠠᠢᠨ᠂ ᠨᠣᠮᠢᠨ ᠨᠣᠭᠣᠭᠠᠨ ᠠᠭᠤᠯᠠ ᠤᠰᠤ ᠪᠡᠷ ᠵᠢᠡᠨ  ᠪᠠᠬᠠᠳᠤᠵᠤ᠂ ᠪᠠᠳᠠᠢ ᠵᠢᠨ ᠵᠢᠷᠠᠨ᠎ᠤ ᠭᠦᠨ᠎ᠠᠴᠠ ᠬᠥᠯᠥᠨ ᠪᠤᠢᠷ ᠤ᠋ᠨ ᠲᠠᠯ᠎ᠠ ᠨᠤᠲᠤᠭ ᠬᠦᠷᠳᠡᠯ᠎ᠡ 3300 ᠱᠢᠬᠠᠮ ᠺᠢᠯᠣᠮᠧᠲᠷ ᠠᠶᠠᠯᠠᠨ᠂ ᠭᠤᠴᠢ ᠱᠢᠬᠠᠮ ᠬᠥᠮᠥᠨ᠎ᠢ ᠰᠤᠷᠪᠤᠯᠵᠢᠯᠠᠨ᠂ ᠰᠤᠪᠨᠠᠭᠤᠷ᠂ ᠤᠯᠠᠭᠠᠨᠰᠤᠬᠠᠢ᠂ ᠲᠠᠭ᠎ᠠ᠎ᠵᠢᠨ ᠨᠠᠭᠤᠷ᠂ ᠬᠠᠷᠠᠤ᠋ᠰᠤ ᠨᠠᠭᠤᠷ᠂ ᠬᠥᠯᠥᠨ ᠨᠠᠭᠤᠷ ᠵᠢᠡᠷ ᠨᠢᠭᠡᠨ ᠵᠤᠨ᠎ᠤ ᠠᠶᠠᠯᠠᠯ ᠬᠢᠵᠦ᠍᠂ ᠡᠬᠡ ᠪᠠᠢᠭᠠᠯᠢ᠎ᠵᠢᠨ ᠨᠢᠭᠡᠨ ᠭᠠᠢᠬᠠᠮᠰᠢᠭ᠂ ᠠᠮᠢ ᠠᠬᠤᠢ᠎ᠵᠢᠨ ᠨᠢᠭᠡᠨ ᠲᠤᠤᠯᠢᠰ᠂ ᠬᠥᠮᠥᠨ ᠲᠥᠷᠥᠯᠬᠢᠲᠡᠨ ᠤ᠋ ᠨᠢᠭᠡᠨ ᠪᠣᠯᠪᠠᠰᠤᠨ᠎ᠢ ᠪᠡᠶ᠎ᠡ ᠰᠡᠳᠭᠢᠯ᠎ᠵᠢᠡᠷ ᠵᠢᠡᠨ ᠮᠡᠳᠡᠷᠡᠨ᠂ ᠬᠤᠯᠤᠰᠤᠨ ᠦᠵᠦᠭ ᠬᠠᠭᠤᠳᠠᠰᠤ ᠴᠠᠭᠠᠰᠤᠨ᠎ᠠ ᠪᠢᠴᠢᠵᠦ᠍ ᠲᠡᠮᠳᠡᠭ᠌ᠯᠡᠵᠦ᠍᠂ ᠰᠣᠨᠢᠨ ᠳᠡᠭᠡᠷ᠎ᠡ᠎ᠪᠡᠨ ᠨᠡᠢᠲᠡᠯᠡᠬᠦ᠎ᠵᠢᠨ ᠬᠠᠮᠲᠤ ᠱᠢᠨ᠎ᠡ ᠵᠠᠭᠤᠴᠢᠯᠠᠭᠤᠷ᠎ᠲᠤ ᠱᠢᠨ᠎ᠡ ᠲᠢᠭ᠌ ᠬᠡᠯᠪᠡᠷᠢ ᠪᠡᠷ ᠤᠷᠳᠤ ᠡᠪᠬᠡᠮᠡᠯ ᠡᠰᠭᠡᠨ᠂ ᠸᠢᠳᠢᠤ᠋  ᠪᠢᠴᠢᠯᠭᠡ ᠨᠠᠢᠷᠠᠭᠤᠯᠵᠤ᠂ ᠱᠢᠨ᠎ᠡ ᠴᠡᠭ ᠬᠠᠨᠳᠤᠯᠭ᠎ᠠ ᠪᠡᠷ ᠡᠷᠬᠢᠮ  ᠤᠩᠱᠢᠬ᠍ᠴᠢ᠂ ᠡᠷᠬᠢᠮᠰᠦᠭ ᠦᠵᠡᠭ᠌ᠴᠢᠳ᠎ᠲᠦ ᠎ᠪᠡᠨ 9 ᠰᠠᠷ᠎ᠠ᠎ᠵᠢᠨ 28 ᠎ᠦ ᠡᠳᠦᠷ ᠎ᠠᠴᠠ ᠡᠬᠢᠯᠡᠨ ᠲᠠᠪᠤᠨ ᠨᠡᠢᠲᠡᠯᠡᠯ᠎ᠢ ᠡᠷᠭᠦᠨ ᠪᠠᠷᠢᠬᠤ ᠪᠣᠯᠣᠨ᠎ᠠ᠃ ᠲᠠᠭᠠᠯᠠᠨ ᠪᠣᠯᠭᠠᠮᠤ !


ᠨᠠᠮᠤᠷ᠎ᠤᠨ ᠬᠤᠩᠭᠤᠷ ᠰᠠᠯᠬᠢᠨ ᠳ᠋ᠤ ᠨᠠᠭᠤᠷ᠎ᠤᠨ ᠬᠦᠪᠡᠬᠡᠨ᠎ᠡ ᠬᠤᠯᠤᠰᠤ ᠵᠡᠬᠡᠰᠦ ᠬᠠᠯᠢᠭᠤᠷᠠᠨ᠂ ᠬᠡᠬᠡᠷ᠎ᠡ ᠵᠢᠨ ᠰᠢᠪᠠᠭᠤᠳ ᠳᠤᠯᠢ ᠰᠢᠬ ᠮᠡᠯᠮᠡᠯᠵᠡᠨ ᠬᠤᠨᠢᠶᠠᠰᠤᠯᠠᠬᠤ ᠨᠠᠭᠤᠷ᠎ᠤᠨ ᠳᠡᠬᠡᠬᠦᠷ ᠬᠠᠯᠢᠨ ᠨᠢᠰᠴᠤ᠂ ᠨᠠᠭᠤᠷ᠎ᠤᠨ ᠤᠰᠤᠨ ᠳ᠋ᠤ ᠵᠢᠭᠠᠰᠤ ᠵᠢᠷᠠᠭᠠᠬᠠᠢ ᠢᠷᠠᠭᠠᠯᠳᠤᠨ᠂ ᠭᠠᠯᠠᠭᠤ ᠨᠤᠭᠤᠰᠤ ᠱᠤᠩᠪᠠᠨ ᠴᠡᠩᠬᠡᠯᠳᠦᠵᠦ ᠶᠡᠬᠡ ᠭᠤᠪᠢ ᠵᠢᠨ ᠬᠦᠨ ᠳ᠋ᠤ ᠠᠮᠢ ᠠᠮᠢᠵᠢᠷᠠᠯ ᠤ᠋ᠨ ᠡᠬᠡᠰᠢᠭ ᠬᠠᠩᠬᠢᠨᠠᠭᠤᠯᠤᠨ ᠴᠡᠯᠡᠢᠨ ᠴᠡᠩᠬᠡᠷᠳᠦᠨ᠎ᠡ᠃ ᠡᠨᠡ ᠪᠤᠯ ᠡᠵᠡᠨ᠎ᠡ ᠨᠤᠳᠤᠭ᠎ᠤᠨ ᠠᠮᠢᠨ ᠵᠢᠷᠦᠬᠡ — ᠰᠤᠪᠨᠠᠭᠤᠷ᠃ ᠶᠡᠬᠡ ᠭᠤᠪᠢ ᠵᠢᠨ ᠳᠤᠮᠳᠠ ᠡᠬᠡ ᠪᠠᠢᠭᠠᠯᠢ ᠵᠢᠨ ᠨᠢᠬᠡᠨ ᠭᠠᠢᠬᠠᠮᠰᠢᠭ ᠪᠤᠯᠵᠤ ᠪᠦᠷᠢᠯᠳᠦᠭᠰᠡᠨ ᠰᠤᠪᠨᠠᠭᠤᠷ ᠪᠤᠭᠤᠷᠤᠯ ᠳᠡᠦᠬᠡ ᠬᠦᠦᠷᠨᠢᠵᠦ ᠤᠢᠯᠤᠨ ᠴᠡᠩᠬᠡᠷᠯᠡᠨ᠂ ᠲᠠᠯᠠᠢ ᠶᠡᠬᠡ ᠪᠤᠶᠠᠨ᠎ᠢᠶᠡᠷ᠎ᠢᠶᠡᠨ ᠬᠦᠮᠦᠨ ᠠᠷᠠᠳ ᠵᠢᠡᠨ ᠡᠯᠢᠬᠡᠨ ᠳ᠋ᠡᠬᠡᠨ ᠪᠦᠬᠡᠴᠡᠢᠯᠡᠵᠤ ᠲᠠᠢᠪᠤᠩ ᠵᠢᠷᠭᠠᠯ᠎ᠢ ᠡᠳ᠋ᠯᠡᠬᠦᠯᠦᠭᠰᠡᠭᠡᠷ᠃


tu6.jpg


ᠡᠯᠡᠰᠦᠨ ᠴᠦᠯ ᠳ᠋ᠤ ᠪᠦᠷᠢᠯᠳᠦᠭᠰᠡᠨ ᠡᠭᠡ ᠪᠠᠢᠭᠠᠯᠢ ᠵᠢᠨ ᠨᠢᠭᠡᠨ ᠭᠠᠢᠬᠠᠮᠰᠢᠬ

ᠰᠤᠪᠨᠠᠭᠤᠷ ᠪᠠᠳᠠᠢ ᠵᠢᠨ ᠵᠢᠷᠠᠨ᠎ᠤ ᠡᠯᠡᠰᠦ ᠵᠢᠨ ᠪᠠᠷᠠᠭᠤᠨ ᠬᠤᠢᠳᠤ ᠬᠡᠰᠡᠭ᠎ᠢ ᠬᠦᠪᠡᠬᠡᠳᠡᠵᠤ ᠪᠠᠢᠷᠢᠯᠠᠳᠠᠭ᠃ ᠡᠵᠡᠨ᠎ᠠ ᠬᠤᠰᠢᠭᠤᠨ ᠤ᠋ ᠲᠦᠪ ᠳᠠᠯᠠᠢᠬᠦ᠋ᠪ ᠡᠴᠡ ᠵᠡᠬᠦᠨ ᠬᠤᠢᠰᠢ ᠪᠠᠨ 50 ᠺᠢᠯᠤᠮᠧᠲ᠋ᠷ᠎ᠵᠠᠢᠳᠠᠢ ᠪᠠᠢᠵᠤ᠂ ᠮᠠᠨ᠎ᠤ ᠤᠯᠤᠰ᠎ᠤᠨ ᠬᠤᠶᠠᠳᠤᠭᠠᠷ ᠶᠡᠬᠡ ᠳᠤᠳᠤᠭᠠᠳᠤ ᠬᠠᠭᠤᠷᠠᠢ ᠵᠢᠨ ᠭᠤᠤᠯ — ᠬᠠᠷ᠎ᠠ ᠭᠤᠤᠯ᠎ᠤᠨ ᠳᠤᠤᠷᠠᠳᠤ ᠤᠷᠤᠰᠬᠠᠯ᠎ᠤᠨ ᠠᠳᠠᠭ ᠲᠤ᠌ ᠪᠦᠷᠢᠯᠳᠦᠭᠰᠡᠨ ᠨᠠᠭᠤᠷ ᠠᠵᠢ᠃

ᠰᠤᠪᠨᠠᠭᠤᠷ ᠬᠡᠵᠤ ᠬᠠᠯᠢᠭᠤ ᠳᠠᠢ ᠨᠠᠭᠤᠷ ᠴᠦᠬᠦᠷᠦᠮ ᠬᠡᠮᠡᠬᠦ ᠤᠳᠭ᠎ᠠ ᠳᠠᠢ ᠬᠡᠵᠦ ᠳᠠᠢᠯᠪᠤᠷᠢᠯᠠᠵᠤ ᠪᠤᠢ᠃ ᠨᠤᠳᠤᠭ ᠨᠤᠳᠤᠭ᠎ᠤᠨ ᠬᠢᠨ ᠦᠪᠡᠷ ᠦᠪᠡᠷ᠎ᠤᠨ ᠵᠢᠡᠨ ᠦᠯᠢᠬᠡᠷ ᠳᠤᠮᠤᠭ ᠳᠠᠢ᠃ ᠰᠤᠪᠨᠠᠭᠤᠷ᠎ᠤᠨ ᠲᠤᠬᠠᠢ ᠦᠯᠢᠬᠡᠷ ᠳᠤᠮᠤᠭ ᠴᠤ᠌ ᠤᠯᠠᠨ ᠶᠤᠮ᠃ ᠪᠤᠮᠪᠤ ᠵᠢᠨ ᠰᠤᠷᠭᠠᠯᠳᠠᠠ ᠯᠤᠤᠽᠢ ᠦᠳᠡᠯᠦᠬᠡ ᠨᠠᠰᠤᠨ ᠳ᠋ᠠᠭᠠᠨ  ᠨᠢᠬᠡᠨ ᠡᠳᠦᠷ ᠬᠠᠷ᠎ᠠ ᠦᠬᠡᠷ ᠤᠨᠤᠵᠤ᠂ ᠨᠡᠢᠰᠯᠡᠯ ᠬᠤᠳᠠ ᠯᠦᠧᠧᠶᠠᠩ ᠡᠴᠡ ᠠᠶᠠᠷᠯᠠᠨ ᠰᠠᠯᠵᠤ ᠪᠠᠷᠠᠭᠤᠨ᠎ᠠ ᠵᠢ ᠵᠤᠷᠢᠵᠤ ᠮᠤᠷᠳᠠᠯ᠎ᠠ᠃ ᠨᠢᠬᠡᠨ ᠡᠳᠦᠷ ᠲᠡᠷᠡ ᠬᠠᠨ ᠬᠦ ᠭᠤᠸᠠᠨ ᠬᠡᠳᠡᠭ ᠪᠤᠭᠤᠮᠳᠠ ᠳ᠋ᠤ ᠬᠦᠷᠪᠡ᠃ ᠪᠤᠭᠤᠮᠳᠠ ᠵᠢ ᠰᠠᠬᠢᠭᠰᠠᠨ ᠨᠤᠶᠠᠨ ᠶᠢᠩ ᠱᠢ ᠬᠡᠳᠡᠭ ᠬᠦᠮᠦᠨ ᠯᠤᠤᠽᠢ ᠵᠢᠨ ᠦᠵᠡᠯ ᠰᠠᠨᠠᠭ᠎ᠠ ᠵᠢᠨ ᠰᠤᠷᠭᠠᠯ ᠠᠭᠤᠯᠭ᠎ᠠ ᠪᠠᠨ ᠦᠰᠦᠭ ᠪᠢᠴᠢᠭ ᠪᠤᠯᠭᠠᠨ ᠦᠯᠡᠳᠡᠬᠡᠨ ᠦᠭᠬᠦ ᠵᠢ ᠭᠤᠶᠤᠴᠢᠯᠠᠪᠠ᠃ ᠢᠩᠬᠢᠬᠡᠳ ᠯᠤᠤᠽᠢ ᠵᠢᠨ 《ᠶᠤᠰᠤ ᠡᠷᠳᠡᠮ᠎ᠤᠨ ᠨᠤᠮ》 ᠪᠢᠴᠢᠭᠳᠡᠨ ᠦᠯᠡᠳᠡᠵᠡᠢ᠃ ᠲᠡᠨᠳᠡ ᠡᠴᠡ  ᠯᠤᠤᠽᠢ ᠦᠬᠡᠷ ᠵᠢᠡᠨ ᠤᠨᠤᠵᠤ ᠪᠠᠷᠠᠭᠤᠨᠰᠢ ᠶᠠᠪᠤᠵᠠᠢ᠃ ᠯᠤᠤᠽᠢ ᠰᠤᠪᠨᠠᠭᠤᠷ ᠤ᠋ᠨ ᠬᠦᠪᠡᠬᠡ ᠳ᠋ᠤ ᠬᠦᠷᠴᠦ ᠢᠷᠡᠬᠡᠳ ᠭᠤᠶᠤ ᠦᠵᠡᠮᠵᠢ ᠵᠢ ᠪᠠᠬᠠᠷᠤᠨ ᠡᠨᠳᠡ ᠰᠠᠬᠢᠭᠤᠯᠤᠭᠰᠠᠨ ᠪᠤᠯᠤᠭᠰᠠᠨ ᠬᠡᠮᠡᠬᠦ ᠳᠤᠮᠤᠭ ᠦᠯᠢᠬᠡᠷ ᠲᠠᠢ᠃

