ᠨᠤᠳᠤᠭ᠎ᠤᠨ ᠲᠦᠷᠪᠡᠨ ᠤᠯᠠᠷᠢᠯ
2022-06-30 11:21:52
ᠵᠣᠬᠢᠶᠠᠭ᠍ᠴᠢ᠄
ᠨᠠᠷᠠᠨᠵᠦ᠋ᠭ
ᠣᠩᠱᠢᠭ᠍ᠰᠠᠨ ᠣᠳᠠᠭ᠎ᠠ᠄
★★★☆☆

ᠮᠢᠨᠤ ᠨᠤᠳᠤᠭ ᠪᠣᠯ ᠮᠦᠯᠢᠭᠡᠷ ᠮᠦᠯᠢᠭᠡᠷ ᠡᠯᠡᠰᠦ ᠮᠠᠩᠬᠠᠳ ᠦᠷᠭᠦᠯᠵᠢᠯᠡᠵᠦ᠍᠂ ᠲᠤᠩᠭᠠᠯᠠᠭ ᠠᠷᠢᠭᠤᠨ ᠭᠤᠣᠯ ᠮᠦᠷᠡᠨ ᠬᠦᠷᠴᠢᠬᠢᠨᠡᠨ ᠱᠤᠤᠭᠢᠵᠦ᠍᠂ ᠲᠠᠪᠤᠨ ᠬᠤᠱᠢᠭᠤ ᠮᠠᠯ ᠰᠦᠷᠦᠭ ᠢᠷᠠᠢᠨ ᠪᠡᠯᠴᠢᠭ᠌ᠰᠡᠨ ᠪᠠᠶᠠᠨ ᠲᠠᠩᠰᠤᠭ ᠰᠠᠢᠬᠠᠨ ᠤᠷᠤᠨ ᠶᠤᠮ᠃ ᠮᠢᠨᠤ ᠨᠤᠳᠤᠭ ᠎ᠤᠨ ᠲᠦᠷᠪᠡᠨ ᠤᠯᠠᠷᠢᠯ ᠭᠡᠵᠦ᠍ ᠨᠡᠩ ᠴᠤ᠌ ᠬᠤᠪᠢ᠎ᠶᠢᠨ ᠭᠠᠳᠠᠨ᠎ᠠ ᠭᠤᠶᠤᠮᠰᠤᠭ ᠰᠠᠢᠬᠠᠨ ᠪᠠᠢᠳᠠᠭ᠃ ᠬᠦᠭᠡ ᠴᠡᠩᠬᠡᠷ ᠤᠭ᠍ᠳᠠᠷᠭᠤᠢ᠎ᠳᠤ ᠬᠥᠪᠦᠩ ᠡᠭᠦᠯᠡ ᠬᠥᠪᠦᠯᠵᠡᠨ᠂ ᠨᠤᠮᠢᠨ ᠨᠤᠭᠤᠭᠠᠨ ᠲᠠᠯ᠎ᠠ᠎ᠳᠤ᠎ᠨᠢ ᠵᠦᠢᠯ᠎ᠤᠨ ᠴᠡᠴᠡᠭᠡᠰ ᠮᠢᠷᠠᠯᠵᠠᠨ ᠳᠡᠯᠭᠡᠷᠡᠳᠡᠭ᠃ ᠰᠠᠷᠠᠭᠤᠯ ᠠᠭᠤᠳᠠᠮ ᠲᠠᠯ᠎ᠠ ᠲᠡᠭᠡᠷ᠎ᠡ᠎ᠨᠢ ᠬᠤᠨ ᠴᠠᠭᠠᠨ ᠬᠤᠨᠢᠨ ᠰᠦᠷᠦᠭ ᠪᠡᠯᠴᠢᠨ᠂ ᠠᠰᠭᠠᠭ᠍ᠰᠠᠨ ᠰᠣᠪᠣᠳ ᠱᠢᠭ᠋ ᠬᠠᠷᠠᠭ᠍ᠳᠠᠵᠤ ᠠᠯᠤᠰ᠎ᠤᠨ ᠵᠡᠷᠭᠡᠯᠬᠡᠨ᠎ᠳᠤ ᠵᠢᠷᠪᠢᠯᠵᠡᠨ ᠠᠯᠠᠭ ᠨᠢᠳᠦ᠍᠎ᠶ᠋ᠢ ᠪᠠᠶᠠᠰᠭᠠᠳᠠᠭ ᠰᠠᠨ᠃

ᠤᠷᠢᠬᠠᠨ ᠬᠠᠪᠤᠷ ᠥᠯᠦᠭᠡᠢ ᠨᠤᠳᠤᠭ᠎ᠲᠤ ᠮᠢᠨᠢ ᠰᠠᠭᠠᠳᠠᠬᠤ᠎ᠳᠤ ᠮᠣᠳᠤᠳ ᠭᠦᠯᠦᠭᠡᠯᠡᠵᠦ ᠪᠤᠯᠪᠠᠷᠠᠢ ᠵᠥᠭᠡᠯᠡᠨ ᠨᠠᠪᠴᠢ᠎ᠪᠠᠨ ᠲᠡᠯᠭᠡᠨ᠎ᠡ᠃ ᠭᠤᠣᠯ ᠭᠤᠷᠤᠬ᠎ᠠ ᠤᠶᠠᠰᠤᠨ ᠬᠠᠢᠯᠵᠤ 《ᠭᠤᠷ ᠭᠤᠷ》 ᠳᠠᠭᠤᠤ ᠠᠶᠠᠯᠤᠨ ᠬᠤᠷᠴᠢᠬᠢᠨᠠᠨ᠎ᠠ᠃ ᠡᠨᠡ ᠦᠶ᠎ᠡ᠎ᠳᠤ ᠬᠦᠳᠡᠭᠡ ᠨᠤᠳᠤᠭ ᠮᠢᠨᠢ ᠠᠮᠢᠵᠢᠷᠠᠯ᠎ᠤᠨ ᠬᠦᠴᠦᠨ ᠪᠢᠯᠬᠠᠵᠤ ᠨᠡᠭᠦᠳᠡᠯ᠎ᠤᠨ ᠱᠢᠪᠠᠭᠤᠳ ᠡᠮᠦᠨᠡᠳᠦ ᠤᠷᠤᠨ ᠎ᠠᠴᠠ ᠢᠷᠡᠵᠦ᠍ ᠴᠠᠭ ᠠᠭᠤᠷ ᠢᠳᠡᠭ ᠢᠳᠡᠭ᠎ᠢᠶᠠᠷ ᠲᠤᠯᠠᠭᠠᠷᠠᠨ᠎ᠠ᠃ ᠲᠥᠯ ᠮᠠᠯ᠎ᠤᠨ ᠳᠠᠭᠤ ᠨᠠᠢᠷᠠᠯ ᠬᠥᠭ᠌ᠵᠢᠮ ᠱᠢᠭ ᠴᠢᠬᠢᠨ᠎ᠳᠤ ᠠᠶᠠᠲᠠᠢ ᠰᠣᠨᠣᠰᠳᠠᠵᠤ ᠬᠤᠨᠢᠴᠢᠨ ᠬᠡᠦᠬᠡᠨ᠎ᠤ ᠣᠶᠠᠩᠭᠠᠲᠤ ᠳᠠᠭᠤᠤ ᠠᠯᠤᠰ᠎ᠤᠨ ᠠᠯᠤᠰ᠎ᠲᠤ ᠴᠤᠤᠷᠢᠶᠠᠲᠤᠨ᠎ᠠ᠃ ᠲᠦᠮᠡᠨ ᠪᠤᠳᠠᠰ ᠲᠦᠯᠵᠢᠬᠦ᠌ ᠬᠠᠪᠤᠷ ᠭᠡᠭ᠌ᠴᠢ ᠡᠢᠮᠦ᠍ ᠯᠠ ᠭᠤᠶᠤ ᠠᠵᠠᠢ᠃

ᠵᠤᠨ᠎ᠤ ᠤᠯᠠᠷᠢᠯ ᠪᠣᠯᠵᠤ ᠢᠷᠡᠬᠦ᠌᠎ᠳᠤ ᠦᠯᠦᠭᠡᠢ ᠨᠤᠳᠤᠭ᠎ᠲᠤ ᠮᠢᠨᠢ ᠵᠦᠢᠯ᠎ᠤᠨ ᠴᠡᠴᠡᠭ ᠬᠤᠸᠠᠷ ᠦᠩᠭᠡ ᠪᠣᠯᠢᠶᠠᠯᠳᠤᠨ ᠲᠡᠯᠭᠡᠷᠡᠵᠦ᠍᠂ ᠵᠦᠭᠡᠢ ᠡᠷᠪᠡᠭᠡᠢ ᠲᠡᠭᠡᠭᠦᠷ᠎ᠨᠢ ᠡᠷᠬᠢᠯᠳᠦᠨ ᠪᠦᠵᠢᠭ᠌ᠯᠡᠨ᠎ᠡ᠃ ᠠᠶᠠᠯᠠᠨ ᠵᠤᠭᠠᠯᠠᠭ᠍ᠴᠢᠳ ᠲᠣᠮᠤ ᠪᠤᠭ᠍ᠴᠤ᠎ᠪᠠᠨ ᠡᠭᠦᠷᠦᠨ ᠰᠡᠭᠦᠳᠡᠷᠯᠡᠬᠦ᠌ ᠮᠠᠱᠢᠨ ᠎ᠢᠶᠠᠨ ᠲᠠᠴᠢᠭᠢᠨᠠᠭᠤᠯᠵᠦ᠍ ᠦᠷ᠎ᠡ ᠬᠡᠦᠬᠡᠳ᠎ᠢᠶᠠᠨ ᠲᠠᠭᠠᠭᠤᠯᠤᠨ ᠪᠠᠶᠠᠷ ᠬᠦᠷ᠎ᠲᠠᠢ ᠵᠤᠭᠠᠴᠠᠨ ᠲᠤᠭᠤᠷᠢᠳᠠᠭ᠃ ᠨᠠᠭᠤᠷ᠎ᠤᠨ ᠤᠰᠤᠨ᠎ᠳᠤ᠎ᠨᠢ ᠨᠤᠭᠤᠰᠤ ᠭᠠᠯᠠᠭᠤ ᠴᠢᠯᠦᠭᠡᠳᠡᠢ ᠣᠮᠪᠠᠨ ᠦᠷ᠎ᠡ ᠵᠣᠯᠵᠠᠭ᠎ᠠ᠎ᠪᠠᠨ ᠳᠠᠭᠠᠭᠤᠯᠵᠦ᠍ ᠵᠢᠷᠭᠠᠯᠲᠠᠢ ᠵᠣᠷᠴᠢᠨ᠂ ᠪᠠᠢᠨ ᠪᠠᠢᠨ ᠨᠤᠲᠤᠭ᠎ᠢ ᠮᠢᠨᠢ ᠮᠠᠭ᠍ᠳᠠᠬᠤ ᠮᠡᠲᠦ ᠭᠠᠩᠭᠠᠷ ᠭᠤᠩᠭᠤᠷ ᠲᠤᠤᠭᠠᠷᠤᠨ᠎ᠠ᠃ ᠵᠦᠢᠯ᠎ᠤᠨ ᠴᠡᠴᠡᠭ᠎ᠢᠶᠠᠷ ᠴᠢᠮᠡᠭ᠌ᠯᠡᠭ᠌ᠳᠡᠭ᠌ᠰᠡᠨ ᠨᠤᠳᠤᠭ᠎ᠤᠨ ᠮᠢᠨᠢ ᠵᠤᠨ ᠵᠤᠢᠷᠯᠡᠰᠢ ᠦᠭᠡᠢ ᠭᠤᠶᠤᠮᠰᠤᠭ ᠠᠵᠠᠢ᠃

