ᠬᠠᠯᠳᠠᠪᠤᠷᠢᠯᠠᠭ᠍ᠰᠠᠨ᠎ᠤ ᠳᠠᠷᠠᠭ᠎ᠠ ᠶᠠᠭᠠᠬᠢᠭᠠᠳ ᠬᠠᠨᠢᠶᠠᠳᠠᠭ ᠪᠣᠢ? ᠴᠠᠷ ᠵᠢᠡᠨ ᠭᠠᠷᠭᠠᠵᠦ᠍ ᠳᠡᠢᠯᠬᠦ ᠦᠭᠡᠢ ᠪᠠᠢᠪᠠᠯ ᠶᠠᠮᠠᠷ ᠡᠮ ᠬᠡᠷᠡᠭ᠌ᠯᠡᠬᠦ᠌ ᠪᠤᠢ ?
2022-12-22 13:29:27
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

12 ᠰᠠᠷ᠎ᠠ᠎ᠶ᠋ᠢᠨ 20 ᠎ᠤ ᠡᠳᠦᠷ᠂ ᠲᠥᠷᠥ᠎ᠶ᠋ᠢᠨ ᠶᠠᠪᠤᠳᠠᠯ᠎ᠤᠨ ᠬᠣᠷᠢᠶᠠᠨ᠎ᠤ ᠬᠤᠯᠪᠤᠭᠠᠯᠠᠨ ᠰᠡᠷᠭᠡᠢᠯᠡᠵᠦ᠍  ᠬᠤᠯᠪᠤᠭᠠᠯᠠᠨ ᠡᠵᠡᠮᠳᠡᠬᠦ᠌ ᠲᠣᠭ᠍ᠲᠠᠴᠠ᠎ᠶ᠋ᠢᠨ᠎ᠬᠢᠨ ᠰᠣᠨᠢᠨ ᠮᠡᠳᠡᠭᠡ ᠨᠡᠢᠲᠡᠯᠡᠬᠦ᠌ ᠬᠤᠷᠠᠯ ᠬᠢᠵᠦ᠍᠂ ᠭᠤᠤᠯᠳᠠᠯᠭ᠎ᠠ᠎ᠲᠠᠶ ᠬᠥᠮᠦᠰ᠎ᠦᠨ ᠡᠮᠴᠢᠯᠡᠭᠡᠨ᠎ᠦ ᠦᠶ᠋ᠯᠡᠴᠢᠯᠡᠭᠡ᠎ᠶ᠋ᠢᠨ ᠬᠣᠯᠪᠣᠭ᠍ᠳᠠᠯ ᠪᠥᠬᠥᠶ ᠪᠠᠢᠳᠠᠯ᠎ᠢ ᠲᠠᠨᠢᠯᠴᠠᠭᠤᠯᠪᠠ᠃ ᠳᠤᠮᠳᠠᠳᠤ ᠶᠠᠫᠣᠨ᠎ᠤ ᠨᠥᠬᠥᠷᠰᠡᠭ ᠡᠮᠨᠡᠯᠭᠡ᠎ᠶ᠋ᠢᠨ ᠬᠣᠷᠢᠶᠠᠨ᠎ᠤ ᠠᠮᠢᠰᠭᠤᠯ᠎ᠤᠨ ᠵᠠᠮ᠎ᠤᠨ ᠡᠪᠡᠳᠴᠢᠨ᠎ᠦ ᠲᠥᠪ᠎ᠦᠨ ᠳᠡᠳ᠋ ᠡᠷᠬᠢᠯᠡᠭ᠌ᠴᠢ᠂ ᠠᠮᠢᠰᠭᠤᠯ ᠎ᠤᠨ ᠵᠠᠮ᠎ᠤᠨ ᠡᠪᠡᠳᠴᠢᠨ ᠪᠠ ᠬᠦᠨᠳᠦ ᠲᠦᠭ᠌ᠰᠢᠭᠦᠷᠢᠲᠡᠶ ᠡᠪᠡᠳᠴᠢᠨ᠎ᠦ ᠠᠨᠠᠭᠠᠬᠤ ᠤᠬᠠᠭᠠᠨ᠎ᠤ ᠰᠠᠯᠠᠭᠠᠨ᠎ᠤ ᠳᠡᠳ᠋ ᠡᠷᠬᠢᠯᠡᠭ᠌ᠴᠢ ᠶᠠᠩ ᠲᠢᠩ ᠱᠢᠨ᠎ᠡ ᠲᠢᠲᠢᠮᠯᠢᠭ ᠸᠢᠷᠦ᠋ᠰ ᠬᠠᠯᠳᠠᠪᠤᠷᠢᠯᠠᠭ᠍ᠰᠠᠨ᠎ᠤ ᠳᠠᠷᠠᠭ᠎ᠠ ᠬᠠᠨᠢᠶᠠᠬᠤ᠂ ᠴᠠᠷ᠎ᠲᠠᠶ ᠬᠠᠨᠢᠶᠠᠬᠤ ᠪᠠᠢᠳᠠᠯ ᠢᠯᠡᠷᠡᠪᠡᠯ᠂ ᠠᠳᠠᠯᠢ ᠪᠤᠰᠤ ᠡᠪᠡᠳᠴᠢᠨ᠎ᠦ ᠪᠠᠢᠳᠠᠯ᠎ᠳᠤ ᠬᠡᠷᠬᠢᠨ ᠡᠮ ᠬᠡᠷᠡᠭ᠌ᠯᠡᠬᠦ᠌ ᠲᠤᠬᠠᠢ ᠲᠠᠨᠢᠯᠴᠠᠭᠤᠯᠪᠠ᠃

ᠰᠤᠷᠪᠤᠯᠵᠢᠯᠠᠭ᠍ᠴᠢ᠄ ᠵᠠᠷᠢᠮ ᠰᠦᠯᠵᠢᠶᠡᠨ ᠠᠨᠳᠠ ᠱᠢᠨ᠎ᠡ ᠲᠢᠲᠢᠮᠯᠢᠭ ᠠᠭᠤᠰᠭᠢᠨ ᠦᠷᠪᠢᠰᠦᠯ᠎ᠳᠦ ᠬᠠᠯᠳᠠᠪᠤᠷᠢᠯᠠᠭ᠍ᠳᠠᠵᠤ ᠬᠠᠯᠠᠭᠤᠨ ᠪᠠᠭᠤᠷᠠᠭ᠍ᠰᠠᠨ᠎ᠤ ᠲᠠᠷᠠᠭ᠎ᠠ ᠬᠠᠨᠢᠶᠠᠵᠦ᠍ ᠪᠠᠢᠨ᠎ᠠ᠂ ᠵᠠᠷᠢᠮ᠎ᠨᠢ ᠬᠠᠭᠤᠷᠠᠶ᠎ᠪᠠᠷ ᠬᠠᠨᠢᠶᠠᠯᠭᠠᠭᠠᠳ ᠵᠣᠭ᠍ᠰᠣᠵᠤ ᠳᠡᠢᠯᠬᠦ᠌ ᠥᠬᠡᠶ ᠂ ᠵᠠᠷᠢᠮ᠎ᠨᠢ ᠥᠳᠭᠡᠨ ᠴᠡᠷ᠎ᠢᠶᠠᠷ ᠬᠠᠨᠢᠶᠠᠯᠭᠠᠭᠠᠳ ᠭᠠᠷᠭᠠᠵᠦ᠍ ᠳᠡᠢᠯᠬᠦ᠌ ᠥᠬᠡᠶ ᠪᠠᠢᠨ᠎ᠠ᠃ ᠲᠤᠰᠭᠠᠶ ᠮᠡᠷᠭᠡᠵᠢᠯᠲᠡᠨ᠎ᠡᠴᠡ ᠠᠰᠠᠭᠤᠬᠤ ᠨᠢ᠂ ᠡᠨᠡ ᠬᠣᠶᠠᠷ ᠵᠦᠶ᠋ᠯ᠎ᠦᠨ ᠪᠠᠢᠳᠠᠯ᠎ᠳᠤ ᠲᠤᠰ ᠲᠤᠰ ᠶᠠᠮᠠᠷ ᠡᠮ ᠤᠤᠭᠤᠵᠤ ᠨᠠᠮᠳᠠᠭᠠᠪᠠᠯ ᠵᠣᠬᠢᠬᠤ ᠪᠣᠶ?

