ᠦᠦᠷ ᠤᠨ ᠬᠣᠶᠠᠷ ᠴᠠᠬ᠂ ᠭᠣᠷᠪᠠᠨ ᠴᠠᠭ᠂ ᠳᠦᠷᠪᠡᠨ ᠴᠠᠭ᠂ ᠲᠠᠪᠤᠨ ᠴᠠᠭ᠂ ᠵᠢᠷᠭᠣᠭᠠᠨ ᠴᠠᠭ ᠲᠠ ᠪᠢᠳᠡ ᠳᠣᠭ ᠨᠣᠢᠷ ᠳᠠᠭᠠᠨ ᠪᠠᠢᠭ᠎ᠠ ᠪᠠᠢᠬᠤ ᠡ᠃ ᠬᠦᠬᠡᠬᠤᠲᠠ ᠵᠢᠨ ᠰᠠᠭᠣᠭᠠᠯᠢ ᠠᠷᠠᠳ ᠪᠦᠭᠡᠮ ᠬᠦᠴᠢᠯ ᠤᠨ ᠪᠠᠢᠴᠠᠭᠠᠯᠲᠠ ᠦᠭᠭᠦᠭᠰᠡᠨ ᠴᠤ᠌ ᠮᠠᠭᠠᠳ᠂ ᠬᠠᠷᠢᠨ 《ᠦᠯᠢᠭᠡᠷ ᠵᠢᠡᠨ ᠦᠭᠴᠦ》 ᠳᠠᠭᠣᠰᠪᠠᠯ ᠳᠠᠬᠢᠨ ᠬᠠᠯᠠᠭᠤᠨ ᠣᠷᠣᠨ ᠳᠠᠭᠠᠨ ᠰᠢᠷᠭᠤᠵᠤ ᠪᠣᠯᠣᠨ᠎ᠠ᠂ ᠠᠯᠢ ᠡᠰᠡᠪᠡᠯ ᠳᠠᠬᠢᠨ ᠨᠢᠭᠡ ᠨᠣᠢᠷ ᠤᠨᠲᠠᠭᠰᠠᠨ ᠴᠤ᠌ ᠪᠣᠯᠣᠨ᠎ᠠ᠃ ᠲᠡᠭᠡᠬᠦ ᠳᠤ ᠬᠢᠵᠢᠭ ᠢ ᠰᠡᠷᠭᠡᠢᠯᠡᠨ ᠡᠵᠡᠮᠳᠡᠬᠦ ᠠᠵᠢᠯ ᠳᠤ ᠣᠷᠣᠯᠴᠠᠵᠣ ᠪᠠᠢᠭ᠎ᠠ ᠨᠡᠢᠭᠡᠮ ᠲᠣᠭᠣᠷᠢᠭᠤᠨ ᠠᠵᠢᠯᠲᠠᠨ᠂ ᠡᠮᠴᠢ ᠰᠣᠪᠢᠯᠠᠭᠴᠢ᠂ ᠰᠠᠢᠨ ᠳᠣᠷᠠᠴᠣᠣᠯ ᠁ ᠲᠡᠳᠡ ᠨᠠᠷ ᠲᠤ᠌ ᠣᠨᠲᠠᠬᠤ ᠴᠢᠯᠦᠭᠡ ᠭᠡᠵᠦ ᠬᠠᠮᠢᠭ᠎ᠠ ᠪᠠᠢᠬᠤᠪ᠂ ᠦᠦᠷ ᠵᠢᠡᠷ ᠡᠷᠲᠡᠯᠡᠨ ᠪᠦᠭᠡᠮ ᠬᠦᠴᠢᠯ ᠤᠨ ᠪᠠᠢᠴᠠᠭᠠᠯᠲᠠ ᠬᠢᠬᠦ ᠠᠵᠢᠯ ᠳᠠᠭᠠᠨ ᠭᠠᠷᠣᠨ᠎ᠠ᠂ ᠵᠠᠷᠢᠮᠠᠳ ᠨᠢ ᠪᠦᠷ ᠭᠡᠷ ᠡᠷᠦᠬᠡ ᠳᠡᠭᠡᠨ ᠴᠤ᠌ ᠬᠠᠷᠢᠵᠦ ᠴᠢᠳᠠᠯ ᠦᠭᠡᠢ ᠳᠦᠴᠢ ᠲᠠᠪᠢᠨ ᠬᠣᠨᠣᠭ ᠢ ᠠᠷᠤᠳᠠᠭᠠᠨ ᠣᠷᠬᠢᠯ᠎ᠠ ᠁

