ᠮᠢᠨᠣ ᠬᠠᠯᠲᠠᠷ ᠨᠣᠬᠠᠢ
2022-06-30 11:16:52
ᠵᠣᠬᠢᠶᠠᠭ᠍ᠴᠢ᠄
ᠵᠢᠷᠭᠠᠯᠰᠠᠢᠬᠠᠨ
ᠣᠩᠱᠢᠭ᠍ᠰᠠᠨ ᠣᠳᠠᠭ᠎ᠠ᠄
★★★☆☆

ᠮᠢᠨᠣ ᠬᠠᠯᠲᠠᠷ ᠨᠣᠬᠠᠢ ᠪᠥᠷᠭᠦᠳ ᠭᠡᠳᠡᠭ ᠨᠡᠷ᠎ᠡ᠎ᠲᠠᠢ᠂ ᠠᠪᠤ ᠮᠢᠨᠢ ᠲᠡᠭᠦᠨ᠎ᠢ ᠲᠠᠨᠢᠯ ᠎ᠠᠴᠠ ᠪᠠᠨ ᠠᠪᠴᠤ ᠲᠡᠵᠢᠭᠡᠵᠠᠢ᠃ ᠲᠡᠭᠦᠨ᠎ᠤ ᠡᠬᠡ᠎ᠨᠢ ᠲᠡᠬᠦᠨ᠎ᠢ ᠲᠦᠷᠣᠭᠡᠳ ᠬᠡᠳᠤᠬᠡᠨ ᠬᠤᠨᠤᠭ ᠳᠡᠭᠡᠷ᠎ᠡ ᠪᠡᠨ ᠢᠳᠡᠭᠡᠨ ᠳ᠋ᠤ ᠬᠤᠣᠷᠳᠠᠭᠳᠠᠨ ᠦᠬᠦᠵᠡᠢ᠃ ᠬᠥᠭᠡᠷᠣᠬᠦᠢ ᠬᠡᠳᠦᠨ ᠭᠥᠯᠦᠭᠡ ᠨᠢᠳᠣ᠎ᠪᠠᠨ ᠨᠡᠭᠡᠭᠡ ᠦᠭᠡᠢ᠎ᠪᠠᠷ ᠡᠬᠡ ᠪᠡᠨ ᠠᠯᠳᠠᠴᠢᠬᠠᠪᠠ᠃ ᠠᠪᠤ ᠬᠡᠳᠦᠨ ᠭᠥᠯᠦᠭᠡ᠎ᠶ᠋ᠢᠨ ᠳᠣᠳᠣᠷ᠎ᠠ᠎ᠠᠴᠠ ᠰᠣᠩᠭᠤᠬᠤ ᠦᠶ᠎ᠡ᠎ᠳᠤ ᠡᠨᠡ ᠭᠦᠯᠦᠭᠡ ᠠᠪᠤ᠎ᠶ᠋ᠢᠨ ᠮᠢᠨᠢ ᠠᠯᠠᠭᠠᠨ ᠳᠡᠭᠡᠷ᠎ᠡ ᠮᠦᠯᠬᠦᠨ ᠭᠠᠷᠴᠦ᠍ ᠢᠷᠡᠭ᠌ᠰᠡᠨ ᠭᠡᠨ᠎ᠡ᠂ ᠲᠡᠭᠡᠭᠡᠳ ᠠᠪᠤ ᠮᠢᠨᠢ ᠲᠡᠭᠦᠨ᠎ᠢ ᠦᠷᠦ᠍ ᠡᠪᠡᠳᠦᠨ᠂ ᠮᠠᠨ᠎ᠤ᠎ᠬᠢ᠎ᠲᠠᠢ ᠬᠤᠪᠢ ᠢᠷᠦᠭᠡᠯ᠎ᠲᠠᠢ ᠪᠤᠯᠪᠠᠤ ᠬᠡᠮᠡᠨ ᠪᠤᠳᠤᠭᠠᠳ ᠭᠡᠷ᠎ᠲᠤ᠎ᠪᠠᠨ ᠠᠪᠴᠢᠷᠠᠭ᠍ᠰᠠᠨ ᠭᠡᠳᠡᠭ᠃