ᠲᠠᠩ ᠤᠯᠤᠰ᠎ᠤᠨ ᠠᠯᠳᠠᠷᠳᠤ ᠰᠢᠯᠦᠭᠴᠢ ᠸᠠᠩ ᠸᠧᠢ᠄《ᠭᠠᠭᠴᠠ ᠳᠡᠷᠬᠡ ᠪᠡᠷ ᠬᠢᠯᠢ ᠵᠢ ᠡᠷᠬᠢᠷ᠎ᠡ ᠡᠴᠢᠷᠦᠨ / ᠭᠠᠰᠢᠭᠤᠨ ᠨᠠᠭᠤᠷ — ᠬᠠᠷᠢᠶᠠᠳᠤ ᠤᠯᠤᠰ ᠵᠢᠡᠷ ᠦᠩᠬᠡᠷᠡᠪᠡ / ᠪᠦᠮᠪᠦᠷᠢᠬᠦ ᠬᠠᠮᠬᠤᠤᠯ ᠬᠠᠨ᠎ᠤ ᠬᠢᠯᠢ ᠡᠴᠡ ᠭᠠᠷᠬᠤᠶ᠎ᠠ / ᠪᠤᠴᠠᠬᠤ ᠭᠠᠯᠠᠭᠤ ᠡᠾᠤᠢ᠍ᠩᠨᠤ ᠵᠢᠨ ᠳᠡᠭᠷᠢ ᠳ᠋ᠤᠷ ᠤᠷᠤᠪᠠ》 ᠬᠡᠵᠦ ᠰᠤᠪᠨᠠᠭᠤᠷ᠎ᠤᠨ ᠳᠤᠬᠠᠢ ᠰᠢᠯᠦᠭᠯᠡᠭᠰᠡᠨ ᠪᠠᠢᠳᠠᠭ᠃ ᠠᠷᠠᠳ᠎ᠤᠨ ᠳᠤᠮᠳᠠ ᠪᠠᠰᠠ ᠭᠠᠰᠢᠭᠤᠨ ᠨᠠᠭᠤᠷ ᠲᠤ᠌ 《ᠬᠤᠤᠷᠳᠤ ᠮᠤᠭᠠᠢ ᠵᠢᠨ ᠬᠤᠤᠷ ᠤᠷᠤᠰᠤᠨ ᠤᠷᠤᠭᠰᠠᠨ》᠂ 《ᠱᠤᠯᠤᠮ ᠰᠢᠬᠡᠰᠦ ᠪᠠᠨ ᠰᠠᠷᠢᠭᠰᠠᠨ》 ᠡᠴᠡ ᠭᠠᠰᠢᠭᠤᠨ ᠪᠤᠯᠤᠭᠰᠠᠨ ᠬᠡᠵᠦ ᠬᠠᠭᠤᠴᠢᠯᠠᠳᠠᠭ᠃

ᠰᠤᠪᠨᠠᠭᠤᠷ ᠪᠤᠯ ᠬᠠᠷ᠎ᠠ ᠭᠤᠤᠯ᠂ ᠡᠵᠡᠨ᠎ᠡ ᠭᠤᠤᠯ᠎ᠤᠨ ᠴᠢᠳᠬᠤᠯᠠᠩ᠃ ᠮᠦᠩᠬᠡ ᠴᠠᠰᠤᠳᠤ ᠵᠢᠨ ᠬᠠᠢᠷᠬᠠᠨ ᠬᠦᠬᠡᠨᠠᠭᠤᠷ᠎ᠤᠨ ᠴᠢ ᠯᠢᠶᠠᠨ ᠱᠠᠨ ᠠᠭᠤᠯᠠᠨ ᠡᠴᠡ ᠡᠬᠢ ᠳᠠᠢ ᠬᠠᠷ᠎ᠠ ᠭᠤᠤᠯ ᠬᠡᠵᠤ ᠬᠦᠬᠡᠨᠠᠭᠤᠷ᠂ ᠭᠠᠨᠰᠤ᠂ ᠦᠪᠦᠷ ᠮᠤᠩᠭᠤᠯ ᠭᠤᠷᠪᠠᠨ ᠮᠤᠵᠢ ᠤᠷᠤᠨ᠎ᠢᠶᠡᠷ ᠤᠷᠤᠰᠤᠨ ᠦᠩᠬᠡᠷᠡᠵᠤ᠂ ᠠᠭᠤᠯᠠ ᠨᠢᠷᠤᠭᠤ᠂ ᠭᠤᠤ ᠬᠠᠪᠴᠢᠯ᠂ ᠭᠤᠪᠢ ᠴᠦᠯ᠎ᠢ ᠤᠮᠳᠠᠯᠠᠨ ᠤᠷᠤᠰᠤᠬᠰᠠᠭᠠᠷ 1000 ᠰᠢᠬᠠᠮ ᠺᠢᠯᠤᠮᠧᠲᠷ᠎ᠤᠨ ᠠᠶᠠᠨ᠎ᠤ ᠦᠵᠦᠬᠦᠷ ᠲᠤ᠌ ᠡᠵᠡᠨ᠎ᠡ ᠵᠢᠨ ᠰᠤᠪᠨᠠᠭᠤᠷ ᠪᠠ ᠭᠠᠰᠢᠭᠤᠨ ᠨᠠᠭᠤᠷ ᠲᠤ᠌ ᠴᠢᠳᠬᠤᠳᠠᠭ ᠪᠠᠢᠵᠠᠢ᠃


tu7.jpg


《ᠬᠠᠷ᠎ᠠ ᠭᠤᠤᠯ᠎ᠤᠨ ᠳᠤᠤᠷᠠᠳᠤ ᠤᠷᠤᠰᠬᠠᠯ ᠢ᠋ ᠮᠠᠨᠠᠢᠬᠢᠨ ᠡᠵᠡᠨ᠎ᠡ ᠭᠤᠤᠯ ᠬᠡᠳᠡᠭ᠃ ᠡᠵᠡᠨ᠎ᠡ ᠭᠤᠤᠯ ᠨᠢ ᠡᠵᠡᠨ᠎ᠡ ᠵᠢᠨ ᠬᠢᠯᠢ ᠳ᠋ᠤ ᠮᠦᠷᠡᠨ ᠭᠤᠤᠯ (ᠮᠤᠷᠢᠨ ᠭᠤᠤᠯ) ᠪᠠ ᠡᠮᠦᠨ᠎ᠡ ᠭᠤᠤᠯ (ᠵᠡᠬᠦᠨ ᠭᠤᠤᠯ) ᠬᠡᠵᠦ ᠬᠤᠶᠠᠷ ᠤᠷᠤᠰᠬᠠᠯ ᠪᠤᠯᠵᠤ ᠰᠠᠯᠪᠤᠷᠢᠯᠠᠨ ᠤᠷᠤᠰᠴᠤ᠂ ᠮᠦᠷᠡᠨ ᠭᠤᠤᠯ ᠨᠢ ᠲᠡᠬᠢᠨ ᠴᠤᠨᠵᠢ ᠵᠢᠨ ᠭᠤᠤᠯ᠂ ᠯᠦᠩᠽᠢ ᠵᠢᠨ ᠭᠤᠤᠯ ᠬᠡᠮᠡᠨ ᠰᠠᠯᠪᠤᠷᠢᠯᠠᠨ ᠤᠷᠤᠰᠴᠤ᠂ ᠡᠮᠦᠨ᠎ᠡ ᠭᠤᠤᠯ ᠨᠢ ᠤᠷᠤᠰᠬᠠᠯ ᠳᠠᠭᠠᠤ ᠪᠠᠨ ᠤᠪᠤᠭ᠎ᠠ ᠵᠢᠨ ᠭᠤᠤᠯ᠂ ᠬᠦᠭᠰᠢᠨ ᠭᠤᠤᠯ᠂ ᠬᠠᠷ᠎ᠠ ᠰᠤᠬᠠᠢ ᠵᠢᠨ ᠭᠤᠤᠯ᠂ ᠦᠨᠳᠦᠷ ᠡᠯᠡᠰᠦᠨ᠎ᠤ ᠭᠤᠤᠯ᠂ ᠰᠡᠬᠡᠷ᠎ᠤᠨ ᠳᠤᠤᠷᠠᠢ ᠵᠢᠨ ᠭᠤᠤᠯ᠂ ᠵᠤᠤᠬ᠎ᠠ ᠵᠢᠨ ᠭᠤᠤᠯ᠂ ᠮᠤᠨᠤᠩ᠎ᠤᠨ ᠭᠤᠤᠯ ᠁ ᠬᠡᠮᠡᠨ ᠨᠡᠢᠳᠡ 29 ᠭᠤᠤᠯ ᠪᠤᠯᠵᠤ ᠰᠠᠯᠪᠤᠷᠢᠯᠠᠨ᠂ ᠬᠦᠮᠦᠨ᠎ᠤ ᠮᠠᠬᠠᠪᠤᠳ᠎ᠤᠨ ᠴᠢᠰᠤᠨ ᠰᠤᠳᠠᠰᠤ ᠬᠡᠮᠡᠷ ᠤᠯᠠᠨ ᠤᠳᠠᠭ᠎ᠠ ᠰᠠᠯᠵᠤ ᠨᠡᠢᠯᠡᠨ ᠤᠷᠤᠰᠴᠤ᠂ ᠭᠤᠪᠢ ᠴᠦ᠋ᠯ ᠤ᠋ᠨ ᠳᠤᠤᠷᠠᠢ ᠰᠤᠬᠠᠢ ᠵᠢᠭᠳᠡ ᠵᠠᠭ᠎ᠤᠨ ᠤᠢ ᠵᠢ ᠤᠮᠳᠠᠯᠠᠨ ᠤᠮᠳᠠᠯᠠᠭᠰᠠᠭᠠᠷ ᠰᠤᠪᠨᠠᠭᠤᠷ ᠪᠠ ᠭᠠᠰᠢᠭᠤᠨ ᠨᠠᠭᠤᠷ ᠲᠤ᠌ ᠴᠢᠳᠬᠤᠵᠤ ᠡᠵᠡᠨ᠎ᠡ ᠵᠢᠨ ᠨᠤᠭᠤᠭᠠᠨ ᠪᠦᠷᠢᠳᠤ ᠵᠢ ᠪᠦᠷᠢᠯᠳᠦᠬᠦᠯᠵᠡᠢ》ᠬᠡᠵᠦ ᠨᠤᠳᠤᠭ᠎ᠤᠨ ᠳᠡᠦᠬᠡ ᠰᠤᠶᠤᠯ᠎ᠢᠶᠡᠨ ᠡᠮᠬᠢᠳᠬᠡᠨ ᠰᠤᠳᠤᠯᠵᠤ ᠢᠷᠡᠭᠰᠡᠨ ᠡᠵᠡᠨ᠎ᠡ ᠬᠤᠰᠢᠭᠤᠨ᠎ᠤ ᠳᠡᠦᠬᠡ ᠰᠤᠶᠤᠯ ᠤ᠋ᠨ ᠰᠤᠳᠤᠯᠭᠠᠨ᠎ᠤ ᠬᠤᠷᠠᠯ ᠤ᠋ᠨ ᠳᠠᠷᠤᠭ᠎ᠠ ᠭᠠᠯᠰᠠᠩᠫᠤᠩᠰᠤᠭ ᠳᠠᠨᠢᠯᠴᠠᠭᠤᠯᠤᠯ᠎ᠠ᠃