ᠠᠯᠳᠠᠨ ᠱᠢᠷᠭᠠᠯ ᠨᠠᠮᠤᠷ ᠪᠤᠯᠬᠤ᠎ᠳᠤ ᠲᠠᠯ᠎ᠠ ᠲᠦᠭᠦᠷᠡᠩ ᠬᠤᠨᠢᠳ ᠪᠡᠯᠴᠢᠵᠦ᠍ ᠰᠦᠷ ᠵᠢᠪᠬᠤᠯᠠᠩ᠎ᠲᠠᠢ ᠠᠳᠤᠭᠤᠨ ᠰᠦᠷᠦᠭ ᠢᠨᠴᠠᠭᠠᠨᠠᠨ ᠲᠠᠪᠬᠢᠯᠳᠤᠨ᠎ᠠ᠃ ᠲᠠᠯ᠎ᠠ᠎ᠶ᠋ᠢᠨ ᠡᠪᠡᠰᠦ ᠱᠢᠷᠠᠯᠠᠠ᠂ ᠰᠡᠩᠭᠢᠨᠡᠮ᠎ᠡ ᠦᠨᠦᠷ ᠬᠠᠮᠠᠷ ᠴᠤᠷᠭᠢᠵᠤ᠂ ᠭᠦᠨ ᠴᠡᠩᠬᠡᠷ ᠤᠭ᠍ᠲᠠᠷᠭᠤᠢ ᠎ᠳᠤ ᠬᠠᠷᠢᠬᠤ ᠭᠠᠯᠠᠭᠤᠳ ᠭᠠᠩᠭᠠᠨᠠᠨ᠂ ᠬᠤᠩᠭᠤᠷ ᠰᠠᠯᠬᠢ ᠬᠤᠯᠠ᠎ᠠᠴᠠ ᠢᠷᠡᠵᠦ᠍ 《ᠰᠠᠢᠨ ᠬᠦᠦ᠂ ᠰᠠᠢᠨ ᠰᠤᠷ》 ᠭᠡᠵᠦ᠍ ᠱᠢᠪᠡᠨᠡᠵᠦ ᠪᠠᠢᠭ᠎ᠠ ᠮᠡᠲᠦ᠍ ᠰᠤᠨᠤᠷ ᠴᠢᠮᠡᠨ᠎ᠠ᠃ ᠦᠷ᠎ᠡ ᠲᠠᠷᠢᠶ᠎ᠠ ᠪᠣᠯᠪᠠᠰᠤᠷᠠᠵᠤ᠂ ᠦᠬᠡᠷ ᠬᠤᠨᠢᠳ ᠲᠠᠷᠭᠤ ᠠᠪᠤᠭ᠍ᠰᠠᠨ ᠪᠠᠶᠠᠨ ᠨᠠᠮᠤᠷ ᠭᠡᠭ᠌ᠴᠢ ᠪᠠᠭ᠍ᠠᠷᠤᠯᠲᠠᠢ ᠰᠠᠢᠬᠠᠨ ᠠᠵᠠᠢ᠃

ᠬᠠᠬᠢᠷ ᠬᠦᠢᠳᠡᠨ ᠡᠪᠦᠯ᠎ᠤᠨ ᠤᠯᠠᠷᠢᠯ ᠪᠤᠯᠬᠤ᠎ᠳᠤ ᠴᠠᠰᠤᠨ ᠯᠠᠪᠰᠠ ᠪᠠᠭᠤᠵᠤ ᠦᠯᠦᠭᠡᠢ ᠨᠤᠳᠤᠭ ᠮᠢᠨᠢ ᠵᠤᠪ ᠵᠤᠵᠠᠭᠠᠨ ᠴᠠᠭᠠᠨ ᠬᠦᠷᠮ᠎ᠡ ᠬᠡᠳᠦᠷᠦᠨ᠎ᠡ᠂ ᠮᠦᠩᠬᠦᠨ ᠴᠠᠭᠠᠨ ᠲᠡᠯᠡᠭᠡᠢ ᠨᠢᠳᠤᠨ᠎ᠳᠤ ᠲᠤᠳᠤᠷᠠᠨ᠎ᠠ᠃ ᠭᠤᠣᠯ ᠭᠤᠷᠤᠬ᠎ᠠ ᠲᠠᠰ ᠨᠢᠰ ᠬᠦᠯᠳᠡᠵᠦ᠍ ᠦᠬᠡᠷ ᠬᠤᠨᠢᠳ ᠨᠦᠮᠦᠷᠢ ᠡᠷᠢᠨ ᠰᠢᠷᠭᠤᠯᠴᠠᠵᠤ᠂ ᠳᠠᠬᠢᠶ᠎ᠡ ᠬᠦᠯ᠎ᠢᠶᠠᠨ ᠡᠷᠭᠦᠨ ᠪᠡᠪᠡᠢᠵᠦ᠍᠂ ᠱᠢᠪᠠᠭᠤᠳ ᠡᠭᠦᠷ᠎ᠲᠤ᠎ᠪᠠᠨ ᠱᠢᠷᠭᠤᠨ᠂ ᠮᠠᠯᠴᠢᠳ ᠲᠤᠯᠠᠭᠠᠨ ᠥᠷᠥᠭᠡᠨ᠎ᠳᠤ᠎ᠪᠠᠨ ᠲᠠᠭᠠᠲᠠᠢ ᠰᠠᠭᠤᠨ᠎ᠠ᠃ ᠬᠡᠦᠬᠡᠳ ᠪᠠᠭᠠᠴᠤᠳ ᠬᠠᠷᠢᠨ ᠮᠦᠰᠦ ᠭᠤᠯᠭᠤᠵᠤ ᠵᠠᠷᠢᠮ᠎ᠨᠢ ᠭᠡᠷ ᠡᠴᠡ ᠪᠠᠨ ᠴᠢᠷᠭ᠎ᠠ ᠪᠠ ᠲᠡᠱᠢᠭᠦᠷ ᠱᠠᠬᠠᠢ ᠠᠪᠴᠢᠷᠠᠵᠤ ᠨᠠᠭᠠᠳᠤᠨ᠎ᠠ᠃ ᠪᠠᠰᠠ ᠵᠠᠷᠢᠮ᠎ᠨᠢ ᠴᠠᠰᠤᠨ ᠪᠠᠢᠯᠳᠤᠭᠠᠨ ᠬᠢᠵᠦ᠍ ᠬᠦᠭᠡᠷᠦᠯᠳᠤᠨ᠎ᠠ᠃ ᠮᠦᠩᠬᠦᠨ ᠡᠪᠤᠯ᠎ᠤᠨ ᠨᠤᠳᠤᠭ ᠮᠢᠨᠢ ᠬᠡᠮᠵᠢᠶᠠᠯᠡᠰᠢ ᠦᠭᠡᠢ ᠰᠠᠢᠬᠠᠨ ᠶᠤᠮ ᠡ᠃

ᠮᠢᠨᠤ ᠨᠤᠳᠤᠭ᠎ᠤᠨ ᠲᠦᠷᠪᠡᠨ ᠤᠯᠠᠷᠢᠯ ᠭᠡᠭᠴᠢ ᠡᠢᠮᠦ᠍ ᠯᠠ ᠭᠤᠶᠤ᠂ ᠲᠡᠢᠮᠦ᠍ ᠯᠠ ᠰᠠᠢᠬᠠᠨ ᠪᠠᠢᠳᠠᠭ᠃

ᠵᠤᠬᠢᠶᠠᠭᠴᠢ ᠵᠢᠨ ᠬᠠᠶᠢᠭ᠄ ᠤᠩᠨᠢᠭᠤᠳ ᠬᠤᠰᠢᠭᠤᠨ᠎ᠤ ᠪᠤᠷᠤᠬᠤᠳᠠ ᠮᠤᠩᠭᠤᠯ ᠪᠠᠭ᠎ᠠ ᠰᠤᠷᠭᠠᠭᠤᠯᠢ᠎ᠶ᠋ᠢᠨ 4.1ᠠᠩᠬᠢ 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号