ᠴᠡᠭᠡᠵᠢ᠎ᠨᠢ ᠴᠠᠭᠠᠨ᠂ ᠨᠢᠷᠣᠭᠤ᠎ᠪᠠᠷ᠎ᠢᠶᠠᠨ ᠬᠦᠷᠡᠩ᠂ ᠭᠡᠳᠡᠰᠣ ᠪᠠ ᠬᠥᠯ᠎ᠨᠢ ᠱᠢᠷᠭᠠᠯ ᠥᠡᠭ᠌ᠭᠡ᠎ᠲᠠᠢ ᠪᠤᠨᠳᠣᠭᠤᠷ ᠵᠢᠭᠠᠬᠠᠨ ᠡᠨᠡ ᠬᠥᠭᠡᠷᠣᠬᠦᠨ ᠠᠮᠢᠲᠠᠨ᠎ᠢ ᠪᠢ ᠦᠵᠡᠩᠭᠦᠳᠡ ᠬᠠᠢᠷᠠᠯᠠᠴᠢᠬᠠᠪᠠ᠃ ᠡᠵᠢ ᠲᠡᠭᠦᠨ᠎ᠢ ᠡᠳᠦᠷ ᠪᠦᠷᠢ ᠤᠭ᠍ᠵᠢᠳᠠᠭ᠃ ᠲᠡᠷᠡ ᠠᠯᠠᠭᠠᠨ ᠳ᠋ᠤ ᠪᠠᠭ᠍ᠲᠠᠴᠢᠬᠠᠳᠠᠭ ᠵᠢᠭᠠᠬᠠᠨ᠂ ᠡᠬᠡ᠎ᠪᠠᠨ ᠬᠦᠬᠦᠬᠦ᠌ ᠱᠢᠭ ᠬᠤᠶᠠᠷ ᠬᠥᠯ᠎ᠢᠶᠠᠷ᠎ᠢᠶᠠᠨ ᠤᠭ᠍ᠵᠢ᠎ᠶ᠋ᠢ ᠮᠠᠭᠠᠵᠢᠵᠦ᠍ ᠮᠠᠯᠲᠠᠳᠠᠭ᠃ ᠨᠢᠳᠤ ᠢᠷᠮᠡᠬᠦ ᠵᠢᠨ ᠵᠠᠭᠤᠷ᠎ᠠ ᠪᠦᠷᠬᠦᠳ ᠳᠣᠮᠤ ᠨᠣᠬᠠᠢ ᠪᠣᠯᠴᠢᠬᠠᠭ᠍ᠰᠠᠨ ᠱᠢᠤ᠃ ᠪᠥᠷᠭᠦᠳ ᠮᠢᠨᠢ ᠳᠣᠩ ᠣᠬᠠᠭᠠᠨ᠎ᠲᠠᠢ᠂ ᠠᠪᠤ᠎ᠶ᠋ᠢ ᠮᠢᠨᠢ᠎ᠲᠠᠭᠠᠨ ᠦᠬᠡᠷ ᠬᠠᠷᠢᠭᠤᠯᠣᠭᠠᠳ ᠶᠠᠪᠣᠳᠠᠭ᠃ ᠦᠬᠡᠷ ᠮᠠᠯ᠎ᠠᠴᠠ᠎ᠪᠠᠨ ᠶᠡᠷᠦ᠍ ᠰᠠᠯᠳᠠᠭ ᠦᠭᠡᠢ᠂ ᠥᠭᠡᠷ᠎ᠡ ᠠᠢᠯ᠎ᠤᠨ ᠮᠠᠯ᠎ᠢ ᠴᠦ᠍ ᠮᠠᠯ᠎ᠤᠨ᠎ᠢᠶᠠᠨ ᠲᠡᠷᠭᠡᠳᠠ ᠣᠢᠷᠠᠳᠣᠭᠤᠯᠳᠠᠭ ᠦᠭᠡᠢ᠃ ᠰᠦᠨᠢ ᠣᠷᠣᠢ ᠴᠦ᠍ ᠮᠠᠯ᠎ᠢᠶᠠᠨ ᠮᠠᠨᠠᠵᠤ ᠬᠡᠪᠲᠡᠳᠡᠭ ᠬᠤᠲᠠᠴᠢ ᠨᠣᠬᠠᠢ ᠪᠤᠯᠤᠭ᠍ᠰᠠᠨ ᠶᠤᠮ᠃

