《ᠬᠢᠵᠢᠭ᠎ᠦᠨ ᠪᠠᠢᠳᠠᠯ᠎ᠡᠴᠡ ᠪᠣᠯᠵᠤ᠂ ᠡᠨᠡ ᠵᠢᠯ ᠥᠨᠳᠥᠷ ᠳᠤᠮᠳᠠᠳᠤ ᠶ᠋ᠢᠨ ᠭᠤᠷᠪᠠᠳᠤᠭᠠᠷ ᠣᠨ᠎ᠳᠤ ᠰᠤᠷᠤᠯᠴᠠᠵᠤ ᠪᠠᠢᠭ᠎ᠠ ᠬᠦᠦ ᠮᠢᠨᠢ ᠵᠥᠪᠬᠡᠨ ᠭᠡᠷ᠎ᠲᠡᠬᠡᠨ ᠰᠦᠯᠵᠢᠶᠡᠨ ᠳᠡᠭᠡᠷ᠎ᠡ ᠬᠢᠴᠢᠶᠡᠯ ᠣᠷᠣᠨ᠎ᠠ᠂ ᠭᠡᠪᠡᠴᠦ᠍ ᠬᠦᠦ ᠮᠢᠨᠢ ᠲᠣᠭ᠍ᠯᠠᠭᠠᠮ᠎ᠳᠤ ᠱᠢᠨᠤᠵᠤ᠂ ᠢᠳᠬᠠᠬᠤ ᠵᠢ ᠰᠣᠨᠣᠰᠭᠤ ᠦᠭᠡᠢ᠂ ᠪᠢ ᠦᠨᠡᠬᠡᠷ ᠶᠠᠭᠠᠬᠢᠬᠤ᠎ᠪᠠᠨ ᠮᠡᠳᠡᠬᠦ᠌ ᠦᠭᠡᠢ ᠪᠣᠯᠵᠠᠢ》 ᠭᠡᠵᠤ ᠨᠢᠩᠱᠢᠶᠠ᠎ᠶ᠋ᠢᠨ ᠵᠥᠩ ᠸᠧᠶ ᠬᠣᠲᠠ᠎ᠶ᠋ᠢᠨ ᠨᠢᠭᠡᠨ ᠡᠵᠢ ᠠᠷᠭ᠎ᠠ ᠪᠤᠰᠤ ᠲᠤᠬᠠᠶ᠎ᠶ᠋ᠢᠨ ᠭᠠᠵᠠᠷ᠎ᠤᠨ ᠰᠡᠳᠭᠢᠴᠡ᠎ᠶ᠋ᠢᠨ ᠵᠦᠪᠯᠡᠯᠬᠡ ᠥᠭ᠌ᠬᠦ ᠤᠲᠠᠰᠤ᠎ᠶ᠋ᠢ ᠤᠲᠠᠰᠤᠳᠠᠪᠠ᠃ ᠤᠳᠠᠯ ᠦᠭᠡᠢ ᠲᠤᠰᠭᠠᠢ ᠮᠡᠷᠭᠡᠵᠢᠯ᠎ᠦᠨ ᠠᠵᠢᠯᠲᠠᠨ ᠲᠡᠭᠦᠨ ᠲᠠᠢ ᠶᠠᠷᠢᠯᠴᠠᠵᠤ᠂ ᠬᠡᠦᠬᠡᠳ᠎ᠲᠦ᠎ᠨᠢ ᠵᠢᠯᠣᠭᠤᠳᠣᠯᠭ᠎ᠠ ᠬᠢᠵᠡᠢ᠂ ᠣᠳᠣ ᠬᠡᠦᠬᠡᠳ᠎ᠦᠨ ᠰᠤᠷᠤᠯᠭ᠎ᠠ᠎ᠶ᠋ᠢᠨ ᠪᠠᠢᠳᠠᠯ ᠨᠢ ᠰᠠᠢᠵᠢᠷᠠᠵᠤ᠂ ᠡᠵᠢ ᠨᠢ ᠴᠦ᠍ ᠲᠡᠳᠦᠢ ᠰᠠᠨᠠᠭ᠎ᠠ ᠵᠣᠪᠠᠬᠤ ᠦᠭᠡᠢ ᠪᠤᠯᠵᠠᠢ᠃
ᠰᠡᠳᠭᠢᠴᠡ᠎ᠶ᠋ᠢᠨ ᠵᠦᠪᠯᠡᠯᠬᠡ ᠥᠭ᠌ᠬᠦ ᠠᠵᠢᠯᠳᠠᠨ ᠤᠲᠠᠰᠤ᠎ᠪᠠᠷ ᠦᠶ᠋ᠯᠡᠴᠢᠯᠡᠬᠦ᠌ ᠪᠣᠯ ᠵᠦᠩ ᠸᠸᠢ ᠬᠤᠳᠠ ᠵᠢᠨ ᠬᠢᠵᠢᠭ᠎ᠲᠡᠶ ᠲᠡᠮᠡᠴᠡᠬᠦ᠌ ᠳᠤᠮᠳᠠ ᠢᠯᠡᠷᠡᠭ᠌ᠰᠡᠨ ᠰᠡᠳᠭᠢᠴᠠ ᠵᠢᠨ ᠠᠰᠠᠭᠤᠳᠠᠯ᠎ᠳᠤ ᠴᠢᠭ᠌ᠯᠡᠭᠦᠯᠦᠨ᠂ ᠰᠠᠨᠠᠭᠠᠴᠢᠯᠠᠭ᠎ᠠ ᠡᠴᠡ ᠪᠠᠨ ᠨᠡᠬᠡᠬᠡᠭᠰᠡᠨ ᠱᠢᠨ᠎ᠡ ᠦᠶ᠋ᠯᠡᠴᠢᠯᠡᠭᠡᠨ᠎ᠦ ᠨᠢᠭᠡ ᠪᠣᠯᠤᠨ᠎ᠠ᠃ ᠨᠢᠩᠱᠢᠶᠠ ᠨᠡᠢᠲᠡ 500 ᠭᠠᠷᠤᠶ ᠰᠡᠳᠭᠢᠴᠡ᠎ᠶ᠋ᠢᠨ ᠵᠦᠪᠯᠡᠯᠬᠡ ᠥᠭ᠌ᠬᠦ ᠦᠶ᠋ᠯᠡᠴᠢᠯᠡᠭᠡᠨ᠎ᠦ ᠬᠠᠯᠠᠮᠱᠢᠯ ᠤᠲᠠᠰᠤ ᠨᠡᠪᠲᠡᠷᠡᠭᠦᠯᠵᠦ᠍᠂ ᠡᠯ᠎ᠡ ᠲᠥᠷᠥᠯ᠎ᠦᠨ ᠬᠥᠮᠦᠰ᠎ᠢ ᠬᠠᠪᠰᠤᠷᠤᠨ ᠡᠷᠡᠭᠦᠯ ᠪᠤᠰᠤ ᠰᠡᠳᠭᠢᠯᠭᠡ᠎ᠶ᠋ᠢ᠎ᠨᠢ ᠨᠠᠮᠳᠠᠭᠤᠯᠵᠤ᠂ ᠰᠡᠳᠭᠢᠴᠡ᠎ᠶ᠋ᠢᠨ ᠬᠢᠮᠤᠷᠠᠯ᠎ᠢ᠎ᠨᠢ ᠰᠢᠢᠳᠪᠦᠷᠢᠯᠡᠨ᠂ ᠰᠡᠳᠭᠢᠯᠭᠡ᠎ᠶ᠋ᠢ᠎ᠨᠢ ᠴᠠᠭ ᠲᠤᠬᠠᠶ᠎ᠳᠤᠨᠢ ᠪᠦᠲᠦᠮᠵᠢᠲᠡᠶ ᠢᠳᠬᠠᠨ ᠵᠢᠯᠣᠭᠣᠳᠭᠤ ᠪᠠ ᠬᠢᠵᠢᠭ ᠦᠨ ᠬᠤᠭᠤᠴᠠᠭᠠᠨ ᠳᠠᠬᠢ ᠣᠯᠠᠨ ᠲᠦᠮᠡᠨ ᠦ ᠰᠡᠳᠭᠢᠴᠡ ᠶ᠋ᠢᠨ ᠳᠠᠷᠤᠯᠲᠠ ᠶ᠋ᠢ ᠬᠥᠩᠭᠡᠷᠡᠭᠦᠯᠬᠦ᠌ ᠲᠠᠯ᠎ᠠ ᠪᠠᠷ ᠢᠳᠡᠪᠬᠢᠲᠡᠶ ᠦᠢᠯᠡᠳᠦᠯ ᠦᠵᠡᠭᠦᠯᠪᠡ᠃
ᠬᠢᠵᠢᠭ᠎ᠦᠨ ᠪᠠᠢᠳᠠᠯ᠎ᠤᠨ ᠳᠤᠮᠳᠠ᠂ ᠲᠡᠷᠡ ᠬᠦ᠌ ᠤᠲᠠᠰᠤ ᠠᠪᠴᠤ ᠲᠤᠰᠠᠯᠠᠮᠵᠢ ᠭᠤᠶᠤᠴᠢᠯᠠᠭ᠍ᠰᠠᠨ ᠡᠵᠢ ᠵᠢᠨ ᠪᠠᠢᠳᠠᠯ᠎ᠲᠠᠶ ᠠᠳᠠᠯᠢ᠂ ᠵᠠᠷᠢᠮ ᠬᠥᠮᠦᠨ ᠰᠦᠯᠵᠢᠶᠡᠨ ᠳᠡᠭᠡᠷ᠎ᠡ ᠬᠢᠴᠢᠶᠡᠯ ᠣᠷᠣᠬᠤ᠂ ᠬᠡᠷ ᠲᠡᠬᠡᠨ ᠰᠠᠭᠤᠵᠦ ᠠᠯᠪᠠᠯᠠᠬᠤ᠂ ᠰᠠᠭᠤᠭᠠᠯᠢ ᠠᠷᠠᠳ᠎ᠤᠨ ᠲᠣᠭᠣᠷᠢᠭ᠎ᠢ ᠪᠢᠲᠡᠭᠦᠮᠵᠢᠯᠡᠨ ᠡᠵᠡᠮᠳᠡᠬᠦ᠌᠂ ᠭᠡᠷ᠎ᠡᠴᠡ᠎ᠪᠡᠨ ᠤᠯᠵᠤ ᠭᠠᠷᠬᠤ ᠦᠭᠡᠢ ᠵᠡᠷᠭᠡ ᠪᠠᠢᠳᠠᠯ᠎ᠤᠨ ᠳᠤᠮᠳᠠ ᠱᠢᠨ᠎ᠡ ᠠᠰᠠᠭᠤᠳᠠᠯ ᠲᠤᠯᠭᠠᠷᠠᠪᠠ᠃ ᠬᠢᠵᠢᠭ᠎ᠲᠡᠶ ᠲᠡᠮᠡᠴᠡᠬᠦ᠌ ᠶᠠᠪᠤᠴᠠ᠎ᠳᠤ ᠬᠥᠮᠦᠰ ᠰᠡᠳᠭᠢᠯ᠎ᠦᠨ ᠳᠠᠷᠤᠭᠠᠰᠤ᠎ᠲᠠᠶ ᠪᠤᠯᠬᠤ ᠨᠢ ᠳᠠᠮᠵᠢᠭ ᠦᠭᠡᠢ ᠶᠤᠮ᠃ ᠬᠦᠴᠢᠷᠳᠡᠯᠲᠡᠶ ᠣᠯᠠᠨ ᠲᠦᠮᠡᠨ ᠢ᠋ ᠬᠦᠯᠢᠴᠡᠩᠭᠦᠶ᠎ᠪᠡᠷ ᠢᠳᠬᠠᠨ ᠵᠢᠯᠣᠭᠣᠳᠴᠤ᠌᠂ ᠨᠠᠷᠢᠨ ᠨᠢᠮᠪᠠᠶ ᠦᠶ᠋ᠯᠡᠴᠢᠯᠡᠬᠦ᠌ ᠵᠢᠴᠢ ᠬᠠᠢᠷ᠎ᠠ ᠬᠠᠯᠠᠮᠵᠢ ᠬᠦᠷᠲᠡᠭᠡᠵᠦ᠍᠂ ᠬᠢᠵᠢᠭ᠎ᠲᠡᠶ ᠲᠡᠮᠡᠴᠡᠬᠦ᠌ ᠰᠡᠳᠭᠢᠴᠡ᠎ᠶ᠋ᠢᠨ ᠰᠡᠷᠭᠡᠢᠯᠡᠯᠲᠡ᠎ᠶ᠋ᠢᠨ ᠱᠤᠭᠤᠮ᠎ᠢ ᠪᠡᠬᠢᠵᠢᠭᠦᠯᠵᠦ᠍᠂ ᠠᠷᠠᠳ ᠲᠦᠮᠡᠨ᠎ᠦ ᠠᠮᠢ ᠨᠠᠰᠤᠨ᠎ᠤ ᠠᠮᠤᠷ ᠲᠦᠪᠱᠢᠨ ᠪᠠ ᠪᠡᠶ᠎ᠡ ᠰᠡᠳᠭᠢᠴᠠ ᠵᠢᠨ ᠡᠷᠡᠭᠦᠯ ᠮᠡᠨᠳᠦ᠍᠎ᠶ᠋ᠢ ᠬᠠᠮᠤᠭ᠎ᠤᠨ ᠶᠡᠬᠡ ᠬᠡᠮᠵᠢᠶ᠎ᠡ᠎ᠪᠡᠷ ᠬᠠᠮᠠᠭᠠᠯᠠᠬᠤ ᠬᠡᠷᠡᠭ᠌ᠲᠡᠶ᠃
ᠬᠢᠵᠢᠭ᠎ᠦᠨ ᠪᠠᠢᠳᠠᠯ᠎ᠨᠢ ᠨᠡᠢᠭᠡᠮ᠎ᠦᠨ ᠦᠶ᠋ᠯᠡᠳᠪᠦᠷᠢᠯᠡᠯ ᠠᠮᠢᠳᠤᠷᠠᠯ᠎ᠳᠤ ᠵᠠᠷᠢᠮ ᠲᠠᠭᠠᠷᠢᠯᠲᠠ ᠤᠴᠠᠷᠠᠭᠤᠯᠤᠭᠰᠠᠨ ᠡᠴᠡ ᠬᠢᠵᠢᠭ᠎ᠦᠨ ᠪᠠᠢᠳᠠᠯ᠎ᠤᠨ ᠨᠠᠷᠢᠨ ᠪᠤᠳᠤᠯᠢᠶᠠᠨᠲᠠᠶ ᠬᠤᠪᠢᠷᠠᠯᠲᠠ᠎ᠶ᠋ᠢᠨ ᠡᠮᠦᠨ᠎ᠡ᠂ ᠡᠯ᠎ᠡ ᠭᠠᠵᠠᠷ ᠣᠷᠣᠨ ᠡᠯ᠎ᠡ ᠰᠠᠯᠠᠭ᠎ᠠ ᠮᠥᠴᠢᠷ᠎ᠦᠨ᠎ᠬᠢᠨ ᠣᠯᠠᠨ ᠲᠦᠮᠡᠨ᠎ᠦ ᠪᠠᠴᠢᠮᠳᠠᠬᠰᠠᠨ ᠰᠡᠳᠭᠢᠯᠭᠡ᠎ᠶ᠋ᠢ ᠨᠠᠩ ᠬᠦᠯᠢᠴᠡᠩᠭᠦᠶ᠎ᠪᠡᠷ ᠨᠠᠮᠳᠠᠭᠤᠯᠬᠤ ᠬᠡᠷᠡᠭ᠌ᠲᠡᠶ᠃ ᠬᠢᠵᠢᠭ᠎ᠲᠡᠶ ᠲᠡᠮᠡᠴᠡᠬᠦ᠌ ᠲᠡᠮᠡᠴᠡᠯ᠎ᠨᠢ ᠨᠠᠷᠢᠨ ᠪᠤᠳᠤᠯᠢᠶᠠᠨᠲᠤ ᠴᠢᠨᠠᠷ᠂ ᠪᠡᠷᠬᠡ ᠬᠠᠲᠠᠭᠤᠵᠢᠯᠲᠤ ᠴᠢᠨᠠᠷ᠂ ᠳᠠᠬᠢᠨ ᠳᠠᠪᠲᠠᠬᠤ ᠴᠢᠨᠠᠷᠲᠠᠶ ᠪᠠᠢᠳᠠᠭ ᠪᠣᠯᠬᠣᠷ ᠣᠯᠠᠨ ᠲᠦᠮᠡᠨ᠎ᠦ ᠰᠡᠳᠭᠢᠯ᠎ᠦᠨ ᠲᠠᠭᠤᠨ᠎ᠢ ᠰᠣᠨᠣᠰᠴᠤ᠌᠂ ᠣᠯᠠᠨ ᠲᠦᠮᠡᠨ᠎ᠦ ᠠᠰᠠᠭᠤᠳᠠᠯ᠎ᠢ ᠬᠦᠯᠢᠴᠡᠩᠭᠦᠶ᠎ᠪᠡᠷ ᠱᠢᠶ᠋ᠳᠪᠦᠷᠢᠯᠡᠵᠦ᠍᠂ ᠨᠡᠢᠭᠡᠮ ᠦᠨ ᠠᠩᠬᠠᠷᠤᠯ ᠲᠠᠯᠪᠢᠵᠤ ᠪᠠᠢᠭ᠎ᠠ ᠠᠰᠠᠭᠤᠳᠠᠯ ᠳᠤ ᠢᠳᠡᠪᠬᠢᠲᠡᠶ ᠰᠠᠨᠠᠭᠠᠴᠢᠯᠠᠭ᠎ᠠ᠎ᠡᠴᠡ᠎ᠪᠠᠨ ᠴᠠᠭ ᠲᠤᠬᠠᠶ᠎ᠳᠤᠨᠢ ᠬᠠᠷᠢᠭᠤᠯᠲᠠ ᠥᠭ᠌ᠬᠦ ᠬᠡᠷᠡᠭ᠌ᠲᠡᠶ᠃
ᠵᠢᠱ᠌ᠢᠶᠡᠯᠡᠪᠡᠯ ᠬᠢᠵᠢᠭ᠎ᠦᠨ ᠪᠠᠢᠳᠠᠯ ᠬᠦᠨᠳᠦ ᠨᠣᠴᠢᠲᠠᠶ ᠪᠠᠢᠭ᠎ᠠ ᠭᠠᠵᠠᠷ ᠣᠷᠣᠨ᠎ᠤ᠎ᠬᠢᠨ ᠠᠮᠢᠳᠤᠷᠠᠯ᠎ᠤᠨ ᠡᠳ᠋ ᠪᠣᠳᠠᠰ᠎ᠤᠨ ᠬᠠᠩᠭᠠᠯᠭ᠎ᠠ ᠭᠦᠢᠴᠡᠳ᠂ ᠪᠠᠷᠠᠭᠠᠨ ᠤ ᠭᠦᠢᠯᠭᠡᠭᠡ ᠶᠢᠨ ᠲᠣᠬᠢᠷᠠᠭᠤᠯᠤᠨ ᠬᠦᠷᠭᠡᠬᠦ᠌ ᠰᠠᠭᠠᠳ ᠥᠬᠡᠶ ᠨᠡᠪᠲᠡᠷᠡᠬᠦ᠌᠎ᠶᠢ ᠪᠠᠲᠤᠯᠠᠬᠤ ᠶᠢ ᠨᠠᠩ ᠴᠢᠬᠤᠯᠠᠴᠢᠯᠠᠪᠡᠯ ᠬᠥᠮᠦᠰ ᠨᠡᠩ ᠢᠯᠡᠬᠦᠤ ᠠᠮᠤᠷ ᠲᠣᠭᠲᠠᠭᠤᠨ ᠪᠠᠢᠵᠤ ᠴᠢᠳᠠᠨ᠎ᠠ; ᠮᠡᠳᠡᠭᠡ ᠵᠠᠩᠭᠢ ᠨᠡᠢᠲᠡᠯᠡᠬᠦ᠌ ᠶᠢ ᠴᠢᠩᠭᠠᠳᠭᠠᠵᠤ᠂ ᠤᠯᠤᠯᠴᠠᠭ᠎ᠠ ᠰᠣᠯᠢᠯᠴᠠᠭ᠎ᠠ ᠰᠠᠭᠠᠳ ᠦᠭᠡᠢ ᠶᠠᠪᠤᠭᠳᠠᠪᠠᠯ᠂ ᠤᠯᠠᠨ ᠲᠦᠮᠡᠨ ᠲᠤᠳᠠᠭᠤ ᠰᠢᠭ᠋ ᠪᠠᠴᠢᠮᠳᠠᠵᠤ ᠰᠠᠨᠳᠤᠷᠤᠨ᠎ᠠ᠃
ᠰᠡᠳᠭᠢᠴᠡ᠎ᠶᠢᠨ ᠵᠢᠯᠤᠭᠤᠳᠤᠯᠭ᠎ᠠ ᠬᠢᠬᠦ᠌ ᠳᠡᠭᠡᠨ ᠠᠷᠠᠳ ᠤᠯᠠᠨ᠎ᠤ ᠬᠢᠵᠢᠭ᠎ᠦᠨ ᠪᠠᠢᠳᠠᠯ᠎ᠢ ᠰᠡᠷᠭᠡᠢᠯᠡᠨ ᠡᠵᠡᠮᠳᠡᠬᠦ᠌ ᠳᠤᠮᠳᠠ ᠲᠤᠯᠭᠠᠷᠠᠭᠰᠠᠨ ᠪᠣᠳᠠᠲᠠᠢ ᠠᠰᠠᠭᠤᠳᠠᠯ᠎ᠢ ᠨᠠᠷᠢᠨ ᠬᠢᠨᠠᠮᠠᠭᠠᠢ ᠱᠢᠢᠳᠪᠦᠷᠢᠯᠡᠬᠦ᠌ ᠬᠡᠷᠡᠭᠲᠡᠢ᠃ ᠠᠵᠢᠯ᠎ᠵᠢᠡᠨ ᠨᠠᠷᠢᠯᠢᠭ ᠪᠣᠳᠠᠲᠠᠶ ᠬᠢᠵᠦ᠍᠂ ᠠᠳᠠᠯᠢ ᠪᠤᠰᠤ ᠬᠦᠮᠦᠰ ᠤ᠋ᠨ ᠬᠦᠢᠲᠡᠨ ᠳᠤᠯᠠᠭᠠᠨ ᠠᠮᠤᠷ ᠲᠦᠪᠱᠢᠨ ᠠᠶᠤᠯ ᠲᠦᠭᠱᠢᠭᠦᠷᠢ ᠪᠠ ᠵᠥᠷᠢᠶᠡᠲᠦ ᠬᠦᠰᠡᠯ ᠱᠠᠭᠠᠷᠳᠠᠯᠭ᠎ᠠ᠎ᠶᠢ ᠪᠡᠶ᠎ᠡ᠎ᠪᠡᠷ ᠵᠢᠡᠨ ᠣᠢᠯᠠᠭᠠᠵᠤ ᠮᠡᠳᠡᠬᠦ᠌ ᠨᠢ ᠰᠡᠳᠭᠢᠴᠡ᠎ᠶᠢᠨ ᠵᠢᠯᠣᠭᠣᠳᠣᠯᠭ᠎ᠠ᠎ᠶᠢ ᠨᠠᠩ ᠰᠠᠢᠨ ᠦᠷ᠎ᠡ ᠪᠦᠲᠦᠮᠵᠢᠲᠡᠶ ᠪᠣᠯᠭᠠᠵᠤ ᠴᠢᠳᠠᠨ᠎ᠠ᠃ ᠵᠢᠱ᠌ᠢᠶᠡᠯᠡᠪᠡᠯ ᠴᠥᠭᠡᠨ ᠪᠤᠰᠤ ᠭᠠᠵᠠᠷ ᠣᠷᠣᠨ᠎ᠨᠢ ᠪᠥᠭᠡᠮ ᠬᠦᠴᠢᠯ᠎ᠦᠨ ᠪᠠᠢᠴᠠᠭᠠᠯᠲᠠ᠎ᠳᠤ ᠠᠷᠭ᠎ᠠ ᠴᠢᠨᠠᠷ ᠢᠯᠡᠷᠡᠭᠰᠡᠨ ᠬᠥᠮᠦᠰ ᠵᠢᠴᠢ ᠨᠢᠭᠲᠠ ᠣᠢᠷᠠᠲᠤᠭᠰᠠᠳᠢ ᠬᠠᠪᠰᠤᠷᠤᠨ ᠰᠡᠳᠭᠢᠴᠡ᠎ᠶᠢᠨ ᠳᠠᠷᠤᠯᠲᠠ᠎ᠶᠢ᠎ᠨᠢ ᠬᠥᠩᠭᠡᠷᠡᠭᠦᠯᠬᠦ ᠨᠢ ᠠᠯᠢ ᠲᠦᠷᠭᠡᠨᠵᠢᠡᠷ ᠡᠷᠡᠭᠦᠯᠵᠢᠬᠦ᠌ᠳᠦ ᠠᠱᠢᠭ᠎ᠲᠠᠶ ᠪᠠᠢᠳᠠᠭ; ᠨᠠᠰᠤᠲᠠᠨ ᠨᠢᠯᠬᠠᠰ ᠡᠪᠡᠳᠴᠢᠨ ᠲᠠᠢ ᠵᠡᠮᠳᠡᠭ ᠵᠢᠷᠮᠦᠰᠦᠨ ᠵᠡᠷᠭᠡ ᠣᠨᠴᠠᠭᠠᠢ ᠬᠦᠮᠦᠰ᠎ᠢ ᠬᠠᠯᠠᠮᠵᠢᠯᠠᠨ ᠬᠠᠪᠰᠤᠷᠬᠤ ᠡᠷᠴᠢᠮᠵᠢᠡᠨ ᠴᠢᠩᠭᠠᠷᠠᠭᠤᠯᠬᠤ ᠭᠡᠷᠡᠭᠳᠠᠢ; ᠡᠳᠤᠷ ᠰᠦᠨᠢ ᠦᠭᠡᠢ ᠪᠠᠳᠤ ᠰᠠᠬᠢᠵᠤ ᠡᠮᠦᠨ᠎ᠡ ᠹᠷᠣᠨᠲ᠎ᠲᠤ ᠡᠷᠨᠮᠡᠭᠡᠢᠯᠡᠨ ᠪᠠᠢᠯᠳᠤᠵᠤ ᠪᠠᠢᠭ᠎ᠠ ᠬᠢᠵᠢᠭ᠎ᠢ ᠰᠡᠷᠭᠡᠢᠯᠡᠬᠦ᠌ ᠠᠵᠢᠯᠳᠠᠳ ᠤ᠋ᠨ ᠪᠠᠳᠤᠯᠠᠭ᠎ᠠ ᠵᠢ ᠰᠠᠢᠳᠤᠷ ᠬᠢᠵᠤ᠂ ᠰᠠᠨᠠᠭᠠᠱᠢᠷᠠᠯ ᠵᠣᠪᠠᠨᠢᠯ᠎ᠢ᠎ᠨᠢ ᠠᠯᠢ ᠴᠢᠳᠠᠬᠤ᠎ᠪᠠᠷ ᠰᠢᠢᠳᠪᠤᠷᠢᠯᠡᠬᠦ ᠬᠡᠷᠡᠭᠲᠡᠶ᠃
ᠰᠡᠳᠭᠢᠴᠡ᠎ᠶᠢᠨ ᠵᠢᠯᠣᠭᠣᠳᠤᠯᠭ᠎ᠠ᠎ᠶᠢ ᠰᠠᠢᠲᠤᠷ ᠬᠢᠵᠦ᠍᠂ ᠤᠷᠮ᠎ᠠ ᠬᠤᠭᠤᠷᠠᠬᠤ ᠰᠡᠳᠭᠢᠯᠭᠡ᠎ᠶᠢ ᠪᠦᠲᠦᠮᠵᠢᠲᠡᠶ ᠠᠷᠢᠯᠭᠠᠬᠤ᠎ᠳᠤ ᠪᠠᠰᠠ ᠠᠵᠢᠯ᠎ᠤᠨ ᠳᠤᠮᠳᠠ ᠨᠠᠩ ᠣᠯᠠᠨ ᠬᠠᠢᠷ᠎ᠠ ᠰᠡᠳᠭᠢᠯᠭᠡ᠎ᠲᠡᠶ ᠪᠠᠢᠬᠤ ᠬᠡᠷᠡᠭᠲᠡᠶ᠃ ᠣᠢᠷ᠎ᠠ᠎ᠶᠢᠨ ᠭᠤᠷᠪᠠᠨ ᠵᠢᠯ᠎ᠦᠨ ᠬᠢᠵᠢᠭ᠎ᠲᠡᠶ ᠲᠡᠮᠡᠴᠡᠬᠦ᠌ ᠦᠢᠯᠡᠳᠦᠯᠭᠡ᠎ᠡᠴᠡ ᠡᠯ᠎ᠡ ᠲᠠᠯ᠎ᠠ᠎ᠶᠢᠨ᠎ᠬᠢᠨ ᠪᠠᠰᠠ ᠣᠯᠠᠨ ᠲᠦᠮᠡᠨ᠎ᠦ ᠰᠡᠳᠭᠢᠯ ᠰᠠᠨᠠᠭᠠᠨ᠎ᠤ ᠵᠣᠪᠠᠨᠢᠯᠵᠢᠡᠨ ᠬᠥᠩᠭᠡᠷᠡᠭᠦᠯᠬᠦ᠌᠎ᠳᠦ ᠠᠱᠢᠭ᠎ᠲᠠᠶ ᠬᠥᠮᠦᠨᠴᠢ ᠴᠢᠨᠠᠷᠲᠠᠶ᠂ ᠳᠥᠭᠥᠮ ᠳᠥᠲᠡ ᠦᠢᠯᠡᠴᠢᠯᠡᠭᠡᠨᠦᠭᠦᠳᠢ᠋ ᠠᠯᠬᠤᠮ ᠠᠯᠬᠤᠮᠵᠢᠡᠷ ᠳ᠋ᠦᠩᠨᠡᠨ ᠭᠠᠷᠭᠠᠪᠠ᠃ ᠵᠢᠱ᠌ᠢᠶᠡᠯᠡᠪᠡᠯ ᠲᠤᠰᠠᠭᠠᠷᠯᠠᠨ ᠠᠵᠢᠬᠯᠠᠬᠤ ᠬᠥᠮᠦᠰ ᠪᠤᠶᠤ ᠰᠢᠷ᠎ᠠ ᠺᠣᠳ᠋᠎ᠲᠠᠶ ᠬᠥᠮᠦᠰ᠎ᠲᠦ ᠲᠤᠰᠭᠠᠢᠯᠠᠨ ᠣᠨᠣᠱᠢᠯᠠᠨ ᠡᠮᠨᠡᠬᠦ᠌ ᠦᠢᠯᠡᠴᠢᠯᠡᠭᠡ ᠲᠠᠢ 《ᠰᠢᠷ᠎ᠠ ᠺᠣᠳ᠋᠎ᠤᠨ ᠡᠮᠨᠡᠯᠭᠡ᠎ᠶᠢᠨ ᠬᠣᠷᠢᠶ᠎ᠠ》 ᠬᠠᠨᠭᠭᠠᠵᠤ᠂ ᠣᠯᠠᠨ ᠭᠠᠵᠠᠷ᠎ᠤᠨ ᠣᠯᠠᠨ ᠰᠠᠯᠠᠭ᠎ᠠ ᠮᠥᠴᠢᠷ ᠵᠠᠭᠠᠯᠳᠤᠯᠭ᠎ᠠ ᠵᠢᠨ ᠲᠠᠪᠴᠠᠩ ᠪᠠ ᠬᠠᠯᠠᠮᠱᠢᠯ ᠤᠲᠠᠰᠤ ᠲᠣᠬᠢᠷᠠᠭᠤᠯᠵᠤ ᠣᠯᠠᠨ ᠲᠦᠮᠡᠨ᠎ᠦ ᠪᠠᠴᠢᠮᠳᠠᠵᠤ ᠲᠦᠪᠡᠭᠳᠡᠵᠤ ᠵᠤᠪᠠᠨᠢᠵᠤ ᠬᠦᠰᠡᠵᠤ ᠪᠠᠢᠭ᠎ᠠ ᠠᠰᠠᠭᠤᠳᠠᠯ ᠢ᠋ ᠴᠠᠭ ᠲᠤᠬᠠᠶ᠎ᠳᠤᠨᠢ ᠰᠢᠢᠳᠪᠤᠷᠢᠯᠡᠬᠦ᠎ᠶᠢ ᠠᠬᠢᠭᠤᠯᠵᠤ᠂ 《ᠰᠦᠯᠵᠢᠶᠡᠨ ᠳᠡᠭᠡᠷᠡᠬᠢ ᠰᠡᠳᠭᠢᠴᠡ᠎ᠶᠢᠨ ᠲᠤᠰᠠᠯᠠᠮᠵᠢ + ᠰᠡᠳᠭᠢᠴᠡ᠎ᠶᠢᠨ ᠬᠠᠪᠰᠤᠷᠤᠨ ᠵᠢᠯᠣᠭᠣᠳᠭᠤ ᠬᠠᠯᠠᠮᠰᠢᠯ ᠤᠲᠠᠰᠤ》 ᠵᠡᠷᠭᠡ᠎ᠶᠢ ᠨᠡᠪᠲᠡᠷᠡᠭᠦᠯᠪᠡ᠃ ᠡᠳᠡᠭᠡᠷ ᠪᠠᠲᠤᠯᠠᠭ᠎ᠠ᠎ᠶᠢᠨ ᠠᠵᠢᠯ᠎ᠢ ᠰᠠᠢᠲᠤᠷ ᠬᠢᠬᠦ᠌ ᠨᠢ ᠦᠨᠡᠨ ᠰᠡᠳᠭᠢᠯᠭᠡ ᠪᠠ ᠬᠠᠯᠠᠭᠤᠨ ᠰᠡᠳᠭᠢᠯ᠎ᠢ ᠬᠥᠮᠦᠨ ᠨᠢᠭᠡ ᠪᠦᠷᠢᠳᠦ ᠦᠨᠡᠨ ᠬᠦ᠌ ᠳᠠᠮᠵᠢᠭᠤᠯᠵᠤ᠂ ᠤᠯᠠᠨ ᠲᠦᠮᠡᠨ᠎ᠳᠦ ᠬᠠᠯᠠᠭᠤᠨ ᠳᠣᠲᠣᠨᠣ ᠳᠥᠭᠥᠮ ᠳᠥᠲᠡ ᠰᠠᠨᠠᠭᠳᠠᠭᠤᠯᠬᠤ᠎ᠶᠢᠨ ᠤᠯᠠᠮ᠎ᠡᠴᠡ ᠰᠠᠨᠠᠭ᠎ᠠ ᠠᠮᠤᠷ ᠪᠠᠢᠯᠭᠠᠳᠠᠭ᠃