tu3.jpg

        ᠭᠠᠯᠰᠠᠩᠫᠤᠩᠰᠤᠭ


ᠰᠤᠪᠨᠠᠭᠤᠷ᠎ᠤᠨ ᠳᠡᠦᠬᠡ ᠵᠢ ᠮᠦᠷᠳᠡᠪᠡᠯ᠂ ᠨᠡᠢᠳᠡ ᠵᠢᠨ ᠤᠨ ᠳᠤᠭᠠᠯᠠᠯ ᠡᠴᠡ ᠡᠮᠦᠨ᠎ᠡ ᠰᠤᠪᠨᠠᠭᠤᠷ ᠤ᠋ᠨ ᠲᠠᠯᠠᠪᠠᠢ 2600 ᠳᠡᠭᠰᠢ ᠲᠦᠷᠪᠡᠯᠵᠢᠨ ᠺᠢᠯᠤᠮᠧᠲᠷ ᠲᠤ᠌ ᠬᠦᠷᠴᠦ᠂ ᠴᠢᠨ ᠬᠠᠨ᠎ᠤ ᠦᠶ᠎ᠠ ᠳ᠋ᠤ 720 ᠳᠡᠭᠰᠢ ᠲᠦᠷᠪᠡᠯᠵᠢᠨ ᠺᠢᠯᠤᠮᠧᠲᠷ ᠲᠤ᠌ ᠬᠦᠷᠴᠦ ᠪᠠᠢᠵᠠᠢ ᠁᠃ ᠤᠢᠷ᠎ᠠ ᠦᠶ᠎ᠠ ᠳ᠋ᠤ ᠬᠦᠷᠴᠦ ᠢᠷᠡᠪᠡᠯ᠂ ᠰᠤᠪᠨᠠᠭᠤᠷ᠎ᠤᠨ ᠳᠤᠬᠠᠢ 3 ᠤᠳᠠᠭ᠎ᠠ ᠵᠢᠨ ᠳᠡᠮᠳᠡᠭᠯᠡᠯ ᠳᠠᠢ᠄ ᠳᠡᠬᠡᠷ᠎ᠠ ᠵᠠᠭᠤᠨ᠎ᠤ ᠭᠤᠴᠢᠭᠠᠳ ᠤᠨ᠎ᠤ ᠦᠶ᠎ᠠ ᠳ᠋ᠤ ᠰᠤᠪᠨᠠᠭᠤᠷ ᠪᠠ ᠭᠠᠰᠢᠭᠤᠨ ᠨᠠᠭᠤᠷ᠎ᠤᠨ ᠲᠠᠯᠠᠪᠠᠢ 300 ᠭᠠᠷᠤᠢ ᠳᠡᠭᠰᠢ ᠲᠦᠷᠪᠡᠯᠵᠢᠨ ᠺᠢᠯᠤᠮᠧᠲ᠋ᠷ ᠲᠤ᠌ ᠬᠦᠷᠴᠦ ᠪᠠᠢᠵᠠᠢ᠃ 1927 ᠤᠨ ᠤ᠋ ᠭᠧᠷᠮᠠᠨ᠂ ᠰᠧᠢ᠍ᠰ᠂ ᠳᠤᠮᠳᠠᠳᠤ ᠤᠯᠤᠰ᠎ᠤᠨ ᠬᠠᠭᠤᠴᠢ ᠰᠤᠳᠤᠯᠤᠭᠴᠢᠳ᠎ᠤᠨ ᠠᠩᠬᠢ ᠵᠢᠨ ᠲᠦᠷᠰᠦ ᠰᠢᠩᠬᠡᠬᠡᠯᠳᠡ ᠵᠢᠨ ᠮᠠᠲ᠋ᠧᠷᠢᠶᠠᠯ᠎ᠢ ᠦᠨᠳᠦᠰᠦᠯᠡᠪᠡᠯ᠂ ᠰᠤᠪᠨᠠᠭᠤᠷ᠎ᠤᠨ ᠤᠰᠤ ᠨᠢ ᠬᠦᠨ ᠪᠦᠬᠡᠳ ᠨᠡᠯᠦᠬᠡᠷ ᠶᠡᠬᠡ ᠪᠠᠢᠵᠠᠢ᠃ 1944 ᠤᠨ ᠳ᠋ᠤ ᠳᠠᠷᠢᠶᠠᠯᠠᠩ᠎ᠤᠨ ᠰᠢᠨᠵᠢᠯᠡᠬᠦ ᠤᠬᠠᠭᠠᠨᠳᠠᠨ ᠰᠤᠪᠨᠠᠭᠤᠷ ᠲᠤ᠌ ᠪᠠᠢᠴᠠᠭᠠᠨ ᠰᠤᠳᠤᠯᠤᠯᠳᠠ ᠬᠢᠬᠦ ᠳ᠋ᠡᠬᠡᠨ 《ᠨᠠᠭᠤᠷ᠎ᠤᠨ ᠤᠰᠤᠨ ᠳ᠋ᠤ ᠤᠯᠠᠨ ᠵᠦᠢᠯ᠎ᠤᠨ ᠵᠢᠭᠠᠰᠤ ᠵᠢᠷᠠᠭᠠᠬᠠᠢ ᠴᠤᠯᠬᠢᠨ᠂ ᠨᠠᠭᠤᠷ᠎ᠤᠨ ᠤᠰᠤᠨ ᠳᠡᠬᠡᠬᠦᠷ ᠰᠢᠪᠠᠭᠤᠳ ᠰᠦᠷᠦᠭᠯᠡᠨ ᠬᠠᠯᠢᠨ ᠨᠢᠰᠦᠭᠡᠳ ᠡᠳᠡᠭᠡᠳ ᠭᠤᠶᠤ ᠦᠵᠡᠮᠵᠢ ᠵᠢ ᠪᠦᠷᠢᠯᠳᠦᠬᠦᠯᠵᠡᠢ᠃ ᠬᠤᠯᠤᠰᠤ ᠵᠡᠬᠡᠰᠦ ᠢᠭᠴᠤᠷᠠᠨ᠂ ᠳᠡᠮᠡᠬᠡ ᠳᠠᠢ ᠬᠦᠮᠦᠨ ᠬᠤᠯᠤᠰᠤᠨ᠎ᠳ᠋ᠤ ᠤᠷᠤᠪᠠᠯ ᠦᠵᠡᠭᠳᠡᠬᠦ ᠦᠬᠡᠢ ᠪᠤᠯᠤᠨ᠎ᠠ》 ᠬᠡᠵᠤ ᠳᠡᠮᠳᠡᠭᠯᠡᠵᠡᠢ᠃ 1958 ᠤᠨ ᠤ᠋ ᠳᠤᠮᠳᠠᠳᠤ ᠤᠯᠤᠰ᠎ᠤᠨ ᠰᠢᠨᠵᠢᠯᠡᠬᠦ ᠤᠬᠠᠭᠠᠨ᠎ᠤ ᠬᠦᠷᠢᠶᠡᠯᠡᠩ᠎ᠤᠨ ᠪᠠᠢᠴᠠᠭᠠᠨ ᠰᠤᠳᠤᠯᠤᠯᠳᠠ ᠳ᠋ᠤ ᠭᠠᠰᠢᠭᠤᠨ ᠨᠠᠭᠤᠷ᠎ᠤᠨ ᠲᠠᠯᠠᠪᠠᠢ 267 ᠳᠡᠭᠰᠢ ᠲᠦᠷᠪᠡᠯᠵᠢᠨ ᠺᠢᠯᠤᠮᠧᠲ᠋ᠷ᠂ ᠰᠤᠪᠨᠠᠭᠤᠷ᠎ᠤᠨ ᠲᠠᠯᠠᠪᠠᠢ 35.5 ᠳᠡᠭᠰᠢ ᠲᠦᠷᠪᠡᠯᠵᠢᠨ ᠺᠢᠯᠤᠮᠧᠲ᠋ᠷ ᠪᠠᠢᠵᠠᠢ᠃

《1961 ᠤᠨ ᠳ᠋ᠤ ᠭᠠᠰᠢᠭᠤᠨ ᠨᠠᠭᠤᠷ ᠬᠠᠳᠠᠵᠤ᠂ 1992 ᠤᠨ ᠳ᠋ᠤ ᠰᠤᠪᠨᠠᠭᠤᠷ ᠬᠠᠳᠠᠵᠠᠢ᠃ 2002 ᠤᠨ ᠳ᠋ᠤ ᠰᠤᠪᠨᠠᠭᠤᠷ ᠲᠤ᠌ ᠤᠰᠤ ᠤᠷᠤᠭᠤᠯᠵᠤ᠂ ᠤᠳᠤ 40 ᠲᠡᠭᠰᠢ ᠳᠥᠷᠪᠡᠯᠵᠢᠨ ᠺᠢᠯᠣᠮᠧᠲᠷ ᠤᠰᠤᠨ᠎ᠤ ᠬᠡᠮᠵᠢᠶ᠎ᠠ ᠵᠢ ᠪᠠᠳᠤᠯᠠᠵᠤ ᠪᠠᠢᠨ᠎ᠠ》 ᠬᠡᠮᠡᠨ ᠡᠵᠡᠨ᠎ᠡ ᠬᠤᠰᠢᠭᠤᠨ ᠤ᠋ ᠤᠰᠤᠨ ᠠᠰᠢᠭᠯᠠᠯᠳᠠ ᠵᠢᠨ ᠳᠤᠪᠴᠢᠶ᠎ᠠ ᠵᠢᠨ ᠳᠠᠷᠤᠭ᠎ᠠ᠂ ᠳᠡᠳ᠋ ᠬᠤᠰᠢᠭᠤᠨ  ᠳᠠᠷᠤᠭ᠎ᠠ ᠪᠡᠷ ᠠᠵᠢᠯᠯᠠᠵᠤ ᠪᠠᠢᠭᠰᠠᠨ ᠠᠬᠠᠮᠠᠳ ᠺᠠᠳ᠋ᠷ ᠳ᠋ᠧᠩ ᠵᠢᠢ ᠶᠢᠦ ᠤᠨ ᠵᠢᠯ᠎ᠤᠨ ᠳᠡᠷᠳᠡᠬᠡ ᠳ᠋ᠡᠬᠢ ᠰᠤᠪᠨᠠᠭᠤᠷ᠎ᠤᠨ ᠡᠷᠳᠡᠨ ᠡᠳᠦᠬᠡ ᠵᠢ ᠠᠯᠠᠭᠠᠨ ᠤ᠋ ᠵᠢᠷᠤᠭᠠᠰᠤ ᠪᠠᠨ ᠰᠢᠭ᠋ ᠳᠤᠳᠤᠬᠠᠨ ᠪᠠᠢᠯ᠎ᠠ᠃


tu4.jpg

            ᠳ᠋ᠧᠩ ᠵᠢᠢ ᠶᠢᠦ 


ᠰᠤᠪᠨᠠᠭᠤᠷ ᠨᠢ ᠦᠪᠦᠷ ᠮᠤᠩᠭᠤᠯ᠎ᠤᠨ ᠤᠮᠠᠷᠠᠳᠤ ᠵᠢᠨ ᠨᠤᠮᠢᠨ ᠨᠤᠭᠤᠭᠠᠨ ᠬᠠᠯᠬᠠᠪᠴᠢ ᠵᠢ ᠪᠠᠢᠭᠤᠯᠬᠤ ᠳ᠋ᠤ ᠴᠢᠬᠤᠯᠠ ᠠᠴᠢ ᠬᠤᠯᠪᠤᠭᠳᠠᠯ ᠳᠠᠢ᠃ ᠡᠵᠡᠨ᠎ᠡ ᠭᠤᠤᠯ ᠨᠢ ᠤᠷᠤᠰᠬᠠᠯ ᠳᠠᠭᠠᠤ ᠪᠠᠨ ᠪᠠᠢᠭᠠᠯᠢᠯᠢᠭ ᠨᠤᠭᠤᠭᠠᠨ ᠤᠢ ᠵᠢᠨ ᠬᠠᠯᠬᠠᠪᠴᠢ ᠵᠢ ᠪᠦᠷᠢᠯᠳᠦᠬᠦᠯᠵᠦ᠂ ᠪᠠᠷᠠᠭᠤᠨ ᠬᠤᠢᠳᠤ ᠵᠢᠨ ᠰᠠᠯᠬᠢᠨ ᠤ᠋ ᠢᠳᠡᠭᠳᠡᠯ ᠢ᠋ ᠬᠠᠯᠬᠠᠯᠠᠭᠰᠠᠨ ᠡᠴᠡ ᠭᠠᠩ ᠬᠠᠭᠤᠷᠠᠢ ᠭᠠᠵᠠᠷ ᠲᠤ᠌ ᠡᠨᠡ᠌ ᠬᠦ᠌ ᠨᠤᠭᠤᠭᠠᠨ ᠬᠠᠯᠠᠭᠪᠴᠢ ᠨᠢ ᠮᠠᠰᠢ ᠴᠢᠬᠤᠯᠠ ᠦᠢᠯᠡᠳᠦᠯ ᠵᠢᠡᠨ ᠦᠵᠡᠬᠦᠯᠦᠭᠰᠡᠬᠡᠷ ᠢᠷᠡᠵᠡᠢ᠃ 《ᠯᠢᠨ ᠡᠾᠧ ᠡᠴᠡ ᠬᠠᠮᠢ ᠬᠦᠷᠬᠦ ᠳᠡᠮᠦᠷ ᠵᠠᠮ᠂ ᠪᠡᠬᠡᠵᠢᠩ ᠡᠴᠡ ᠰᠢᠨᠵᠢᠶᠠᠩ ᠬᠦᠷᠬᠦ ᠲᠦᠷᠬᠡᠨ ᠤ᠋ ᠵᠠᠮ ᠡᠵᠡᠨ᠎ᠡ ᠪᠡᠷ ᠦᠩᠬᠡᠷᠡᠵᠦ ᠪᠤᠢ᠃ ᠵᠠᠮ ᠬᠠᠷᠢᠯᠴᠠᠭ᠎ᠠ ᠰᠠᠭᠠᠳ ᠦᠬᠡᠢ ᠨᠡᠪᠳᠡᠷᠡᠬᠦ ᠳ᠋ᠤ ᠮᠦᠨ ᠴᠤ᠌ ᠰᠠᠢᠨ ᠠᠮᠢ ᠠᠬᠤᠢ ᠵᠢᠨ ᠤᠷᠴᠢᠨ ᠪᠠᠢᠬᠤ ᠬᠡᠷᠡᠭᠳᠡᠢ᠃ ᠡᠵᠡᠨ᠎ᠠ ᠨᠤᠳᠤᠭ ᠦᠪᠦᠷ ᠮᠤᠩᠭᠤᠯ᠎ᠤᠨ ᠬᠠᠮᠤᠭ᠎ᠤᠨ ᠪᠠᠷᠠᠭᠤᠨ ᠬᠡᠰᠡᠭ ᠲᠤ᠌ ᠪᠠᠢᠷᠢᠯᠠᠳᠠᠭ᠃ ᠡᠨᠳᠡᠬᠢ ᠠᠮᠢ ᠠᠬᠤᠢ ᠵᠢ ᠰᠠᠢᠳᠤᠷ ᠬᠠᠮᠠᠭᠠᠯᠠᠵᠤ ᠪᠦᠳᠦᠬᠡᠨ ᠪᠠᠢᠭᠤᠯᠬᠤ ᠨᠢ ᠪᠢᠳᠡᠨ ᠤ᠋ ᠦᠨᠳᠦᠰᠦᠳᠡᠨ᠎ᠤ ᠪᠦᠯᠬᠦᠮᠳᠡᠯ ᠢ᠋ ᠠᠬᠢᠭᠤᠯᠬᠤ᠂ ᠬᠢᠯᠢ ᠬᠢᠵᠠᠭᠠᠷ᠎ᠤᠨ ᠠᠮᠤᠷ ᠳᠤᠭᠳᠠᠭᠤᠨ ᠢ᠋ ᠪᠡᠬᠢᠵᠢᠬᠦᠯᠬᠦ ᠳ᠋ᠤ ᠴᠢᠬᠤᠯᠠ ᠠᠴᠢ ᠬᠤᠯᠪᠤᠭᠳᠠᠯ ᠳᠠᠢ》 ᠬᠡᠵᠦ ᠳ᠋ᠧᠩ ᠵᠢᠢ ᠶᠢᠦ ᠶᠠᠷᠢᠵᠤ ᠪᠠᠢᠯ᠎ᠠ᠃

《ᠲᠤᠷᠭᠠᠨ ᠵᠠᠮ 》 ᠲᠡᠭᠡᠷ᠎ᠡ  ᠭᠡᠷᠡᠯᠳᠦᠭᠰᠡᠨ ᠬᠦᠮᠦᠨ ᠲᠦᠷᠦᠯᠬᠢᠳᠡᠨ᠎ᠤ ᠨᠢᠭᠡᠨ ᠪᠤᠯᠪᠠᠰᠤᠨ

ᠨᠠᠭᠤᠷ ᠭᠤᠤᠯ ᠵᠢᠡᠨ ᠳᠠᠭᠠᠵᠤ ᠰᠤᠶᠤᠯ ᠪᠤᠯᠪᠠᠰᠤᠨ ᠪᠦᠷᠢᠯᠳᠦᠳᠡᠭ᠃ ᠦᠯᠢᠬᠡᠷ ᠲᠤᠮᠤᠭ ᠲᠠᠢ ᠰᠤᠪᠨᠠᠭᠤᠷ᠎ᠤᠨ ᠳᠡᠦᠬᠡᠨ ᠤᠯᠪᠠᠭ᠎ᠠ ᠵᠢ ᠮᠦᠷᠳᠡᠪᠡᠯ᠂ ᠠᠳᠠᠯᠢ ᠪᠤᠰᠤ ᠳᠡᠦᠬᠡᠨ ᠴᠠᠭ ᠦᠶ᠎ᠡ ᠳ᠋ᠤ ᠠᠳᠠᠯᠢ ᠪᠤᠰᠤ ᠵᠢᠨ ᠨᠡᠷᠡᠢᠳᠦᠯ ᠳᠠᠢ ᠠᠵᠢ᠃ ᠡᠾᠦᠢ᠍ᠩᠨᠤ ᠵᠢᠨ ᠦᠶ᠎ᠠ ᠳ᠋ᠤ ᠳᠡᠭᠷᠢ ᠨᠠᠭᠤᠷ᠂ ᠬᠠᠨ ᠤᠯᠤᠰ᠎ᠤᠨ ᠦᠶ᠎ᠠ ᠳ᠋ᠤ ᠵᠢᠤᠢ ᠶᠠᠨ ᠽᠧ᠂ ᠸᠧᠢ ᠵᠢᠨ ᠤᠯᠤᠰ᠎ᠤᠨ ᠦᠶ᠎ᠠ ᠳ᠋ᠤ ᠪᠠᠷᠠᠭᠤᠨ ᠳᠠᠯᠠᠢ᠂ ᠲᠠᠩ ᠤᠯᠤᠰ᠎ᠤᠨ ᠦᠶ᠎ᠠ ᠳ᠋ᠤ ᠵᠢᠤᠢ ᠶᠠᠨ ᠬᠠᠢ᠂ ᠴᠢᠩ ᠤᠯᠤᠰ᠎ᠤᠨ ᠰᠡᠬᠦᠯᠴᠢ ᠪᠡᠷ ᠭᠠᠰᠢᠭᠤᠨ ᠨᠠᠭᠤᠷ ᠰᠤᠪᠨᠠᠭᠤᠷ (ᠪᠤᠭᠤ ᠨᠠᠭᠤᠷ᠂ ᠰᠤᠭᠤ ᠨᠠᠭᠤᠷ)ᠬᠡᠵᠦ ᠨᠡᠷᠡᠯᠡᠳᠡᠭ ᠪᠤᠯᠵᠠᠢ᠃