ᠵᠤᠨ᠎ᠤ ᠨᠢᠭᠡᠨ ᠡᠳᠦᠷ ᠪᠠᠢᠵᠦ ᠪᠢᠯᠡ᠂ ᠠᠪᠤ ᠮᠢᠨᠢ ᠤᠷᠮ᠎ᠠ ᠮᠠᠭᠤᠲᠠᠢ ᠬᠡᠷ᠎ᠲᠤ ᠤᠷᠤᠵᠦ ᠢᠷᠡᠪᠠ᠃ ᠤᠴᠢᠷ᠎ᠢ ᠨᠢ ᠠᠰᠠᠭᠤᠬᠤ᠎ᠳᠤ ᠬᠤᠶᠠᠷ ᠦᠭᠡᠷ ᠨᠢ ᠬᠠᠮᠢᠭᠠᠰᠢ ᠪᠠᠨ ᠭᠠᠷᠤᠭᠰᠠᠨ᠎ᠢ ᠪᠤᠤ ᠮᠡᠳᠠ ᠬᠠᠷᠠᠭᠳᠠᠬᠤ ᠦᠭᠡᠢ ᠪᠤᠯᠪᠠ ᠭᠡᠨ᠎ᠠ᠃ ᠲᠡᠭᠡᠭᠡᠳ ᠪᠢ ᠭᠠᠷᠴᠦ ᠦᠵᠡᠭᠰᠡᠨ ᠵᠢᠡᠨ᠄《ᠠᠪᠤ ᠡ᠂ ᠪᠦᠷᠬᠦᠳ ᠪᠠᠰᠠ ᠭᠠᠳᠠᠭ᠎ᠠ ᠬᠠᠷᠠᠬᠳᠠᠬᠤ ᠦᠭᠡᠢ ᠪᠠᠢᠨ᠎ᠠ᠂ ᠲᠡᠷᠡ ᠨᠦᠬᠦᠭᠡ ᠬᠤᠶᠠᠷ ᠦᠭᠡᠷ ᠲᠠᠢ ᠬᠠᠮᠳᠤ ᠪᠠᠢᠭ᠎ᠠ ᠮᠠᠭᠠᠳ᠂ ᠲᠠ ᠰᠠᠨᠳᠤᠷᠬᠤ ᠬᠡᠷᠡᠭ ᠦᠭᠡᠢ》 ᠬᠡᠵᠦ ᠠᠪᠤ ᠪᠠᠨ ᠲᠠᠢᠳᠬᠤᠷᠠᠭᠤᠯᠪᠠ᠃ ᠲᠡᠮᠡᠢ ᠤᠳᠠᠭᠰᠠᠨ ᠦᠭᠡᠢ ᠪᠦᠷᠬᠦᠳ᠎ᠤᠨ ᠬᠤᠴᠠᠬᠤ ᠲᠠᠭᠤᠨ ᠰᠤᠨᠤᠰᠳᠠᠯ᠎ᠠ᠃ ᠠᠪᠤ ᠰᠠᠨᠳᠤᠷᠤᠨ ᠭᠠᠷᠴᠦ ᠦᠵᠡᠭᠡᠳ ᠨᠠᠮ᠎ᠠ᠎ᠳᠤ᠄《ᠪᠦᠷᠬᠦᠳ ᠯᠠᠪᠲᠠᠢ ᠲᠡᠷᠡ ᠬᠤᠶᠠᠷ ᠦᠭᠡᠷ᠎ᠤᠨ ᠪᠠᠢᠭ᠎ᠠ ᠭᠠᠵᠠᠷ᠎ᠢ ᠮᠡᠳᠡᠭᠡᠳ ᠢᠷᠡᠵᠦ ᠪᠢᠳᠠᠨ ᠎ᠳᠤ ᠴᠢᠮᠡᠭᠡ ᠲᠠᠮᠵᠢᠭᠤᠯᠵᠦ ᠪᠠᠢᠨ᠎ᠠ᠂ ᠮᠢᠨᠦ ᠬᠦᠦ ᠬᠡᠷ ᠵᠢᠡᠨ ᠬᠠᠷᠠᠵᠦ ᠪᠠᠢ᠂ ᠠᠪᠤ ᠨᠢ ᠮᠤᠲ᠋ᠤᠷ ᠵᠢᠡᠨ ᠤᠨᠤᠵᠦ ᠪᠦᠷᠬᠦᠳ᠎ᠤᠨ ᠠᠷᠤ ᠡᠴᠡ ᠶᠠᠪᠤᠶ᠎ᠠ》 ᠭᠡᠵᠦ ᠬᠡᠯᠡᠭᠡᠳ ᠪᠦᠷᠬᠦᠳ ᠲᠠᠢ ᠬᠠᠮᠳᠤ ᠵᠡᠬᠦᠨᠰᠢ ᠶᠠᠪᠤᠯ᠎ᠠ᠃