11 ᠰᠠᠷ᠎ᠠ᠎ᠶᠢᠨ 10 ᠤ᠋ ᠡᠳᠦᠷ ᠶᠡᠷᠦᠩᠬᠡᠶ ᠱᠦᠵᠢ ᠰᠢ ᠵᠢᠨ ᠫᠢᠩ᠎ᠦᠨ ᠡᠷᠭᠢᠯᠡᠨ ᠬᠤᠷᠠᠯᠳᠤᠭᠤᠯᠤᠭᠰᠠᠨ ᠨᠠᠮ᠎ᠤᠨ ᠲᠥᠪ ᠬᠣᠷᠢᠶᠠᠨ᠎ᠤ ᠤᠯᠤᠰ ᠲᠥᠷᠥ ᠶᠢᠨ ᠲᠣᠪᠴᠢᠶᠠᠨ᠎ᠤ ᠪᠠᠢᠩᠭᠤ᠎ᠶᠢᠨ ᠬᠣᠷᠢᠶᠠᠨ᠎ᠤ ᠬᠤᠷᠠᠯ᠎ᠡᠴᠡ᠂ ᠬᠢᠵᠢᠭ᠎ᠦᠨ ᠪᠠᠢᠳᠠᠯ᠎ᠢ ᠰᠡᠷᠭᠡᠢᠯᠡᠨ ᠡᠵᠡᠮᠳᠡᠬᠦ᠌ ᠡᠯ᠎ᠡ ᠵᠦᠢᠯ᠎ᠦᠨ ᠠᠵᠢᠯ᠎ᠢ ᠪᠣᠳᠠᠲᠠᠶ ᠠᠳᠭᠤᠨ ᠨᠠᠷᠢᠯᠢᠭ ᠠᠳᠭᠤᠵᠤ᠂ ᠦᠵᠡᠯ ᠰᠠᠨᠠᠭᠠᠨ᠎ᠤ ᠵᠢᠯᠣᠭᠣᠳᠣᠯᠭ᠎ᠠ ᠪᠠ ᠰᠡᠳᠭᠢᠴᠡ᠎ᠶᠢᠨ ᠵᠢᠯᠣᠭᠣᠳᠣᠯᠭ᠎ᠠ᠎ᠶᠢ ᠰᠠᠢᠲᠤᠷ ᠬᠢᠬᠦ᠌ ᠬᠡᠷᠡᠭᠲᠡᠶ ᠭᠡᠵᠦ᠍ ᠴᠢᠬᠤᠯᠠᠴᠢᠯᠠᠪᠠ᠃ ᠰᠡᠳᠭᠢᠯ ᠵᠢᠡᠨ ᠨᠢᠭᠲᠠᠷᠠᠭᠤᠯᠪᠠᠯ ᠰᠠᠶᠢ ᠬᠦᠴᠦ᠍ ᠪᠡᠨ ᠲᠥᠪᠯᠡᠷᠡᠭᠦᠯᠵᠦ᠍ ᠴᠢᠳᠠᠨ᠎ᠠ᠃ ᠬᠢᠵᠢᠭ᠎ᠲᠡᠶ ᠲᠡᠮᠡᠴᠡᠬᠦ᠌ ᠶᠠᠪᠤᠴᠠ ᠳᠠᠬᠢ ᠰᠡᠳᠭᠢᠴᠡ ᠶᠢᠨ ᠵᠢᠯᠤᠭᠤᠳᠤᠯᠭ᠎ᠠ ᠨᠢ ᠲᠠᠭᠠᠵᠥ᠍ ᠠᠮᠵᠢᠬᠤ ᠪᠥᠭᠡᠳ ᠪᠣᠳᠠᠲᠠᠢ᠎ᠳᠤ ᠨᠡᠢᠴᠡᠵᠦ᠍᠂ ᠲᠠᠢᠪᠤᠱᠢᠷᠠᠬᠤ ᠪᠤᠳᠤᠯ᠂ ᠬᠠᠯᠠᠱᠢᠷᠠᠬᠤ ᠪᠤᠳᠤᠯ᠂ ᠠᠵᠠ ᠬᠠᠷᠠᠬᠤ ᠪᠤᠳᠤᠯ᠂ ᠠᠯᠮᠠᠢᠷᠠᠬᠤ ᠰᠡᠳᠬᠢᠯᠭᠡ᠎ᠶᠢ ᠢᠯᠠᠨ ᠳᠠᠪᠠᠪᠡᠯ ᠪᠢᠳᠡ ᠯᠠᠪᠲᠠᠢ ᠬᠢᠵᠢᠭ᠎ᠲᠡᠶ ᠲᠡᠮᠡᠴᠡᠬᠦ᠌ ᠶᠡᠬᠡ ᠳᠠᠢᠯᠠᠯᠳᠤᠭᠠᠨ ᠬᠠᠲᠠᠭᠤ ᠳᠠᠢᠯᠠᠯᠳᠤᠭᠠᠨ᠎ᠤ ᠢᠯᠠᠯᠲᠠ᠎ᠶᠢ ᠳᠠᠷᠤᠢ ᠲᠦᠷᠭᠡᠨ ᠣᠯᠵᠤ ᠴᠢᠳᠠᠨ᠎ᠠ᠃
(ᠱᠢᠨᠬᠤᠸᠠ ᠬᠣᠷᠢᠶᠠᠨ᠎ᠤ ᠪᠡᠭᠡᠵᠢᠩ᠎ᠦᠨ 11 ᠰᠠᠷ᠎ᠠ᠎ᠶ᠋ᠢᠨ 28 ᠤ᠋ ᠴᠠᠬᠢᠯᠭᠠᠨ ᠮᠡᠳᠡᠭᠡ᠎ᠡᠴᠡ)