ᠭᠤᠪᠢ ᠵᠢᠨ ᠬᠦᠨ ᠳ᠋ᠡᠬᠢ ᠨᠤᠭᠤᠭᠠᠨ ᠪᠦᠷᠢᠳᠤ ᠰᠤᠪᠨᠠᠭᠤᠷ ᠨᠢ ᠳᠡᠦᠬᠡᠨ ᠳ᠋ᠤ ᠨᠢᠬᠡ ᠭᠠᠵᠠᠷ᠎ᠤᠰᠤᠨ ᠤ᠋ ᠨᠡᠷ᠎ᠡ ᠳᠡᠳᠦᠢ ᠪᠢᠰᠢ ᠰᠤᠶᠤᠯ᠎ᠤᠨ ᠪᠡᠯᠬᠡ ᠳᠡᠮᠳᠡᠭ ᠶᠤᠮ᠃ ᠬᠦᠮᠦᠨ ᠲᠦᠷᠦᠯᠬᠢᠳᠡᠨ᠎ᠤ ᠡᠷᠳᠡᠨ᠎ᠤ ᠰᠤᠶᠤᠯ ᠪᠤᠯᠪᠠᠰᠤᠨ ᠤᠯᠨ ᠮᠦᠷ ᠵᠢᠡᠨ ᠦᠯᠡᠳᠡᠬᠡᠵᠦ᠂ ᠵᠢᠤᠢ ᠶᠠᠨ᠎ᠤ ᠪᠤᠯᠪᠠᠰᠤᠨ ᠡᠨᠳᠡ ᠪᠦᠷᠢᠯᠳᠦᠵᠦ᠂ ᠳᠤᠮᠳᠠᠳᠤ ᠵᠢᠨ ᠦᠨᠳᠦᠰᠦᠳᠡᠨ᠎ᠤ ᠰᠤᠶᠤᠯ ᠪᠤᠯᠪᠠᠰᠤᠨ ᠤ᠋ ᠡᠬᠦᠰᠦᠯ᠎ᠤᠨ ᠭᠠᠵᠠᠷ᠎ᠤᠨ ᠨᠢᠬᠡ ᠪᠤᠯᠪᠠ᠃ ᠳᠡᠦᠬᠡᠨ ᠳᠡᠮᠳᠡᠭᠯᠡᠯ ᠢ᠋ ᠦᠨᠳᠦᠰᠦᠯᠡᠪᠡᠯ᠂ ᠰᠤᠪᠨᠠᠭᠤᠷ ᠨᠢ ᠡᠷᠳᠡᠨ ᠳ᠋ᠡᠬᠡᠨ ᠴᠡᠷᠢᠭ᠎ᠤᠨ ᠶᠠᠪᠤᠳᠠᠯ ᠪᠠ ᠵᠠᠮ ᠬᠠᠷᠢᠯᠴᠠᠭ᠎ᠠ ᠵᠢᠨ ᠴᠢᠬᠤᠯᠠ ᠪᠤᠭᠤᠮᠳᠠ ᠪᠠᠢᠭᠰᠠᠨ ᠶᠤᠮ᠃ ᠬᠠᠨ ᠤᠯᠤᠰ᠎ᠤᠨ ᠦᠶ᠎ᠠ ᠳ᠋ᠤ ᠬᠠᠨ ᠡᠦ ᠳᠢ ᠬᠠᠭᠠᠨ ᠡᠾᠦ᠋ᠧᠧ ᠴᠢᠤᠢ ᠪᠢᠩ ᠵᠠᠩᠵᠤᠨ ᠵᠢᠡᠷ ᠴᠡᠷᠢᠭ ᠳᠠᠢᠴᠢᠯᠠᠭᠤᠯᠵᠤ ᠤᠮᠠᠷᠠᠰᠢ ᠪᠠᠢᠯᠳᠤᠵᠤ᠂ ᠡᠾᠧᠰᠢ ᠵᠢᠨ ᠬᠤᠩᠬᠢᠯ ᠢ᠋ ᠬᠤᠷᠢᠶᠠᠨ ᠠᠪᠴᠤ᠂ ᠵᠢᠤᠢ ᠶᠠᠨ ᠬᠠᠢ ᠳ᠋ᠤ ᠬᠢᠳᠠᠳ ᠦᠨᠳᠦᠰᠦᠳᠡᠨ ᠳᠤᠮᠳᠠ ᠤᠷᠤᠨ ᠡᠴᠡ ᠠᠩᠬ᠎ᠠ ᠢᠷᠡᠵᠦ ᠵᠢᠤᠢ ᠶᠠᠨ ᠰᠢᠶᠠᠨ ᠢ᠋ ᠪᠠᠢᠭᠤᠯᠵᠤ᠂ ᠬᠢᠯᠢ ᠬᠢᠵᠠᠭᠠᠷ᠎ᠢ ᠰᠠᠬᠢᠵᠤ ᠳᠠᠷᠢᠶᠠᠯᠠᠵᠤ ᠪᠠᠢᠵᠠᠢ᠃ ᠲᠠᠩ ᠤᠯᠤᠰ᠎ᠤᠨ ᠦᠶ᠎ᠠ ᠳ᠋ᠤ ᠲᠦᠷᠺ ᠦᠨᠳᠦᠰᠦᠳᠡᠨ ᠡᠨᠳᠡ ᠰᠠᠭᠤᠷᠢᠰᠢᠵᠤ᠂ ᠪᠠᠷᠠᠭᠤᠨ ᠰᠢᠶᠠ ᠤᠯᠤᠰ ᠬᠠᠷ᠎ᠠ ᠬᠤᠳᠠ ᠵᠢ ᠪᠠᠢᠭᠤᠯᠵᠤ᠂ ᠶᠤᠸᠠᠨ ᠤᠯᠤᠰ᠎ᠤᠨ ᠦᠶ᠎ᠠ ᠳ᠋ᠤ ᠢᠵᠢᠨᠡᠢ ᠯᠤ᠌ ᠶᠡᠷᠦᠩᠬᠡᠢ ᠵᠠᠬᠢᠷᠤᠯᠳᠠ ᠵᠢᠨ ᠶᠠᠮᠤᠨ ᠪᠠᠢᠭᠤᠯᠵᠤ᠂ ᠨᠠᠢ᠍ᠮᠠᠨ ᠳᠤᠮᠤ ᠤᠯᠠᠭ᠎ᠠ ᠦᠷᠳᠡᠬᠡ ᠳᠠᠢ ᠪᠠᠢᠵᠠᠢ᠃ 〈ᠮᠠᠷᠺᠤ ᠫᠤᠯᠤ ᠵᠢᠨ ᠵᠢᠭᠤᠯᠴᠢᠯᠠᠯ ᠤ᠋ᠨ ᠳᠡᠮᠳᠡᠭᠯᠡᠯ〉 ᠳ᠋ᠤ ᠢᠵᠢᠨᠡᠢ ᠵᠢ ᠳ᠋ᠠᠩᠰᠢᠶᠠᠩ ᠦᠬᠡ ᠬᠠᠷ᠎ᠠ ᠤᠰᠤ ᠬᠡᠰᠡᠨ ᠤᠳᠬ᠎ᠠ ᠳᠠᠢ ᠬᠡᠬᠦ ᠳᠡᠮᠳᠡᠭᠯᠡᠯ ᠪᠤᠢ᠃ ᠶᠤᠸᠠᠨ ᠤᠯᠤᠰ᠎ᠤᠨ ᠰᠡᠬᠦᠯᠴᠢ ᠪᠡᠷ ᠪᠠᠭᠠᠳᠤᠷ ᠬᠠᠷ᠎ᠠ ᠵᠠᠩᠵᠤᠨ ᠬᠤᠳᠠ ᠡᠴᠡ ᠳᠤᠳᠠᠭᠠᠭᠰᠠᠨ ᠡᠴᠡ ᠨᠠᠭᠠᠰᠢ ᠴᠡᠷᠢᠭ ᠳᠠᠢᠨ ᠤ᠋ ᠵᠠᠰᠠᠭ ᠵᠠᠬᠢᠷᠭᠠᠨ ᠤ᠋ ᠭᠠᠵᠠᠷ ᠤ᠋ᠨ ᠦᠢᠯᠡᠳᠦᠯ ᠵᠢᠡᠨ ᠠᠯᠳᠠᠵᠤ ᠪᠠᠯᠠᠷ ᠴᠦᠯ ᠪᠤᠯᠵᠤ ᠬᠡᠳᠦᠨ ᠵᠠᠭᠤᠨ ᠵᠢᠯ ᠬᠠᠶᠠᠭᠳᠠᠵᠠᠢ᠃ 17 ᠳ᠋ᠤᠭᠠᠷ ᠵᠠᠭᠤᠨ ᠳ᠋ᠤ ᠳᠤᠷᠭᠤᠳ ᠠᠢᠮᠠᠭ ᠢᠵᠢᠯ ᠮᠦᠷᠡᠨ᠎ᠤ ᠰᠠᠪᠠ ᠭᠠᠵᠠᠷ ᠡᠴᠡ ᠪᠤᠴᠠᠵᠤ ᠢᠷᠡᠵᠦ ᠰᠢᠨᠵᠢᠶᠠᠩ ᠡᠴᠡ ᠡᠨᠳᠡ ᠢᠷᠡᠵᠦ ᠨᠤᠳᠤᠭᠯᠠᠵᠤ ᠬᠢᠯᠢ ᠬᠢᠵᠠᠭᠠᠷ ᠵᠢᠡᠨ ᠬᠠᠮᠠᠭᠠᠯᠠᠵᠤ ᠪᠠᠢᠵᠠᠢ᠃ ᠳᠡᠬᠡᠬᠦ ᠪᠡᠷ ᠵᠢᠡᠨ ᠡᠵᠡᠨ᠎ᠡ ᠬᠤᠰᠢᠭᠤ ᠵᠢ ᠪᠠᠰᠠ ᠡᠵᠡᠨ᠎ᠡ ᠬᠠᠭᠤᠴᠢᠨ ᠳᠤᠷᠭᠤᠳ ᠬᠤᠰᠢᠭᠤ ᠬᠡᠵᠦ ᠨᠡᠷᠡᠯᠡᠳᠡᠭ ᠪᠠᠢᠵᠠᠢ᠃

ᠰᠤᠪᠨᠠᠭᠤᠷ ᠤᠷᠤᠨ ᠪᠤᠯ ᠡᠷᠳᠡᠨ ᠳ᠋ᠡᠬᠡᠨ ᠪᠠᠳᠠᠢ ᠵᠢᠨ ᠵᠢᠷᠠᠨ᠎ᠤ ᠡᠯᠡᠰᠦᠨ ᠡᠴᠡ ᠭᠤᠪᠢ ᠵᠢᠨ ᠠᠷᠤ ᠳ᠋ᠤ ᠨᠡᠪᠳᠡᠷᠡᠬᠦ ᠴᠢᠬᠤᠯᠠ ᠵᠠᠮ ᠪᠤᠯᠤᠨ᠎ᠠ᠃ ᠬᠠᠭᠤᠴᠢ ᠰᠤᠳᠤᠯᠤᠭᠴᠢᠳ᠎ᠤᠨ ᠤᠯᠳᠠᠭᠰᠠᠨ ᠨᠡᠷᠡᠳᠤ ᠵᠢᠤᠢ ᠶᠠᠨ᠎ᠤ ᠬᠤᠯᠤᠰᠤᠨ ᠪᠢᠴᠢᠭ᠂ ᠸᠠᠭᠠᠷ ᠱᠠᠭᠠᠵᠠᠩ ᠡᠳ᠋ᠯᠡᠯ᠂ ᠬᠤᠳᠠ ᠵᠢᠨ ᠪᠠᠭᠤᠷᠢ᠂ ᠰᠦᠮ᠎ᠠ ᠰᠤᠪᠤᠷᠭ᠎ᠠ ᠮᠡᠳᠤ ᠵᠢᠨ ᠬᠠᠭᠤᠴᠢ ᠦᠯᠡᠳᠡᠭᠳᠡᠯ ᠡᠴᠡ ᠡᠨᠳᠡ ᠡᠾᠦᠢ᠍ᠩᠨᠤ᠂ ᠰᠢᠶᠠᠨᠪᠢ ᠂ ᠲᠦᠷᠺ᠂ ᠬᠢᠳᠠᠳ᠂ ᠲᠦᠪᠡᠳ᠂ ᠮᠤᠩᠭᠤᠯ᠂ ᠤᠢᠭᠤᠷ ᠵᠡᠷᠬᠡ ᠤᠯᠠᠨ ᠴᠦᠬᠡᠨ ᠳᠤᠭᠠᠳᠤ ᠦᠨᠳᠦᠰᠦᠳᠡᠨ ᠤᠷᠤᠰᠢᠨ ᠰᠠᠭᠤᠵᠤ ᠠᠮᠢᠳᠤᠷᠠᠵᠤ ᠪᠠᠢᠭᠰᠠᠨ ᠤᠯᠨ ᠮᠦᠷ ᠬᠠᠷᠠᠭᠳᠠᠨ᠎ᠠ᠃  ᠰᠤᠪᠨᠠᠭᠤᠷ (ᠵᠢᠤᠢ ᠶᠠᠨ ᠬᠤᠳᠠ) ᠨᠢ ᠤᠮᠠᠷᠠᠳᠤ ᠵᠢᠨ ᠨᠡᠬᠦᠳᠡᠯᠴᠢᠨ ᠦᠨᠳᠦᠰᠦᠳᠡᠨ᠎ᠤ ᠡᠮᠦᠨᠡᠰᠢ ᠨᠡᠬᠦᠳᠡᠯᠯᠡᠬᠦ ᠳ᠋ᠤ ᠵᠠᠪᠠᠯ ᠦᠩᠬᠡᠷᠡᠬᠦ ᠵᠠᠮ᠂ ᠬᠢᠯᠢ ᠵᠢᠨ ᠬᠠᠮᠠᠭᠠᠯᠠᠯᠳᠠ ᠵᠢᠨ ᠪᠤᠭᠤᠮᠳᠠ ᠪᠠᠢᠭᠰᠠᠨ ᠪᠤᠯᠬᠤᠷ ᠡᠷᠳᠡᠨ᠎ᠤ ᠴᠡᠷᠢᠭ᠎ᠤᠨ ᠡᠷᠳᠡᠮᠳᠡᠳ᠎ᠤᠨ ᠪᠤᠯᠢᠶᠠᠯᠳᠤᠨ ᠲᠡᠮᠡᠴᠡᠯᠳᠦᠳᠡᠭ ᠭᠠᠵᠠᠷ ᠪᠠᠢᠵᠠᠢ᠃ ᠵᠠᠩ ᠴᠢᠶᠠᠨ ᠬᠤᠶᠡᠳᠡᠬᠢ ᠤᠳᠠᠭ᠎ᠠ ᠪᠠᠷᠠᠭᠤᠨ ᠬᠢᠵᠠᠭᠠᠷ ᠤᠷᠤᠨ ᠳ᠋ᠤ ᠡᠯᠴᠢᠯᠡᠬᠦ  ᠳ᠋ᠡᠬᠡᠨ ᠪᠤᠭᠤᠮᠳᠠ ᠵᠢ ᠳᠠᠪᠠᠵᠤ ᠵᠢᠤᠢ ᠶᠠᠨ᠎ᠤ ᠡᠷᠳᠡᠨ᠎ᠤ ᠵᠠᠮ  ᠪᠤᠯᠬᠤ ᠳᠠᠯ᠎ᠠ ᠨᠤᠳᠤᠭ᠎ᠤᠨ ᠳᠤᠷᠭᠠᠨ ᠵᠠᠮ ᠵᠢᠡᠷ ᠦᠩᠬᠡᠷᠡᠵᠦ ᠪᠠᠢᠭᠰᠠᠨ ᠠᠵᠢ᠃ 《ᠵᠢᠤᠢ ᠶᠠᠨ ᠤ᠋ ᠡᠷᠳᠡᠨ ᠤ᠋ ᠵᠠᠮ ᠨᠢ ᠬᠠᠨ ᠤᠯᠤᠰ ᠪᠠ ᠳᠠᠩ ᠤᠯᠤᠰ᠎ᠤᠨ ᠦᠶ᠎ᠡ ᠳ᠋ᠤ〈ᠪᠤᠭᠤᠮᠳᠠ ᠵᠢᠨ ᠭᠠᠳᠠᠨᠠᠬᠢ ᠳᠤᠷᠭᠠᠨ ᠵᠠᠮ〉 ᠤ᠋ᠨ ᠨᠢᠬᠡ ᠬᠡᠰᠡᠭ ᠪᠠᠢᠵᠤ᠂ ᠡᠷᠳᠡᠨ ᠳ᠋ᠤ ᠳᠤᠮᠳᠠᠳᠤ ᠤᠷᠤᠨ ᠤ᠋ ᠬᠦᠮᠦᠰ᠎ᠤᠨ ᠭᠤᠪᠢ ᠵᠢᠨ ᠠᠷᠤ ᠳ᠋ᠤ ᠨᠡᠪᠳᠡᠷᠡᠬᠦ ᠴᠢᠬᠤᠯᠠ ᠵᠠᠮ ᠪᠠᠢᠵᠠᠢ》 ᠬᠡᠵᠦ ᠭᠠᠯᠰᠠᠩᠫᠤᠩᠰᠤᠭ ᠨᠤᠳᠤᠭ᠎ᠤᠨ ᠳᠡᠦᠬᠡ ᠰᠤᠶᠤᠯ᠎ᠤᠨ ᠵᠢᠡᠨ ᠳᠤᠬᠠᠢ ᠤᠴᠢᠷᠯᠠᠵᠤ ᠶᠠᠷᠢᠯ᠎ᠠ᠃


tu5.jpg


ᠵᠢᠤᠢ ᠶᠠᠨ ᠤ᠋ ᠬᠤᠯᠤᠰᠤᠨ ᠪᠢᠴᠢᠭ ᠳᠤ᠌ ᠲᠠᠷᠢᠶᠠᠯᠠᠬᠤ ᠰᠤᠶᠤᠯ ᠪᠠ ᠨᠡᠬᠦᠳᠡᠯ ᠮᠠᠯᠵᠢᠯ᠎ᠤᠨ ᠰᠤᠶᠤᠯ᠎ᠤᠨ ᠬᠠᠷᠢᠯᠴᠠᠨ ᠠᠭᠤᠰᠤᠯᠴᠠᠨ ᠨᠡᠪᠳᠡᠷᠡᠯᠴᠡᠵᠦ᠂ ᠤᠯᠠᠨ ᠦᠨᠳᠦᠰᠦᠳᠡᠨ ᠬᠠᠮᠳᠤ ᠪᠡᠷ ᠪᠠᠳᠠᠷᠠᠨ ᠬᠦᠭᠵᠢᠭᠰᠡᠨ ᠶᠡᠬᠡ ᠨᠢᠬᠡᠳᠦᠯ᠎ᠤᠨ ᠴᠠᠭ ᠦᠶ᠎ᠠ ᠵᠢ ᠳᠡᠮᠳᠡᠭᠯᠡᠭᠰᠡᠨ ᠪᠠᠢᠨ᠎ᠠ᠃ 《ᠡᠷᠳᠡᠮᠳᠡᠳ ᠤ᠋ᠨ ᠰᠤᠳᠤᠯᠭᠠᠨ ᠢ᠋ ᠦᠨᠳᠦᠰᠦᠯᠡᠪᠡᠯ ᠵᠢᠤᠢ ᠶᠠᠨ ᠤ᠋ ᠬᠤᠯᠤᠰᠤᠨ ᠪᠢᠴᠢᠭ ᠲᠤ᠌ ᠵᠢᠤᠢ ᠶᠨᠨ ᠤᠷᠤᠨ ᠤ᠋ ᠮᠠᠨᠳᠤᠯ ᠪᠠᠭᠤᠷᠠᠯ ᠢ᠋ ᠳᠡᠮᠳᠡᠭᠯᠡᠭᠰᠡᠨ ᠵᠢᠡᠷ ᠪᠠᠷᠬᠠᠤ ᠦᠬᠡᠢ ᠪᠠᠷᠠᠭᠤᠨ ᠬᠠᠨ᠎ᠤ ᠳᠤᠮᠳᠠᠴᠢ ᠦᠶ᠎ᠡ ᠡᠴᠡ ᠵᠡᠬᠦᠨ ᠬᠠᠨ᠎ᠤ ᠡᠬᠢᠨ᠎ᠤ ᠦᠶ᠎ᠡ ᠪᠤᠯᠳᠠᠯᠡᠬᠢ ᠬᠠᠨ ᠤᠯᠤᠰ᠎ᠤᠨ 270 ᠵᠢᠯ᠎ᠤᠨ ᠳᠡᠦᠬᠡ ᠵᠢ ᠳᠡᠮᠳᠡᠭᠯᠡᠵᠦ᠂ ᠪᠠᠷᠠᠭᠤᠨ ᠬᠤᠢᠳᠤ ᠵᠢᠨ ᠬᠢᠯᠢ ᠬᠢᠵᠠᠭᠠᠷ ᠤ᠋ᠨ ᠴᠡᠷᠢᠭ ᠵᠠᠰᠠᠭ᠎ᠤᠨ ᠠᠮᠢᠳᠤᠷᠠᠯ᠎ᠤᠨ ᠨᠡᠪᠳᠡᠷᠬᠡᠢ ᠳᠤᠯᠢ ᠪᠤᠯᠬᠤ ᠶᠤᠮ᠃ ᠬᠤᠯᠤᠰᠤᠨ ᠪᠢᠴᠢᠭ ᠲᠤ᠌ ᠲᠡᠮᠳᠡᠭᠯᠡᠭᠳᠡᠭᠰᠡᠨ 2000 ᠵᠢᠯ᠎ᠤᠨ ᠡᠮᠦᠨᠡᠬᠢ ᠠᠵᠤ ᠠᠬᠤᠢ ᠵᠢᠨ ᠲᠤᠬᠠᠢ ᠳᠡᠮᠳᠡᠭᠯᠡᠯ ᠦᠨᠳᠦᠰᠦᠳᠡᠨ ᠨᠤᠬᠦᠳ ᠤ᠋ᠨ ᠠᠵᠤ ᠠᠬᠤᠢ ᠵᠢᠨ ᠳᠠᠯ᠎ᠠ ᠪᠡᠷ ᠬᠢ ᠶᠠᠪᠤᠯᠴᠠᠭ᠎ᠠ ᠵᠢ ᠳᠤᠰᠬᠠᠪᠠ᠃ 700 ᠭᠠᠷᠤᠢ ᠵᠢᠯ᠎ᠦᠨ ᠡᠮᠦᠨᠡᠬᠢ ᠶᠤᠸᠠᠨ ᠤᠯᠤᠰ᠎ᠤᠨ ᠦᠶ᠎ᠡ᠎ᠶᠢᠨ ᠴᠠᠭᠠᠰᠤᠨ ᠪᠢᠴᠢᠭ᠌ ᠨᠢ ᠲᠤᠬᠠᠢ᠎ᠶᠢᠨ ᠦᠶ᠎ᠡ᠎ᠶᠢᠨ ᠴᠡᠷᠢᠭ᠎ᠦᠨ ᠬᠡᠷᠡᠭᠯᠡᠭᠡᠨ᠎ᠦ ᠠᠮᠤ ᠪᠤᠳᠠᠭᠠᠨ᠎ᠤ ᠬᠣᠯᠪᠣᠭᠳᠠᠯ ᠪᠦᠬᠦᠢ ᠠᠭᠤᠯᠭ᠎ᠠ᠎ᠶᠢ ᠲᠡᠮᠳᠡᠭᠯᠡᠭᠰᠡᠨ ᠪᠦᠬᠡᠳ ᠪᠢᠴᠢᠭ᠌ ᠢ᠋ ᠴᠥᠮ ᠬᠢᠲᠠᠳ ᠦᠰᠦᠭ ᠢ᠋ᠶ᠋ᠡᠷ ᠪᠢᠴᠢᠭᠰᠡᠨ ᠶᠤᠮ᠃ ᠡᠨᠳᠡ ᠡᠴᠡ ᠪᠢᠳᠡ ᠰᠤᠶᠤᠯ᠎ᠤᠨ ᠠᠭᠤᠰᠤᠯᠴᠠᠯ ᠢ᠋ ᠤᠯᠵᠤ ᠬᠠᠷᠠᠵᠤ ᠪᠤᠯᠤᠨ᠎ᠠ》 ᠬᠡᠵᠦ ᠭᠠᠯᠰᠠᠩᠫᠤᠩᠰᠤᠭ ᠶᠠᠷᠢᠯ᠎ᠠ᠃

ᠤᠨ ᠵᠢᠯ ᠦᠩᠬᠡᠷᠡᠵᠦ ᠤᠷᠴᠢᠬᠤ ᠤᠯᠠᠷᠢᠯ ᠡᠬᠡᠯᠵᠢᠯᠡᠭᠰᠡᠬᠡᠷ ᠦᠨᠦᠳᠦᠷ ᠲᠤ᠌ ᠬᠦᠷᠴᠦ ᠢᠷᠡᠯ᠎ᠡ᠃ ᠡᠬᠡ ᠤᠯᠤᠰ᠎ᠤᠨ ᠦᠷᠬᠡᠨ ᠠᠭᠤᠳᠠᠮ ᠬᠢᠯᠢ ᠬᠢᠵᠠᠭᠠᠷ ᠢ᠋ ᠦᠨᠳᠦᠰᠦᠳᠡᠨ ᠨᠤᠬᠦᠳ᠎ᠤᠨ ᠠᠷᠠᠳ ᠲᠦᠮᠡᠨ ᠬᠠᠮᠳᠤ ᠪᠡᠷ ᠨᠡᠬᠡᠬᠡᠵᠦ᠂ ᠬᠦᠨ ᠵᠤᠵᠠᠭᠠᠨ ᠦᠪ ᠰᠤᠶᠤᠯ᠎ᠢ ᠨᠢ ᠦᠨᠳᠦᠰᠦᠳᠡᠨ ᠨᠤᠬᠦᠳ᠎ᠤᠨ ᠠᠷᠠᠳ ᠲᠦᠮᠡᠨ ᠬᠠᠮᠳᠤ ᠪᠡᠷ ᠡᠬᠦᠳᠦᠨ ᠪᠦᠳᠦᠬᠡᠭᠰᠡᠨ ᠶᠤᠮ᠃ ᠦᠨᠢ ᠡᠷᠳᠡᠨ ᠤ᠋ ᠵᠢᠤᠢ ᠶᠠᠨ᠎ᠤ ᠵᠠᠮ ᠨᠢ ᠦᠨᠦᠳᠦᠷ ᠡᠬᠡ ᠤᠯᠤᠰ᠎ᠤᠨ《ᠨᠢᠬᠡ ᠪᠦᠰᠡ ᠨᠢᠬᠡ ᠵᠠᠮ》 ᠤ᠋ᠨ ᠤᠷᠢᠶᠠᠯᠠᠭ᠎ᠠ ᠵᠢᠨ ᠪᠠᠷᠠᠭᠤᠨ ᠬᠢᠵᠠᠭᠠᠷ ᠳᠡᠰᠢ ᠦᠷᠬᠦᠯᠵᠢᠯᠡᠭᠰᠡᠨ ᠨᠢᠬᠡᠨ ᠴᠢᠬᠤᠯᠠ ᠱᠤᠭᠤᠮ ᠪᠤᠯᠵᠤ᠂ ᠦᠪᠦᠷ ᠮᠤᠩᠭᠤᠯ ᠬᠢᠬᠡᠳ ᠳᠤᠳᠤᠷ ᠭᠠᠵᠠᠷ ᠢ᠋ ᠨᠢᠭᠳᠠ ᠬᠤᠯᠪᠤᠵᠤ᠂ ᠦᠨᠳᠦᠰᠦᠳᠡᠨ ᠨᠤᠬᠦᠳ ᠤ᠋ᠨ ᠪᠦᠯᠬᠦᠮᠳᠡ ᠳᠠᠪᠰᠢᠵᠤ ᠤᠷᠤᠭᠰᠢᠯᠠᠬᠤ ᠪᠠ ᠬᠠᠮᠳᠤ ᠪᠡᠷ ᠴᠡᠴᠡᠭᠯᠡᠨ ᠬᠦᠭᠵᠢᠬᠦ ᠵᠢᠨ ᠬᠤᠯᠪᠤᠭᠠᠰᠤ ᠬᠦᠬᠦᠷᠬᠡ ᠪᠤᠯᠤᠯ᠎ᠠ᠃

ᠪᠠᠳᠠᠢ ᠵᠢᠨ ᠵᠢᠷᠠᠨ᠎ᠳᠤ ᠤᠶᠠᠩᠭᠠᠷᠠᠭᠰᠠᠨ ᠠᠮᠢ ᠠᠬᠤᠢ ᠵᠢᠨ ᠨᠢᠭᠡᠨ ᠲᠤᠤᠯᠢᠰ

ᠰᠤᠪᠨᠠᠭᠤᠷ ᠤ᠋ᠨ ᠬᠦᠪᠡᠬᠡ ᠳᠠᠭᠠᠵᠤ ᠰᠤᠪᠨᠠᠭᠤᠷ ᠰᠤᠮᠤ ᠵᠢᠨ ᠴᠡᠬᠡ ᠭᠠᠴᠠᠭ᠎ᠠ ᠵᠢᠨ ᠮᠠᠯᠴᠢᠳ ᠠᠮᠢᠳᠤᠷᠠᠳᠠᠭ᠃ ᠴᠡᠬᠡ ᠭᠠᠴᠠᠭ᠎ᠠ ᠵᠢᠨ ᠨᠠᠶᠠᠨ ᠲᠠᠪᠤ ᠵᠢᠨ ᠦᠨᠳᠦᠷ ᠨᠠᠰᠤ ᠵᠢ ᠵᠤᠭᠤᠭᠯᠠᠵᠤ ᠶᠠᠪᠤᠭ᠎ᠠ ᠪᠠᠨᠳᠤᠤ ᠨᠠᠰᠤᠳᠠᠨ ᠪᠤᠯ ᠨᠠᠰᠤ ᠪᠡᠷ ᠵᠢᠡᠨ ᠨᠠᠭᠤᠷ ᠵᠢᠡᠨ ᠳᠠᠭᠠᠵᠤ ᠨᠡᠬᠦᠵᠦ ᠪᠠᠭᠤᠨ ᠳᠡᠮᠡᠬᠡ ᠮᠠᠯ ᠵᠢᠡᠨ ᠮᠠᠯᠵᠢᠭᠰᠠᠭᠠᠷ ᠢᠷᠡᠵᠡᠢ᠃ ᠨᠠᠰᠤᠳᠠᠨ ᠰᠤᠪᠨᠠᠭᠤᠷ᠎ᠤᠨ ᠠᠮᠢ ᠠᠬᠤᠢ ᠵᠢᠨ ᠬᠤᠪᠢᠷᠠᠯᠳᠠ ᠵᠢ ᠦᠵᠡᠵᠦ ᠳᠤᠭᠤᠯᠵᠤ ᠢᠷᠡᠭᠰᠡᠨ ᠠᠮᠢᠳᠤ ᠳᠤᠯᠢ᠃《ᠲᠦᠴᠢᠬᠡᠳ ᠤᠨ᠎ᠤ ᠦᠶ᠎ᠠ ᠮᠢᠨᠦ ᠪᠠᠭ᠎ᠠ ᠪᠠᠢᠬᠤ ᠳ᠋ᠤ ᠡᠨᠳᠡ ᠬᠤᠯᠤᠰᠤ ᠳᠤᠤᠷᠠᠢ ᠪᠢᠳᠡᠬᠦᠷᠡᠵᠦ᠂ ᠠᠷᠢᠶᠠᠳᠠᠨ ᠭᠦᠷᠦᠬᠡᠰᠦ ᠴᠤ᠌ ᠤᠯᠠᠨ᠃ ᠴᠡᠰᠤᠳᠤ ᠵᠢᠨ ᠦᠨᠳᠦᠷᠯᠢᠭ᠎ᠤᠨ ᠤᠰᠤ ᠪᠠᠭᠤᠵᠤ᠂ ᠲᠦᠷᠪᠡᠨ ᠤᠯᠠᠷᠢᠯ ᠵᠢᠡᠷ ᠭᠤᠤᠯ ᠭᠤᠷᠤᠬ᠎ᠠ ᠤᠷᠤᠰᠴᠤ ᠯᠡ ᠭᠤᠪᠢ ᠨᠤᠳᠤᠭ᠎ᠢ ᠮᠢᠨᠢ ᠤᠮᠳᠠᠯᠠᠵᠤ ᠪᠠᠢᠭᠰᠠᠨ᠃ ᠰᠡᠬᠦᠯᠡᠷ ᠨᠢ ᠤᠯᠤᠰ᠎ᠤᠨ ᠪᠦᠳᠦᠬᠡᠨ ᠪᠠᠢᠭᠤᠯᠤᠯᠳᠠ ᠬᠢᠵᠦ᠂ ᠳᠡᠬᠡᠳᠤ ᠳᠤᠮᠳᠠᠳᠤ ᠤᠷᠤᠰᠬᠠᠯ ᠳ᠋ᠤ ᠤᠰᠤᠨ ᠬᠠᠰᠢᠯᠭ᠎ᠠ ᠪᠠᠢᠭᠤᠯᠵᠤ᠂ ᠤᠰᠤᠨ᠎ᠤ ᠬᠠᠮᠢᠶᠠᠷᠤᠯᠳᠠ ᠬᠢᠵᠦ ᠡᠬᠢᠯᠡᠭᠰᠡᠨ ᠵᠢᠡᠷ ᠡᠵᠡᠨ᠎ᠠ ᠵᠢᠨ ᠭᠤᠤᠯ ᠭᠤᠷᠤᠬ᠎ᠠ ᠤᠷᠤᠰᠬᠠᠯ ᠳᠠᠰᠤᠷᠠᠵᠤ᠂ ᠰᠤᠪᠨᠠᠭᠤᠷ ᠲᠤ᠌ ᠤᠰᠤ ᠤᠷᠤᠬᠤ ᠪᠠᠨ ᠪᠠᠢᠭᠰᠠᠨ ᠡᠴᠡ ᠬᠠᠳᠠᠵᠤ ᠰᠢᠷᠬᠢᠬᠦ ᠵᠢᠨ ᠠᠶᠤᠯ ᠳ᠋ᠤ ᠳᠤᠯᠭᠠᠷᠠᠵᠠᠢ᠃ ᠰᠤᠪᠨᠠᠭᠤᠷ᠎ᠤᠨ ᠬᠦᠪᠡᠬᠡᠨ ᠳ᠋ᠤ ᠰᠢᠪᠠᠭᠤ ᠵᠢᠷᠬᠢᠬᠡᠳ ᠬᠦᠮᠦᠨ ᠮᠠᠯ ᠤᠨᠳᠠᠵᠤ ᠠᠮᠠᠷᠠᠵᠤ ᠳᠡᠢᠯᠬᠦ ᠦᠬᠡᠢ ᠪᠠᠢᠭᠰᠠᠨ ᠂ ᠨᠠᠭᠤᠷ ᠭᠤᠤᠯ ᠭᠤᠷᠤᠬ᠎ᠠ ᠬᠠᠳᠠᠵᠤ ᠰᠢᠷᠬᠢᠭᠰᠡᠨ ᠵᠢᠡᠷ  ᠦᠩ ᠰᠢᠮᠡᠯᠢᠭ ᠨᠤᠳᠤᠭ ᠡᠯᠡᠰᠦᠨ ᠰᠢᠭᠤᠷᠭ᠎ᠠ ᠵᠢᠨ ᠡᠬᠦᠰᠦᠯ᠎ᠤᠨ ᠤᠷᠤᠨ ᠪᠤᠯᠵᠠᠢ 》 ᠬᠡᠵᠦ ᠪᠠᠨᠳᠤᠤ ᠨᠠᠰᠤᠳᠠᠨ ᠬᠠᠭᠤᠴᠢᠯᠠᠨ᠎ᠠ᠃


tu2.jpg

            ᠪᠠᠨᠳᠤᠤ


20 ᠳ᠋ᠤᠭᠠᠷ ᠵᠠᠭᠤᠨ᠎ᠤ ᠳᠤᠮᠳᠠᠴᠢ ᠪᠣᠯᠬᠤ᠎ᠳᠤ᠂ ᠬᠠᠷ᠎ᠠ ᠭᠤᠤᠯ᠎ᠤᠨ ᠰᠠᠪᠠ ᠭᠠᠵᠠᠷ᠎ᠲᠠᠭᠠᠤ ᠳᠡᠬᠡᠳᠤ ᠤᠷᠤᠰᠬᠠᠯ ᠪᠠ ᠳᠤᠮᠳᠠᠳᠤ ᠤᠷᠤᠰᠬᠠᠯ ᠳ᠋ᠤ ᠠᠵᠤ ᠦᠢᠯᠡᠳᠪᠦᠷᠢ ᠪᠠ ᠳᠠᠷᠢᠶᠠᠯᠠᠩ ᠳ᠋ᠤ ᠬᠡᠷᠡᠭᠯᠡᠬᠦ ᠤᠰᠤᠨ ᠤ᠋ ᠬᠡᠮᠵᠢᠶ᠎ᠡ ᠶᠡᠬᠡᠳᠦᠭᠰᠡᠨ ᠡᠴᠡ ᠬᠠᠷ᠎ᠠ ᠭᠤᠤᠯ᠎ᠤᠨ ᠳᠤᠤᠷᠠᠳᠤ ᠤᠷᠤᠰᠬᠠᠯ ᠪᠤᠯᠬᠤ ᠡᠵᠡᠨ᠎ᠡ ᠭᠤᠤᠯ ᠠᠭᠠᠵᠢᠮ ᠵᠢᠡᠷ ᠤᠷᠤᠰᠬᠠᠯ ᠳᠠᠰᠤᠷᠠᠵᠤ᠂ ᠡᠵᠡᠨ᠎ᠡ ᠵᠢᠨ ᠨᠤᠭᠤᠭᠠᠨ ᠪᠦᠷᠢᠳᠤ ᠳ᠋ᠤ ᠬᠢᠮᠤᠷᠠᠯ ᠤᠴᠠᠷᠠᠭᠤᠯᠤᠭᠰᠠᠨ ᠪᠠᠢᠨ᠎ᠠ᠃ ᠨᠠᠭᠤᠷ ᠭᠤᠤᠯ ᠬᠠᠳᠠᠵᠤ ᠰᠢᠷᠬᠢᠵᠦ᠂ ᠬᠤᠷ᠎ᠠ ᠪᠤᠷᠤᠭᠠᠨ ᠵᠢᠯ ᠡᠴᠡ ᠵᠢᠯ ᠬᠤᠮᠰᠠᠳᠠᠵᠤ᠂ ᠳᠤᠤᠷᠠᠢ ᠰᠤᠬᠠᠢ ᠵᠢᠨ ᠤᠢ ᠬᠠᠳᠠᠨ ᠬᠤᠪᠠᠬᠠᠢᠷᠠᠵᠤ᠂ ᠡᠪᠡᠰᠦ ᠪᠡᠯᠴᠢᠬᠡᠷ ᠳᠠᠴᠢᠷᠳᠠᠵᠤ᠂ ᠲᠡᠮᠡᠬᠡ ᠮᠠᠯ ᠳᠠᠷᠳᠠᠨ᠎ᠰᠦᠢᠳᠴᠦ᠂ ᠡᠯᠡᠰᠦᠨ ᠰᠢᠭᠤᠷᠭ᠎ᠠ ᠵᠢᠯ ᠡᠴᠡ ᠵᠢᠯ ᠰᠢᠷᠦᠬᠦᠰᠴᠦ᠂ ᠠᠮᠢ ᠠᠬᠤᠢ ᠵᠢᠨ ᠡᠪᠳᠡᠭᠳᠡᠯ ᠬᠡᠴᠡᠬᠦᠳᠡᠯ ᠨᠢ ᠨᠡᠢᠭᠡᠮ ᠳᠠᠶᠠᠭᠠᠷ᠎ᠤᠨ ᠠᠩᠬᠠᠷᠤᠯ᠎ᠢ ᠳᠠᠳᠠᠯ᠎ᠠ᠃

ᠳᠡᠦᠬᠡᠨ ᠳ᠋ᠡᠬᠢ ᠲᠡᠢᠮᠦ ᠨᠡᠯᠦᠬᠡᠷ ᠶᠡᠬᠡ ᠨᠠᠭᠤᠷ ᠬᠠᠳᠠᠵᠤ ᠰᠢᠷᠬᠢᠨ᠎ᠡ ᠬᠡᠭᠴᠢ ᠬᠦᠮᠦᠨ ᠬᠢᠬᠡᠳ ᠪᠠᠢᠭᠠᠯᠢ ᠡᠶ᠎ᠠ ᠵᠤᠬᠢᠴᠠᠯ ᠵᠢᠡᠨ ᠠᠯᠳᠠᠵᠤ᠂ ᠠᠮᠢ ᠠᠬᠤᠢ ᠵᠢᠨ ᠪᠤᠯᠪᠠᠰᠤᠨ᠎ᠤ ᠬᠦᠭᠵᠢᠯᠳᠡ ᠳ᠋ᠤ ᠠᠪᠴᠢᠷᠠᠭᠰᠠᠨ ᠳᠤᠮᠤ ᠰᠢᠯᠭᠠᠯᠳᠠ ᠪᠢᠯᠡ᠃ 《ᠡᠵᠡᠨ᠎ᠡ ᠵᠢᠨ ᠵᠠᠰᠠᠭ᠎ᠤᠨ ᠤᠷᠳᠤᠨ ᠠᠰᠠᠭᠤᠳᠠᠯ ᠢ᠋ ᠳᠡᠬᠡᠭᠰᠢ ᠳᠤᠰᠬᠠᠬᠤ ᠵᠢᠴᠢ ᠨᠠᠮ ᠵᠠᠰᠠᠭ ᠡᠴᠡ ᠠᠰᠠᠭᠤᠳᠠᠯ ᠢ᠋ ᠬᠦᠨᠳᠦᠳᠬᠡᠨ ᠦᠵᠡᠵᠦ᠂ ᠬᠠᠳᠤᠨ ᠭᠤᠤᠯ᠎ᠤᠨ ᠤᠰᠤᠨ ᠠᠰᠢᠭᠯᠠᠯᠳᠠ ᠵᠢᠨ ᠵᠦᠪᠯᠡᠯ᠎ᠤᠨ ᠬᠠᠷ᠎ᠠ ᠭᠤᠤᠯ᠎ᠤᠨ ᠤᠷᠤᠰᠬᠠᠯ᠎ᠤᠨ ᠬᠠᠮᠢᠶᠠᠷᠤᠯᠳᠠ ᠵᠢᠨ ᠳᠤᠪᠴᠢᠶ᠎ᠠ ᠵᠢ ᠪᠠᠢᠭᠤᠯᠤᠭᠰᠠᠨ᠂ ᠬᠠᠷ᠎ᠠ ᠭᠣᠣᠯ᠎ᠤᠨ ᠭᠣᠣᠯ ᠤᠷᠤᠰᠬᠠᠯ ᠢ᠋ 〈ᠪᠥᠬᠥ ᠱᠤᠭᠤᠮ᠎ᠢᠶᠠᠷ᠎ᠬᠠᠭᠠᠵᠤ᠂ ᠲᠥᠪᠯᠡᠷᠡᠭᠦᠯᠦᠨ ᠳᠣᠷᠣᠭ᠍ᠰᠢ ᠪᠠᠭᠤᠯᠭᠠᠵᠤ〉ᠳᠤᠳᠤᠭᠠᠳᠤ ᠬᠠᠭᠤᠷᠠᠢ ᠵᠢᠨ ᠭᠤᠤᠯ᠎ᠤᠨ ᠤᠰᠤ ᠵᠢ ᠨᠢᠬᠡᠳᠦᠯᠳᠡᠢ ᠳᠤᠬᠢᠷᠠᠭᠤᠯᠬᠤ ᠵᠡᠷᠬᠡ ᠠᠯᠢ ᠤᠯᠠᠨ ᠪᠤᠳᠠᠳᠤ ᠠᠷᠭ᠎ᠠ ᠬᠡᠮᠵᠢᠶ᠎ᠠ ᠠᠪᠴᠤ᠂ ᠬᠠᠳᠠᠵᠤ ᠰᠢᠷᠬᠢᠭᠰᠡᠨ ᠰᠤᠪᠨᠠᠭᠤᠷ ᠲᠤ᠌ ᠤᠯᠠᠷᠢᠯ ᠤ᠋ᠨ ᠴᠢᠨᠠᠷᠳᠠᠢ ᠤᠰᠤ ᠤᠷᠤᠭᠤᠯᠬᠤ ᠪᠤᠯᠤᠭᠰᠠᠨ ᠪᠠᠢᠨ᠎ᠡ》 ᠬᠡᠵᠦ ᠳ᠋ᠧᠩ ᠵᠢᠢ ᠶᠢᠦ ᠳᠠᠨᠢᠯᠴᠠᠭᠤᠯᠤᠯ᠎ᠠ᠃