ᠰᠦᠨᠢ ᠵᠢᠨ ᠡᠭᠡᠯᠵᠢ ᠵᠢᠨ ᠡᠮᠴᠢ ᠰᠣᠪᠢᠯᠠᠭᠴᠢ ᠨᠠᠷ



ᠨᠡᠢᠭᠡᠮ ᠲᠣᠭᠣᠷᠢᠭᠤᠨ ᠠᠵᠢᠯᠲᠠᠨ᠂ ᠰᠠᠢᠨ ᠳᠤᠷᠠᠴᠤᠤᠯ ᠬᠢᠵᠢᠭ ᠢ ᠰᠡᠷᠭᠡᠢᠯᠡᠨ ᠡᠵᠡᠮᠳᠡᠬᠦ ᠠᠵᠢᠯ ᠳᠤ ᠤᠷᠤᠯᠴᠠᠵᠣ ᠪᠠᠢᠭ᠎ᠠ ᠨᠢ

ᠪᠦᠭᠡᠮ ᠬᠦᠴᠢᠯᠤᠨ ᠪᠠᠢᠴᠠᠭᠠᠯᠲᠠ ᠵᠢᠨ ᠦᠯᠢᠭᠡᠷ ᠠᠪᠴᠦ ᠪᠣᠢ


ᠨᠠᠮ ᠤᠨ ᠭᠡᠰᠢᠭᠦᠨ ᠺᠠᠲ᠌ᠷ ᠨᠡᠢᠭᠡᠮ ᠲᠣᠭᠣᠷᠢᠭᠤᠨ ᠰᠠᠢᠨ ᠳᠣᠷ᠎ᠠ ᠵᠢᠨ ᠦᠢᠯᠡᠴᠢᠯᠡᠭᠴᠢ ᠵᠢᠨ ᠠᠵᠢᠯᠳᠤ ᠣᠷᠣᠯᠴᠠᠨ ᠰᠠᠭᠣᠭᠠᠯᠢ ᠠᠷᠠᠳᠤᠨ ᠲᠣᠭᠣᠷᠢᠭ ᠤᠨ ᠡᠳ᠋ ᠪᠣᠳᠠᠰᠢ ᠠᠷᠢᠭᠣᠳᠬᠠᠵᠣ ᠪᠠᠢᠭ᠎ᠠ ᠨᠢ
ᠯᠠᠪᠠᠷ ᠵᠢᠡᠨ ᠪᠠᠷᠢᠨ ᠪᠦᠭᠡᠮ ᠬᠦᠴᠢᠯᠤᠨ ᠪᠠᠢᠴᠠᠭᠠᠯᠲᠠ ᠬᠢᠬᠦ ᠵᠢ ᠰᠠᠨᠠᠭᠣᠯᠣᠨᠠ᠂ ᠦᠪᠴᠢ ᠪᠡᠶ᠎ᠡ ᠬᠣᠪᠴᠠᠰᠣᠯᠠᠨ ᠪᠦᠭᠡᠮ ᠬᠦᠴᠢᠯ ᠤᠨ ᠪᠠᠢᠴᠠᠭᠠᠯᠲᠠ ᠵᠢᠨ ᠦᠯᠢᠭᠡᠷ ᠠᠪᠬᠤ ᠠᠵᠢᠯ ᠵᠢᠡᠨ ᠡᠬᠢᠯᠡᠭᠦᠯᠦᠨ᠎ᠡ᠂ ᠰᠠᠭᠣᠭᠠᠯᠢ ᠠᠷᠠᠳ ᠤᠨ ᠮᠡᠳᠡᠭᠡ ᠵᠠᠩᠬᠢ ᠵᠢ ᠪᠦᠷᠢᠳᠭᠡᠭᠦᠯᠦᠨ᠎ᠡ᠂ ᠮᠸᠲᠷ ᠵᠠᠢ ᠪᠠᠷᠢᠬᠤ ᠵᠢ ᠰᠠᠨᠠᠭᠣᠯᠵᠣ ᠡᠮᠬᠢ ᠲᠢᠭᠯᠢᠮᠢ ᠬᠠᠮᠠᠭᠠᠯᠠᠨ᠎ᠠ ᠁
ᠲᠡᠳᠡ ᠨᠠᠷ ᠦᠨᠡᠭᠡᠨ ᠬᠠᠷᠠᠩᠭᠣᠢ ᠵᠢ ᠠᠵᠢᠯ ᠬᠠᠷᠢᠭᠣᠴᠠᠯᠭ᠎ᠠ ᠪᠡᠷ ᠵᠢᠡᠨ ᠦᠯᠳᠡᠨᠡ᠂ ᠲᠠ ᠪᠦᠬᠦᠨ ᠵᠦᠳᠡᠷᠡᠯ᠎ᠡ!