ᠶᠠᠩ ᠲᠢᠩ᠂ ᠱᠢᠨ᠎ᠡ ᠲᠢᠲᠢᠮᠯᠢᠭ ᠸᠢᠷᠦ᠋ᠰ᠎ᠲᠦ ᠬᠠᠯᠳᠠᠪᠤᠷᠢᠯᠠᠭ᠍ᠳᠠᠭ᠍ᠰᠠᠨ᠎ᠤ ᠳᠠᠷᠠᠭ᠎ᠠ ᠬᠠᠨᠢᠶᠠᠬᠤ᠂ ᠴᠠᠷ᠎ᠲᠠᠶ ᠬᠠᠨᠢᠶᠠᠬᠤ ᠪᠠᠢᠳᠠᠯ ᠢᠯᠡᠷᠡᠬᠦ᠌᠎ᠪᠡᠷ ᠪᠠᠷᠠᠬᠤ ᠥᠬᠡᠶ᠂ ᠮᠠᠰᠢ ᠣᠯᠠᠨ ᠠᠮᠢᠰᠭᠤᠯ᠎ᠤᠨ ᠵᠠᠮ᠎ᠤᠨ ᠸᠢᠷᠦ᠋ᠰ᠎ᠦᠨ ᠬᠠᠯᠳᠠᠪᠤᠷᠢᠯᠠᠯ᠎ᠳᠤ ᠴᠥᠮ ᠡᠢᠮᠦ᠍ ᠪᠠᠢᠳᠠᠯ ᠭᠠᠷᠳᠠᠭ᠂ ᠬᠠᠯᠳᠠᠪᠤᠷᠢᠯᠠᠯ᠎ᠤᠨ ᠡᠬᠢᠨ᠎ᠦ ᠦᠶ᠎ᠡ᠎ᠶ᠋ᠢᠨ ᠢᠯᠡᠷᠡᠯ᠎ᠨᠢ ᠵᠢᠱ᠌ᠢᠶᠡᠯᠡᠪᠡᠯ ᠬᠠᠯᠠᠭᠤᠷᠠᠬᠤ᠂ ᠬᠠᠮᠠᠷ ᠪᠥᠭ᠌ᠯᠡᠷᠡᠬᠦ᠌᠂ ᠨᠢᠰᠤ ᠭᠣᠭᠣᠵᠢᠬᠤ ᠵᠡᠷᠭᠡ ᠡᠪᠡᠳᠴᠢᠨ᠎ᠦ ᠢᠯᠡᠷᠡᠯ ᠰᠠᠢᠵᠢᠷᠠᠬᠤ ᠪᠣᠯᠪᠠᠴᠤ᠌ ᠬᠠᠨᠢᠶᠠᠬᠤ᠂ ᠴᠡᠷ᠎ᠲᠠᠶ ᠬᠠᠨᠢᠶᠠᠬᠤ ᠡᠪᠡᠳᠴᠢᠨ᠎ᠦ ᠢᠯᠡᠷᠡᠯ  ᠦᠯᠡᠳᠡᠳᠡᠭ᠂ ᠡᠭᠦᠨ᠎ᠢ ᠪᠢᠳᠡ ᠬᠠᠯᠳᠠᠪᠤᠷᠢᠯᠠᠭ᠍ᠰᠠᠨ᠎ᠤ ᠳᠠᠷᠠᠭ᠎ᠠ ᠬᠠᠨᠢᠶᠠᠬᠤ ᠪᠤᠶᠤ ᠲᠠᠭ᠍ᠰᠢᠭᠤᠷ᠎ᠲᠤ ᠨᠡᠷᠪᠡᠭ᠌ᠳᠡᠭ᠌ᠰᠡᠨ᠎ᠦ ᠳᠠᠷᠠᠭ᠎ᠠ ᠬᠠᠨᠢᠶᠠᠬᠤ ᠭᠡᠳᠡᠭ᠂ ᠡᠨᠡ᠎ᠨᠢ ᠭᠤᠤᠯᠳᠠᠭᠤ ᠸᠢᠷᠦ᠋ᠰ᠎ᠨᠢ ᠠᠮᠢᠰᠭᠤᠯ᠎ᠤᠨ ᠵᠠᠮ᠎ᠤᠨ ᠰᠠᠯᠢᠰᠤᠲᠤ ᠪᠦᠷᠬᠦᠪᠴᠢ᠎ᠶ᠋ᠢ ᠭᠡᠮᠲᠦᠭᠡᠵᠦ᠍᠂ ᠰᠠᠯᠢᠰᠤᠲᠤ ᠪᠦᠷᠬᠦᠪᠴᠢ᠎ᠶ᠋ᠢᠨ ᠳᠤᠤᠷᠠᠬᠢ ᠮᠡᠳᠡᠷᠡᠯ᠎ᠨᠢ ᠯᠡᠪᠡᠷᠡᠭ᠌ᠰᠡᠨ᠎ᠡᠴᠡ ᠪᠣᠯᠵᠣ ᠴᠤᠯᠭᠤᠶ ᠪᠤᠯᠴᠢᠩ᠎ᠤᠨ ᠤᠷᠪᠠᠯ ᠴᠢᠩᠭᠠᠷᠠᠵᠤ ᠂ ᠠᠮᠢᠰᠭᠤᠯ᠎ᠤᠨ ᠵᠠᠮ ᠠᠮᠠᠷᠬᠠᠨ ᠠᠪᠴᠢᠳᠠᠭ ᠪᠠᠢᠨ᠎ᠠ ᠭᠡᠵᠡᠢ᠃

ᠵᠠᠷᠢᠮ ᠬᠥᠮᠦᠨ᠎ᠦ ᠢᠯᠡᠷᠡᠯ᠎ᠨᠢ ᠬᠠᠭᠤᠷᠠᠢ᠎ᠪᠠᠷ ᠬᠠᠨᠢᠶᠠᠯᠭᠠᠨ᠎ᠠ᠂ ᠳᠠᠷᠤᠢ ᠬᠣᠭᠣᠯᠠᠢ ᠵᠠᠭᠠᠳᠤᠨᠠᠵᠦ᠍ ᠰᠡᠳᠡᠯᠲᠡ᠎ᠶ᠋ᠢᠨ ᠴᠢᠨᠠᠷᠲᠠᠢ ᠬᠠᠨᠢᠶᠠᠯᠭᠠᠨ᠎ᠠ᠂ ᠡᠪᠡᠳᠴᠢᠨ᠎ᠳᠦᠨᠢ ᠲᠣᠬᠢᠷᠠᠭ᠍ᠰᠠᠨ ᠬᠠᠨᠢᠶᠠᠳᠤ᠎ᠶ᠋ᠢ ᠵᠣᠭ᠍ᠰᠣᠭᠠᠬᠤ ᠡᠮ᠎ᠢ ᠬᠡᠷᠡᠭ᠌ᠯᠡᠪᠡᠯ ᠪᠣᠯᠴᠢᠬᠠᠨ᠎ᠠ᠂ ᠬᠢᠲᠠᠳ ᠧᠦ᠋ᠷᠣᠫᠠ ᠡᠮ ᠪᠦᠷ ᠪᠤᠯᠤᠨ᠎ᠠ᠃ ᠪᠠᠰᠠ ᠵᠠᠷᠢᠮ ᠬᠥᠮᠦᠨ᠎ᠦ ᠢᠯᠡᠷᠡᠯ ᠨᠢ ᠴᠡᠷ᠎ᠲᠠᠶ ᠪᠠᠢᠵᠤ᠂ ᠡᠬᠢᠨ᠎ᠦ ᠦᠶ᠎ᠡ᠎ᠳᠡᠭᠡᠨ ᠴᠠᠭᠠᠨ ᠬᠥᠭᠡᠰᠦ᠎ᠲᠡᠶ ᠴᠡᠷ ᠪᠠᠢᠵᠤ᠂ ᠰᠡᠭᠦᠯᠴᠢ᠎ᠶ᠋ᠢᠨ ᠬᠤᠭᠤᠴᠠᠭᠠᠨ᠎ᠳᠤ ᠴᠡᠷ ᠭᠠᠷᠬᠤ ᠴᠢᠨᠠᠭ᠍ᠰᠢᠯᠠᠪᠠᠯ ᠱᠢᠷ᠎ᠠ ᠥᠳᠭᠡᠨ ᠴᠡᠷ ᠭᠠᠷᠳᠠᠭ᠂ ᠡᠢᠮᠦᠷᠬᠦᠦ ᠪᠠᠢᠳᠠᠯ᠎ᠳᠤ ᠪᠢᠳᠡ ᠶᠡᠷᠦ᠍᠎ᠳᠡᠭᠡᠨ ᠴᠡᠷ ᠠᠷᠢᠯᠭᠠᠬᠤ ᠡᠮ ᠬᠡᠷᠡᠭ᠌ᠯᠡᠬᠦ᠌᠎ᠶ᠋ᠢ ᠵᠣᠷᠢᠳᠠᠭ᠃ ᠬᠡᠷᠪᠡ ᠬᠡᠳᠦᠨ ᠡᠳᠦᠷ ᠬᠠᠨᠢᠶᠠᠭᠠᠳ ᠴᠡᠷ᠎ᠤᠨ ᠥᠩᠭᠡ ᠨᠢ ᠴᠠᠭᠠᠨ ᠪᠠᠢᠭ᠍ᠰᠠᠨ᠎ᠠᠴᠠ᠎ᠪᠠᠨ ᠱᠢᠷ᠎ᠠ ᠥᠩᠭᠡ᠎ᠲᠡᠶ ᠪᠣᠯᠵᠤ᠂ ᠴᠡᠷ᠎ᠤᠨ ᠬᠡᠮᠵᠢᠶ᠎ᠡ ᠨᠢ ᠨᠡᠮᠡᠭ᠌ᠳᠡᠵᠦ᠍᠂ ᠥᠳᠭᠡᠨ ᠴᠡᠷ  ᠭᠠᠷᠪᠠᠯ ᠡᠨᠡ ᠨᠢ ᠠᠮᠢᠰᠭᠤᠯ᠎ᠤᠨ ᠳᠡᠭᠡᠳᠦ ᠵᠠᠮ᠎ᠤᠨ ᠸᠢᠷᠦ᠋ᠰ᠎ᠦᠨ ᠬᠠᠯᠳᠠᠪᠤᠷᠢᠯᠠᠯ᠎ᠠᠴᠠ ᠪᠣᠯᠵᠤ ᠠᠮᠢᠰᠭᠤᠯ᠎ᠤᠨ ᠵᠠᠮ᠎ᠤᠨ ᠰᠡᠷᠭᠡᠢᠯᠡᠬᠦ᠌ ᠴᠢᠳᠠᠪᠤᠷᠢ ᠨᠢ ᠪᠠᠭᠤᠷᠠᠵᠤ᠂ ᠪᠠᠺᠲ᠋ᠧᠷᠢ᠎ᠶ᠋ᠢᠨ ᠬᠠᠯᠳᠠᠪᠤᠷᠢᠯᠠᠯ ᠳᠠᠪᠬᠤᠴᠠᠭ᠍ᠰᠠᠨ ᠪᠠᠢᠳᠠᠯ ᠢᠯᠡᠷᠡᠭ᠌ᠰᠡᠨ ᠪᠠᠢᠵᠤ ᠮᠡᠳᠡᠨ᠎ᠡ᠂ ᠪᠢᠳᠡ ᠵᠠᠷᠢᠮ ᠨᠢᠶᠠᠨ ᠳᠠᠷᠤᠭ᠍ᠴᠢ᠎ᠪᠠᠷ ᠡᠮᠨᠡᠨ ᠵᠠᠰᠠᠵᠤ ᠪᠣᠯᠤᠨ᠎ᠠ᠂ ᠶᠡᠷᠦ᠍᠎ᠳᠡᠭᠡᠨ 3 ᠎ᠡᠴᠡ 5 ᠡᠳᠦᠷ ᠪᠣᠯ ᠪᠣᠯᠴᠢᠬᠠᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠱᠢᠡᠬᠤᠸᠠ ᠬᠤᠷᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号