ᠰᠠᠷᠠᠭᠤᠯ ᠤᠷᠴᠢᠯᠠᠩ᠎ᠢᠶᠠᠷ ᠵᠤᠭᠠᠯᠠᠨ
ᠰᠠᠨᠰᠠᠷ᠎ᠤᠨ ᠵᠢᠭᠤᠯᠴᠢᠨ ᠪᠤᠯᠤᠭᠠᠳ
ᠰᠠᠨᠠᠭ᠍ᠰᠠᠨ ᠪᠦᠬᠦᠨ᠎ᠢᠶᠠᠨ ᠵᠢᠷᠤᠭ᠍ᠯᠠᠶ᠎ᠠ
ᠨᠠᠷᠠᠨ᠎ᠤ ᠨᠠᠪᠴᠢᠨ ᠬᠦᠮᠦᠰᠭᠡ᠎ᠶ᠋ᠢ
ᠨᠠᠮᠤᠷ᠎ᠤᠨ ᠱᠢᠷᠭᠠᠯ᠎ᠢᠶᠠᠷ ᠪᠤᠳᠤᠴᠢᠬᠠᠳᠠᠭ
ᠨᠡᠷᠡᠳᠦ ᠵᠢᠷᠤᠭ᠍ᠴᠢᠨ ᠪᠤᠯᠤᠶ᠎ᠠ
ᠠᠯᠢᠮᠠᠨ ᠰᠠᠷᠠᠨ᠎ᠤ ᠮᠦᠩᠬᠦᠨ ᠰᠤᠷᠮᠤᠤᠰᠤ᠎ᠶ᠋ᠢ
ᠠᠨᠢᠯᠳᠤᠨ ᠪᠠᠢᠭ᠎ᠠ᠎ᠪᠠᠷ ᠵᠢᠷᠤᠳᠠᠭ
ᠠᠯᠳᠠᠷᠳᠤ ᠵᠢᠷᠤᠭ᠍ᠴᠢᠨ ᠪᠤᠯᠤᠶ᠎ᠠ
ᠤᠳᠤᠳ᠎ᠤᠨ ᠬᠡᠬᠡᠨ ᠮᠡᠯᠮᠡᠢ᠎ᠶ᠋ᠢ
ᠤᠴᠢᠯᠠᠭᠤᠯᠤᠨ ᠬᠡᠷᠡᠯᠳᠦᠬᠦᠯᠳᠡᠭ
ᠤᠳᠤᠨ ᠵᠢᠷᠤᠭ᠍ᠴᠢᠨ ᠪᠤᠯᠤᠶ᠎ᠠ
ᠬᠤᠷᠸ᠎ᠠ᠎ᠶ᠋ᠢᠨ ᠰᠤᠨᠢᠨ ᠰᠡᠪᠡᠬᠦᠨᠢ
ᠬᠤᠷᠤᠭᠤᠨ ᠠᠶ᠎ᠠ᠎ᠪᠠᠷ ᠢᠯᠡᠷᠡᠬᠦᠯᠳᠡᠭ
ᠬᠦᠰᠡᠯ᠎ᠤᠨ ᠵᠢᠷᠤᠭ᠍ᠴᠢᠨ ᠪᠤᠯᠤᠶ᠎ᠠ᠃
ᠵᠤᠬᠢᠶᠠᠭᠴᠢ ᠵᠢᠨ ᠬᠠᠶᠢᠭ᠄ ᠦᠦᠱᠢᠨ ᠬᠤᠰᠢᠭᠤᠨ᠎ᠤ ᠮᠤᠩᠭᠤᠯ ᠲᠤᠷᠰᠢᠯᠲᠠ ᠵᠢᠨ ᠪᠠᠭ᠎ᠠ ᠰᠤᠷᠭᠠᠭᠤᠯᠢ