2002 ᠤᠨ ᠤ᠋ 7 ᠰᠠᠷ᠎ᠠ ᠵᠢᠨ 17 ᠤ᠋ ᠡᠳᠦᠷ᠎ᠤᠨ 17 ᠴᠠᠭ 30 ᠮᠢᠨᠦ᠋ᠲ ᠲᠤ᠌ ᠰᠤᠪᠨᠠᠭᠤᠷ ᠲᠤ᠌ ᠤᠰᠤ ᠬᠦᠷᠴᠦ ᠢᠷᠡᠭᠰᠡᠨ ᠳᠡᠷᠡ ᠬᠦ᠌  ᠲᠡᠦᠬᠡᠨ ᠬᠤᠷᠤᠮ ᠢ᠋ ᠳ᠋ᠧᠩ ᠵᠢᠢ ᠶᠢᠦ ᠬᠡᠵᠢᠶ᠎ᠠ ᠴᠤ᠌ ᠮᠠᠷᠳᠠᠵᠤ ᠴᠢᠳᠠᠬᠤ ᠦᠬᠡᠢ᠃ 《ᠬᠠᠳᠠᠵᠤ ᠰᠢᠷᠬᠢᠭᠰᠡᠨ ᠰᠤᠪᠨᠠᠭᠤᠷ ᠳᠠᠬᠢᠨ ᠠᠮᠢᠯᠠᠭᠰᠠᠨ ᠨᠢ ᠨᠠᠮ ᠵᠠᠰᠠᠭ ᠡᠴᠡ ᠬᠦᠨᠳᠦᠳᠬᠡᠨ ᠦᠵᠡᠭᠰᠡᠨ ᠯᠤᠭᠡ ᠰᠠᠯᠵᠤ ᠪᠤᠯᠤᠰᠢ ᠦᠬᠡᠢ᠃ ᠳᠤᠬᠠᠢ ᠵᠢᠨ ᠦᠶ᠎ᠠ ᠵᠢᠨ ᠶᠡᠷᠦᠩᠬᠡᠢ ᠰᠠᠢᠳ ᠵᠤ᠌ ᠷᠦᠩ ᠵᠢᠢ ᠤᠰᠤ ᠬᠤᠪᠢᠶᠠᠷᠢᠯᠠᠬᠤ ᠳᠤᠬᠠᠢ ᠤᠰᠤᠨ ᠠᠰᠢᠬᠯᠠᠯᠳᠠ ᠵᠢᠨ ᠶᠠᠮᠤᠨ ᠳ᠋ᠤ ᠬᠡᠳᠦ ᠤᠳᠠᠭ᠎ᠠ ᠴᠤᠬᠤᠯᠠᠪᠤᠷᠢ ᠦᠭᠴᠦ ᠰᠤᠪᠨᠠᠭᠤᠷ ᠲᠤ᠌ ᠨᠤᠮᠢᠨ ᠴᠡᠩᠬᠡᠷ ᠤᠰᠤᠨ ᠳᠤᠯᠬᠢᠶᠠᠯᠠᠨ ᠬᠠᠯᠬᠢᠯᠠᠬᠤ ᠳᠤᠬᠠᠢ ᠬᠦᠰᠡᠯ ᠱᠠᠭᠠᠷᠳᠠᠯᠭ᠎ᠠ ᠳᠠᠯᠪᠢᠵᠤ ᠪᠠᠢᠭᠰᠠᠨ》 ᠬᠡᠵᠦ ᠪᠠᠶᠠᠷᠯᠠᠭᠤᠰᠢᠳᠠᠢ ᠮᠦᠴᠡ ᠪᠠᠨ ᠡᠷᠬᠢᠴᠡᠬᠦᠯᠦᠨ᠎ᠡ᠃

ᠰᠤᠪᠨᠠᠭᠤᠷ ᠲᠤ᠌ ᠤᠰᠤ ᠢᠷᠡᠯ᠎ᠡ᠃ ᠤᠰᠤ ᠬᠠᠢᠵᠤ ᠨᠡᠬᠦᠳᠡᠭ ᠮᠠᠯᠴᠢᠳ ᠨᠤᠳᠤᠭ ᠪᠤᠴᠠᠵᠤ ᠢᠷᠡᠯ᠎ᠡ᠃《ᠡᠵᠡᠨ᠎ᠡ ᠭᠤᠤᠯ᠎ᠤᠨ ᠤᠷᠤᠰᠬᠠᠯ ᠤᠰᠤ ᠳᠠᠢ ᠪᠤᠯᠤᠭᠰᠠᠨ ᠡᠴᠡ ᠡᠵᠡᠬᠦᠢ ᠬᠠᠶᠠᠭᠰᠠᠨ ᠨᠤᠳᠤᠭ ᠵᠢᠡᠨ ᠤᠰᠤᠯᠠᠵᠤ ᠨᠤᠭᠤᠭᠠᠷᠠᠭᠤᠯᠵᠤ ᠠᠪᠤᠭᠰᠠᠨ ᠵᠢᠡᠷ ᠠᠷᠪᠠᠨ ᠵᠢᠯ᠎ᠤᠨ ᠳᠠᠷᠠᠭ᠎ᠠ ᠪᠤᠴᠠᠵᠤ ᠢᠷᠡᠵᠦ ᠨᠤᠳᠤᠭᠯᠠᠭᠰᠠᠨ》 ᠬᠡᠵᠦ ᠎ᠪᠠᠨᠳᠤᠤ ᠨᠠᠰᠤᠳᠠᠨ ᠶᠠᠷᠢᠨ᠎ᠠ᠃ ᠰᠤᠪᠨᠠᠭᠤᠷ᠎ᠤᠨ ᠪᠠᠷᠠᠭᠤᠨ ᠡᠮᠦᠨ᠎ᠡ ᠬᠦᠪᠡᠬᠡ ᠵᠢᠨ ᠪᠠᠵᠠᠷ᠎ᠤᠨ ᠰᠤᠬᠠᠢ ᠳ᠋ᠤ ᠨᠤᠳᠤᠭᠯᠠᠳᠠᠭ ᠮᠠᠯᠴᠢᠨ ᠬᠦᠭᠵᠢᠯᠲᠦ᠄ 《ᠮᠠᠨ᠎ᠤ ᠬᠢᠨ ᠤᠳᠤ 200 ᠰᠢᠬᠠᠮ ᠳᠡᠮᠡᠬᠡ᠂ 200 ᠭᠠᠷᠤᠢ ᠪᠤᠭ ᠮᠠᠯ ᠮᠠᠯᠵᠢᠳᠠᠭ᠃ ᠨᠠᠶᠠᠭᠠᠳ ᠤᠨ ᠳ᠋ᠤ ᠭᠠᠩ ᠭᠠᠴᠢᠭ ᠪᠤᠯᠪᠠᠯ ᠪᠤᠰᠤᠳ ᠤ᠋ᠨ ᠨᠤᠳᠤᠭ ᠲᠤ᠌ ᠨᠡᠬᠦᠵᠦ ᠮᠠᠯᠵᠢᠳᠠᠭ ᠪᠠᠢᠭᠰᠠᠨ᠃ ᠰᠤᠪᠨᠠᠭᠤᠷ ᠲᠤ᠌ ᠤᠰᠤ ᠢᠷᠡᠭᠰᠨᠨ ᠡᠴᠡ ᠬᠤᠢᠰᠢ ᠨᠡᠬᠦᠬᠦ ᠪᠠᠨ ᠪᠠᠢᠭᠰᠠᠨ᠃ ᠲᠦᠷᠦᠬᠦᠦ ᠬᠤᠶᠠᠷ ᠵᠢᠯ ᠤᠰᠤ ᠶᠡᠬᠡᠳᠦᠬᠡᠳ ᠨᠤᠳᠤᠭ ᠲᠤ᠌ ᠤᠰᠤ ᠤᠷᠤᠭᠠᠳ ᠨᠤᠳᠤᠭᠯᠠᠵᠤ ᠴᠢᠳᠠᠭᠰᠠᠨ ᠦᠬᠡᠢ》 ᠬᠡᠵᠦ ᠶᠠᠷᠢᠨ᠎ᠠ᠃ ᠮᠠᠯᠴᠢᠨ ᠤᠯᠠᠭᠠᠨᠬᠠᠳᠠ᠄ 《ᠨᠠᠭᠤᠷ ᠬᠠᠳᠠᠵᠤ ᠰᠢᠷᠬᠢᠬᠡᠳ ᠬᠦᠯᠢᠢᠭᠰᠡᠨ ᠱᠠᠩᠳᠠ ᠪᠠᠢᠭᠰᠠᠨ ᠦᠶ᠎ᠠ ᠳ᠋ᠤ ᠡᠯᠡᠰᠦᠨ ᠰᠢᠭᠤᠷᠭ᠎ᠠ ᠠᠮᠠᠷᠬᠠᠨ ᠪᠤᠰᠳᠠᠭ᠃ ᠮᠠᠨ ᠤ᠋ ᠭᠠᠴᠠᠭ᠎ᠠ ᠲᠦᠷᠪᠡᠨ ᠵᠢᠯ ᠤᠰᠤᠨ ᠤ᠋ ᠪᠠᠷ᠎ᠠ ᠬᠠᠷᠠᠭᠰᠠᠨ ᠦᠬᠡᠢ ᠤᠳᠠᠭ᠎ᠠ ᠴᠤ᠌ ᠪᠤᠢ᠂ ᠬᠤᠳᠳᠤᠭ᠎ᠤᠨ ᠤᠰᠤ ᠴᠤ᠌ ᠰᠢᠷᠬᠢᠵᠤ ᠬᠠᠳᠠᠭᠰᠠᠨ᠃ ᠮᠠᠯᠴᠢᠳ᠎ᠤᠨ ᠭᠠᠳᠠᠨ᠎ᠠ ᠮᠠᠯ᠎ᠤᠨ ᠮᠦᠷ ᠳᠠᠰᠤᠷᠠᠬᠤ ᠰᠢᠬᠠᠭᠰᠠᠨ᠃ ᠨᠠᠭᠤᠷ ᠤᠰᠤ ᠳᠠᠢ ᠪᠤᠯᠤᠭᠰᠠᠨ ᠡᠴᠡ ᠭᠤᠪᠢ ᠵᠢᠨ ᠪᠡᠯᠴᠢᠬᠡᠷ ᠰᠡᠷᠬᠦᠵᠦ᠂ ᠬᠤᠵᠢᠷ ᠳᠠᠢ ᠱᠠᠩᠳᠠ ᠬᠤᠯᠤᠰᠤ ᠵᠡᠬᠡᠰᠦ ᠨᠠᠢᠭᠤᠭᠰᠠᠨ ᠰᠠᠢᠬᠠᠨ ᠨᠤᠳᠤᠭ ᠪᠤᠯᠤᠭᠰᠠᠨ᠂ ᠳᠡᠮᠡᠬᠡ ᠮᠠᠯ ᠴᠤ᠌ ᠦᠨᠢᠷ ᠦᠰᠴᠦ ᠠᠮᠢᠳᠤᠷᠠᠯ ᠮᠢᠨᠢ ᠰᠠᠢᠵᠢᠷᠠᠭᠰᠠᠨ》 ᠬᠡᠵᠦ ᠶᠠᠷᠢᠨ᠎ᠠ᠃


             ᠬᠦᠭᠵᠢᠯᠲᠦ


ᠬᠠᠳᠠᠵᠤ ᠰᠢᠷᠬᠢᠭᠰᠡᠨ ᠰᠤᠪᠨᠠᠭᠤᠷ ᠳᠠᠬᠢᠨ ᠠᠮᠢᠯᠠᠯ ᠵᠢᠡᠨ ᠤᠯᠵᠤ᠂ ᠭᠤᠪᠢ ᠨᠤᠳᠤᠭ ᠵᠢᠡᠨ ᠤᠮᠳᠠᠯᠠᠵᠤ᠂ ᠬᠦᠮᠦᠨ ᠠᠷᠠᠳ᠎ᠵᠢᠡᠨ ᠪᠠᠶᠠᠰᠬᠠᠯ᠎ᠠ᠃

ᠡᠵᠡᠨ᠎ᠡ ᠬᠣᠰᠢᠭᠤ ᠪᠣᠯ ᠤᠯᠤᠰ᠎ᠤᠨ ᠭᠣᠣᠯᠳᠠᠯᠭ᠎ᠠ᠎ᠲᠠᠢ ᠠᠮᠢ ᠠᠬᠤᠢ᠎ᠶᠢᠨ ᠴᠢᠳᠠᠮᠵᠢᠲᠤ ᠣᠷᠣᠨ ᠪᠠ ᠤᠮᠠᠷᠠᠲᠤ᠎ᠶᠢᠨ ᠴᠢᠬᠤᠯᠠ ᠠᠮᠢ ᠠᠬᠤᠢ᠎ᠶᠢᠨ ᠠᠮᠤᠷ ᠲᠦᠪᠰᠢᠨ᠎ᠦ ᠬᠠᠯᠬᠠᠪᠴᠢ ᠪᠣᠯᠣᠨ᠎ᠠ᠃