ᠪᠠᠷᠤᠭ ᠴᠠᠭ ᠰᠢᠬᠠᠮ᠎ᠤᠨ ᠲᠠᠷᠠᠭ᠎ᠠ ᠠᠪᠤ ᠪᠦᠷᠬᠦᠳ ᠬᠤᠶᠠᠷ ᠬᠠᠷᠢᠵᠦ ᠢᠷᠡᠯ᠎ᠠ᠃ 《ᠵᠠ᠂ ᠡᠷᠢᠭᠡᠳ ᠤᠯᠴᠢᠠᠬᠠᠵᠢ᠂ ᠲᠡᠮᠡᠢ ᠬᠤᠯᠠ ᠶᠠᠪᠤᠭ᠎ᠠ ᠦᠭᠡᠢ᠂ ᠮᠦᠳᠳᠤ ᠢᠷᠡᠴᠢᠭᠡᠨ᠎ᠠ᠃ ᠪᠦᠷᠬᠦᠳ᠎ᠤᠨ ᠰᠠᠢᠨ ᠵᠢᠡᠷ ᠰᠢᠳᠠ ᠁》 ᠬᠡᠳ ᠠᠪᠤ ᠮᠢᠨᠢ ᠪᠦᠷᠬᠦᠳ᠎ᠢ ᠬᠠᠷᠠᠨ ᠬᠠᠷᠠᠨ ᠪᠠᠶᠠᠰᠤᠨ᠎ᠠ᠃

ᠡᠨᠡ ᠤᠴᠢᠷ ᠡᠴᠡ ᠪᠤᠯᠤᠭᠠᠳ ᠪᠢᠳᠠ ᠪᠦᠬᠦᠳᠡᠭᠡᠷ ᠵᠢᠡᠨ ᠪᠦᠷᠬᠦᠳ᠎ᠲᠤ ᠤᠯᠠᠮ ᠬᠠᠢᠷᠠᠲᠠᠢ ᠪᠤᠯᠪᠠ᠃ ᠪᠥᠷᠭᠦᠳ᠎ᠢ ᠮᠢᠨᠢ ᠮᠠᠨ᠎ᠤ ᠭᠠᠴᠠᠭᠠᠨ᠎ᠤ ᠬᠥᠮᠦᠰ ᠴᠦ᠍ 《ᠬᠦᠮᠦᠨ᠎ᠤ ᠠᠢᠯ᠎ᠤᠨ ᠣᠬᠠᠭᠠᠨ᠎ᠲᠠᠢ ᠠᠮᠢᠲᠠᠨ ᠱᠢᠤ》 ᠭᠡᠵᠤ ᠮᠠᠭ᠍ᠲᠠᠳᠠᠭ᠃ ᠠᠮᠠᠷᠠᠯᠲᠠ ᠲᠠᠯᠪᠢᠭᠠᠳ ᠢᠷᠡᠬᠦ᠌ ᠪᠤᠯᠭᠠᠨ ᠪᠦᠷᠭᠦᠳ ᠮᠢᠨᠢ ᠰᠡᠭᠦᠯ᠎ᠢᠶᠠᠨ ᠱᠢᠷᠪᠠᠯᠵᠠᠭᠤᠯᠣᠨ ᠨᠠᠮ᠎ᠠ᠎ᠪᠠᠨ ᠣᠭ᠍ᠳᠣᠳᠠᠭ᠃ ᠪᠢ ᠴᠦ᠍ ᠠᠮᠲᠠᠲᠠᠢ ᠶᠠᠭᠤᠮ᠎ᠠ ᠡᠴᠠ᠎ᠪᠠᠨ ᠪᠥᠷᠭᠦᠳ᠎ᠲᠤ᠎ᠪᠠᠨ ᠢᠳᠡᠭᠦᠯᠳᠡᠭ᠃

ᠪᠦᠷᠭᠦᠳ᠎ᠲᠤ᠎ᠪᠠᠨ ᠪᠢ ᠳᠣᠩ ᠬᠠᠢᠷᠠᠲᠠᠢ ᠰᠢᠤ !

ᠵᠤᠬᠢᠶᠠᠭᠴᠢ ᠵᠢᠨ ᠬᠠᠶᠢᠭ᠄ ᠠᠷᠤ ᠬᠤᠷᠴᠢᠨ ᠬᠤᠱᠢᠭᠤᠨ᠎ᠤ ᠪᠠᠯᠴᠢᠷᠤᠳ ᠰᠤᠮᠤᠨ᠎ᠤ ᠪᠠᠯᠴᠢᠷᠣᠳ ᠪᠠᠭ᠎ᠠ ᠰᠣᠷᠭᠠᠭᠤᠯᠢ ᠵᠢᠨ ᠭᠤᠷᠪᠠᠳᠣᠭᠠᠷ ᠣᠨ 

ᠵᠢᠯᠣᠭᠤᠳᠣᠭ᠍ᠰᠠᠨ ᠪᠠᠭ᠍ᠰᠢ᠄ ᠴᠡᠯᠭᠡᠷᠲᠤᠶᠠᠭ᠎ᠠ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号