ᠰᠤᠪᠨᠠᠭᠤᠷ ᠨᠢ ᠡᠵᠡᠨ᠎ᠡ᠎ᠶᠢᠨ ᠨᠣᠭᠣᠭᠠᠨ ᠪᠦᠷᠢᠳᠦ᠎ᠶᠢᠨ ᠠᠮᠢ ᠠᠬᠤᠢ᠎ᠶᠢᠨ ᠲᠡᠩᠴᠡᠭᠦᠷᠢ᠎ᠶᠢ ᠪᠠᠲᠤᠯᠠᠬᠤ᠎ᠳᠤ ᠲᠤᠢᠯ᠎ᠤᠨ ᠴᠢᠬᠤᠯᠠ ᠦᠢᠯᠡᠳᠦᠯ᠎ᠲᠠᠢ ᠶᠤᠮ᠃ ᠣᠢᠷ᠎ᠠ᠎ᠶᠢᠨ ᠵᠢᠯ᠎ᠳ᠋ᠤ ᠬᠠᠷ᠎ᠠ ᠭᠣᠣᠯ᠎ᠤᠨ ᠤᠰᠤᠨ᠎ᠤ ᠡᠬᠢ ᠪᠠᠶᠠᠯᠢᠭ᠋᠎ᠢ ᠨᠢᠭᠡᠳᠦᠯᠲᠡᠢ ᠲᠣᠬᠢᠷᠠᠭᠤᠯᠤᠨ ᠬᠠᠮᠢᠶᠠᠷᠬᠤ ᠪᠠ ᠰᠠᠪᠠ ᠭᠠᠵᠠᠷ᠎ᠢ ᠶᠡᠷᠦᠩᠬᠡᠢᠯᠡᠨ ᠵᠠᠰᠠᠬᠤ᠎ᠶᠢ ᠬᠡᠷᠡᠭᠵᠢᠭᠦᠯᠬᠦ᠎ᠪᠡᠷ ᠳᠡᠮᠵᠢᠨ᠂ ᠰᠤᠪᠨᠠᠭᠤᠷ᠎ᠤᠨ ᠤᠰᠤᠨ᠎ᠤ ᠲᠠᠯᠠᠪᠠᠶ᠎ᠶᠢ ᠦᠨᠳᠦᠰᠦᠨ᠎ᠳᠡᠭᠡᠨ 40 ᠲᠡᠭᠰᠢ ᠳᠥᠷᠪᠡᠯᠵᠢᠨ ᠺᠢᠯᠣᠮᠧᠲᠷ ᠣᠷᠴᠢᠮ ᠪᠠᠢᠯᠭᠠᠵᠤ᠂ ᠡᠵᠡᠨ᠎ᠡ᠎ᠶᠢᠨ ᠨᠣᠭᠣᠭᠠᠨ ᠪᠦᠷᠢᠳᠦ᠎ᠶᠢᠨ ᠠᠮᠢ ᠠᠬᠤᠢ᠎ᠶᠢᠨ ᠮᠠᠭᠤᠳᠠᠬᠤ ᠬᠠᠨᠳᠤᠰᠢ᠎ᠶᠢ ᠪᠦᠲᠦᠮᠵᠢᠲᠡᠶ ᠬᠤᠷᠢᠭᠯᠠᠵᠠᠢ᠃ ᠰᠤᠪᠨᠠᠭᠤᠷ᠎ᠤᠨ ᠨᠤᠭᠤ ᠭᠠᠵᠠᠷ᠎ᠤᠨ ᠶᠡᠷᠦᠩᠬᠡᠢ ᠲᠠᠯᠠᠪᠠᠶ 5881.87 ᠾᠧᠺᠲ᠋ᠠᠷ ᠬᠦᠷᠴᠦ᠂ ᠪᠥᠬᠥ ᠬᠣᠰᠢᠭᠤᠨ᠎ᠤ ᠨᠤᠭᠤ ᠭᠠᠵᠠᠷ᠎ᠤᠨ ᠶᠡᠷᠦᠩᠬᠡᠢ ᠲᠠᠯᠠᠪᠠᠶ᠎ᠶᠢᠨ 13.17%᠎ᠶᠢ ᠡᠵᠡᠯᠡᠪᠡ᠃ ᠡᠵᠡᠨ᠎ᠡ᠎ᠶᠢᠨ ᠲᠣᠣᠷᠠᠢ᠎ᠶᠢᠨ ᠣᠶ ᠢᠭᠴᠤᠷᠠᠵᠤ᠂  ᠤᠷᠭᠤᠮᠠᠯ᠎ᠤᠨ ᠬᠤᠴᠢᠯᠭ᠎ᠠ ᠰᠡᠷᠭᠦᠵᠦ᠂ ᠠᠮᠢᠳᠤ ᠪᠣᠳᠠᠰ᠎ᠤᠨ ᠲᠦᠷᠦᠯ ᠨᠡᠮᠡᠭᠳᠡᠨ᠂ ᠣᠷᠴᠢᠨ ᠲᠣᠭᠣᠷᠢᠨ ᠠᠭᠠᠵᠢᠮ᠎ᠢᠶᠠᠷ ᠰᠠᠢᠵᠢᠷᠠᠪᠠ᠃ 2018 ᠣᠨ ᠠ᠋ᠴᠠ ᠨᠠᠭᠠᠰᠢ᠂ ᠬᠠᠷ᠎ᠠ ᠭᠣᠣᠯ ᠠ᠋ᠴᠠ ᠨᠡᠶ᠋ᠢᠲᠡ 34.66 ᠳ᠋ᠦᠩᠰᠢᠭᠤᠷ ᠪᠣᠰᠣᠭ᠎ᠠ ᠳᠥᠷᠪᠡᠯᠵᠢᠨ ᠮᠧᠲᠷ ᠤᠰᠤ ᠲᠠᠲᠠᠵᠤ᠂ ᠡᠵᠡᠨ᠎ᠡ᠎ᠶᠢᠨ ᠨᠣᠭᠣᠭᠠᠨ ᠪᠦᠷᠢᠳᠦ᠎ᠶᠢᠨ ᠵᠠᠬ᠎ᠠ ᠬᠢᠵᠠᠭᠠᠷ᠂ ᠬᠡᠪᠡᠷᠡᠭ ᠣᠷᠣᠨ ᠪᠠ ᠣᠯᠠᠨ ᠵᠢᠯ ᠤᠰᠤᠯᠠᠭᠠᠳᠤᠢ ᠣᠷᠣᠨ᠎ᠳᠤ ᠪᠦᠲᠦᠮᠵᠢᠲᠡᠶ ᠤᠰᠤᠯᠠᠯᠲᠠ ᠬᠢᠵᠦ᠂ ᠨᠣᠭᠣᠭᠠᠨ ᠪᠦᠷᠢᠳᠦ᠎ᠶᠢᠨ ᠲᠠᠯᠠᠪᠠᠶ 200 ᠰᠢᠬᠠᠮ ᠲᠡᠭᠰᠢ ᠳᠥᠷᠪᠡᠯᠵᠢᠨ ᠺᠢᠯᠣᠮᠧᠲᠷ ᠨᠡᠮᠡᠭᠳᠡᠨ᠂ 3328 ᠲᠡᠭᠰᠢ ᠳᠥᠷᠪᠡᠯᠵᠢᠨ ᠺᠢᠯᠣᠮᠧᠲᠷ᠎ᠲᠦ ᠲᠣᠭᠲᠠᠪᠤᠷᠢᠵᠢᠭ᠍ᠰᠠᠨ ᠪᠠᠢᠨ᠎ᠠ ᠃

《ᠰᠤᠪᠨᠠᠭᠤᠷ 20 ᠵᠢᠯ ᠳᠠᠷᠠᠭᠠᠯᠠᠨ ᠤᠰᠤ ᠳᠠᠢ ᠪᠤᠯᠬᠤᠷ ᠤᠳᠤᠬᠠᠨ ᠳ᠋ᠤ ᠰᠢᠪᠠᠭᠤᠨ᠎ᠤ ᠲᠦᠷᠦᠯ 128 ᠲᠦᠷᠦᠯ ᠪᠤᠯᠵᠤ ᠨᠡᠮᠡᠭᠳᠡᠨ᠂ ᠡᠭᠦᠨ᠎ᠦ ᠳᠣᠲᠣᠷ᠎ᠠ ᠤᠯᠤᠰ᠎ᠤᠨ ᠨᠢᠭᠡᠳᠦᠭᠡᠷ ᠳᠡᠰ᠎ᠤᠨ ᠬᠠᠮᠠᠭᠠᠯᠠᠯᠲᠠ᠎ᠳᠤ ᠪᠠᠢᠭ᠎ᠠ ᠰᠢᠪᠠᠭᠤᠨ᠎ᠤ ᠲᠥᠷᠥᠯ 10᠂ ᠤᠯᠤᠰ᠎ᠤᠨ ᠬᠣᠶᠠᠳᠤᠭᠠᠷ ᠳᠡᠰ᠎ᠤᠨ ᠬᠠᠮᠠᠭᠠᠯᠠᠯᠲᠠ᠎ᠳᠤ ᠪᠠᠢᠭ᠎ᠠ ᠰᠢᠪᠠᠭᠤᠨ᠎ᠤ ᠲᠥᠷᠥᠯ 26 ᠪᠤᠢ᠃ ᠬᠠᠷ᠎ᠠ ᠥᠷᠪᠢᠯᠳᠡᠢ᠂ ᠴᠠᠬᠤᠯᠠᠢ᠂ ᠴᠠᠭᠠᠨ ᠰᠡᠭᠦᠯᠲᠦ ᠵᠠᠭᠠᠯᠢ ᠵᠡᠷᠭᠡ ᠤᠯᠤᠰ᠎ᠤᠨ ᠨᠢᠭᠡᠳᠦᠭᠡᠷ ᠳᠡᠰ᠎ᠤᠨ ᠬᠠᠮᠠᠭᠠᠯᠠᠯᠲᠠ᠎ᠶᠢᠨ ᠰᠢᠪᠠᠭᠤᠨ᠎ᠤ ᠲᠦᠷᠦᠯ ᠴᠦ᠍ ᠪᠤᠢ᠃ ᠵᠢᠯ ᠳ᠋ᠤ ᠬᠡᠳᠦᠨ ᠲᠦᠮᠡᠨ ᠨᠡᠭᠦᠳᠡᠯ᠎ᠦᠨ ᠰᠢᠪᠠᠭᠤ ᠰᠤᠪᠨᠠᠭᠤᠷ ᠲᠤ᠌ ᠢᠷᠡᠵᠦ ᠠᠮᠠᠷᠠᠳᠠᠭ ᠪᠤᠯᠵᠠᠢ》 ᠬᠡᠵᠦ ᠡᠵᠡᠨ᠎ᠡ ᠬᠣᠰᠢᠭᠤᠨ᠎ᠤ ᠰᠤᠪᠨᠠᠭᠤᠷ ᠤ᠋ᠨ ᠨᠠᠮᠤᠭ ᠭᠠᠵᠠᠷ ᠢ᠋ ᠬᠠᠮᠠᠭᠠᠯᠠᠬᠤ ᠲᠦᠪ ᠤ᠋ᠨ ᠠᠵᠢᠯᠳᠠᠨ ᠳ᠋ᠦᠩ ᠰᠢᠤᠸᠠᠢ ᠵᠢᠶᠦ᠋ᠨ ᠶᠠᠷᠢᠵᠤ ᠪᠠᠢᠯ᠎ᠠ᠃

ᠰᠢᠷᠭᠠᠯ ᠨᠠᠮᠤᠷ ᠰᠠᠭᠠᠳᠠᠬᠤ ᠪᠡᠷ ᠡᠵᠡᠨ᠎ᠡ ᠨᠢ ᠵᠢᠭᠤᠯᠴᠢᠯᠠᠯ᠎ᠤᠨ ᠬᠦᠭᠵᠢᠶᠡᠨᠳᠤ ᠤᠯᠠᠷᠢᠯ ᠵᠢᠡᠨ ᠤᠭᠳᠤᠳᠠᠭ᠃ ᠠᠮᠢ ᠠᠬᠤᠢ ᠰᠠᠢᠵᠢᠷᠠᠬᠤ ᠵᠢ ᠳᠠᠭᠠᠯᠳᠤᠨ᠂ ᠡᠵᠡᠨ᠎ᠡ ᠬᠤᠰᠢᠭᠤ ᠠᠮᠢ ᠠᠬᠤᠢ ᠵᠢᠨ ᠵᠢᠭᠤᠯᠴᠢᠯᠠᠯ ᠤ᠋ᠨ ᠡᠬᠢ ᠪᠠᠶᠠᠯᠢᠭ ᠵᠢᠡᠨ ᠪᠦᠳᠦᠮᠵᠢ ᠳᠠᠢ ᠨᠡᠬᠡᠬᠡᠵᠦ᠂ ᠰᠤᠶᠤᠯ ᠵᠢᠭᠤᠯᠴᠢᠯᠠᠯ ᠢ᠋ ᠠᠭᠤᠰᠤᠯᠴᠠᠭᠤᠯᠤᠨ ᠬᠦᠭᠵᠢᠬᠦᠯᠦᠭᠰᠡᠨ ᠡᠴᠡ ᠵᠢᠭᠤᠯᠴᠢᠯᠠᠭᠰᠠᠳ ᠵᠢᠯ ᠡᠴᠡ ᠵᠢᠯ ᠤᠯᠠᠰᠢᠷᠠᠨ᠎ᠠ᠃ ᠳᠡᠯᠡᠬᠡᠢ ᠵᠢᠨ ᠭᠤᠷᠪᠠᠨ ᠶᠡᠬᠡ ᠳᠤᠤᠷᠠᠢ ᠵᠢᠨ ᠤᠢ ᠵᠢᠨ ᠨᠢᠬᠡ ᠪᠤᠯᠬᠤ ᠡᠵᠡᠨ᠎ᠡ ᠵᠢᠨ ᠭᠠᠢᠬᠠᠮᠰᠢᠭᠳᠤ ᠳᠤᠤᠷᠠᠢ ᠵᠢᠨ ᠤᠢ ᠵᠢᠨ ᠠᠮᠢ ᠠᠬᠤᠢ ᠵᠢᠨ ᠵᠢᠭᠤᠯᠴᠢᠯᠠᠯ᠂ ᠡᠷᠳᠡᠨ ᠤ᠋ ᠳᠤᠷᠭᠠᠨ ᠵᠠᠮ ᠲᠠᠭᠠᠤ ᠪᠦᠷᠢᠨ ᠪᠦᠳᠦᠨ ᠦᠯᠡᠳᠡᠭᠰᠡᠨ ᠬᠠᠷ᠎ᠠ ᠬᠤᠳᠠ ᠵᠢᠨ ᠪᠠᠭᠤᠷᠢ᠂ ᠰᠤᠪᠨᠠᠭᠤᠷ᠎ᠤᠨ ᠨᠠᠷᠠᠨ ᠮᠠᠨᠳᠤᠬᠤ ᠁  ᠵᠢᠭᠤᠯᠴᠢᠯᠠᠯ᠎ᠤᠨ ᠦᠢᠯᠡᠰ ᠬᠦᠭᠵᠢᠬᠦ ᠵᠢ ᠳᠠᠭᠠᠯᠳᠤᠨ ᠮᠠᠯᠴᠢᠨ ᠳᠠᠷᠢᠶᠠᠴᠢᠨ ᠵᠢᠭᠤᠯᠴᠢᠯᠠᠯ᠎ᠤᠨ ᠦᠢᠯᠡᠰ ᠲᠤ᠌ ᠤᠷᠤᠯᠴᠠᠵᠤ ᠤᠷᠤᠯᠭ᠎ᠠ ᠪᠠᠨ ᠨᠡᠮᠡᠭᠳᠡᠬᠦᠯᠦᠨ᠎ᠡ᠃《ᠰᠤᠪᠨᠠᠭᠤᠷ ᠦᠵᠡᠮᠵᠢ ᠵᠢᠨ ᠤᠷᠤᠨ ᠨᠢ ᠴᠡᠬᠡ ᠭᠠᠴᠠᠭ᠎ᠠ ᠵᠢᠨ ᠨᠤᠳᠤᠭ ᠪᠡᠯᠴᠢᠬᠡᠷ᠎ᠤᠨ ᠳᠤᠮᠳᠠ ᠪᠠᠢᠷᠢᠯᠠᠳᠠᠭ ᠵᠢᠡᠷ ᠮᠠᠨ᠎ᠤ ᠴᠡᠬᠡ ᠭᠠᠴᠠᠭ᠎ᠠ ᠵᠢᠨ ᠮᠠᠯᠴᠢᠳ ᠰᠤᠪᠨᠠᠭᠤᠷ᠎ᠤᠨ ᠦᠵᠡᠮᠵᠢ ᠵᠢᠨ ᠤᠷᠤᠨ ᠳ᠋ᠤ ᠭᠠᠵᠠᠷ ᠨᠤᠳᠤᠭ ᠵᠢᠡᠷ ᠵᠢᠡᠨ ᠬᠤᠪᠢ ᠤᠷᠤᠵᠤ ᠤᠷᠤᠯᠭ᠎ᠠ ᠤᠯᠳᠠᠭ》 ᠬᠡᠵᠦ ᠮᠠᠯᠴᠢᠨ ᠤᠯᠠᠭᠠᠨᠬᠠᠳᠠ ᠶᠠᠷᠢᠵᠤ ᠪᠠᠢᠯ᠎ᠠ᠃


tu9.jpg

                ᠤᠯᠠᠭᠠᠨᠬᠠᠳᠠ


《ᠬᠥᠬᠡᠮᠳᠦᠭ ᠨᠣᠭᠣᠭᠠᠨ ᠠᠭᠤᠯᠠ ᠤᠰᠤ ᠪᠣᠯ ᠠᠯᠲᠠ ᠮᠥᠩᠭᠥᠨ ᠠᠭᠤᠯᠠ ᠮᠥᠨ》᠃ ᠠᠮᠢᠵᠢᠷᠠᠯ ᠪᠢᠯᠬᠠᠭᠰᠠᠨ ᠰᠤᠪᠨᠠᠭᠤᠷ ᠡᠰᠡᠨᠢᠯ ᠠᠷᠢᠭᠤᠨ ᠰᠢᠮ᠎ᠠ ᠪᠡᠷ ᠵᠢᠡᠨ ᠡᠵᠡᠨ᠎ᠡ ᠵᠢᠨ ᠨᠤᠭᠤᠭᠠᠨ ᠪᠦᠷᠢᠳᠤ ᠵᠢ ᠤᠮᠳᠠᠯᠠᠨ᠂ ᠭᠤᠪᠢ ᠵᠢᠨ ᠬᠦᠨ ᠳ᠋ᠡᠬᠢ ᠬᠡᠷᠡᠯᠳᠤ ᠰᠤᠪᠤᠳ᠎ᠤᠨ ᠠᠯᠳᠠᠷ ᠳᠤᠮᠤᠭ᠎ᠢ ᠪᠢᠴᠢᠭᠯᠡᠭᠰᠡᠬᠡᠷ᠃


tu8.jpg

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号