2022 ᠤᠨ᠎ᠤ 6 ᠰᠠᠷ᠎ᠠ᠎ᠶᠢᠨ 21 ᠤ᠋ ᠡᠳᠦᠷ (ᠪᠦᠷᠬᠦᠭ)
ᠪᠠᠭ᠎ᠠ ᠰᠤᠷᠭᠠᠭᠤᠯᠢ᠎ᠶᠢᠨ ᠬᠤᠭᠤᠴᠠᠭᠠᠨ᠎ᠳᠤ ᠮᠢᠨᠦ ᠬᠠᠮᠤᠭ᠎ᠤᠨ ᠪᠠᠶᠠᠷᠯᠠᠳᠠᠭ ᠪᠠᠰᠠ ᠨᠢᠭᠡᠨ ᠤᠴᠢᠷ ᠭᠡᠪᠡᠯ᠂ ᠬᠤᠭᠤᠴᠠᠭ᠎ᠠ ᠡᠬᠢᠯᠡᠬᠦ ᠪᠦᠷᠢ ᠰᠢᠨ᠎ᠡ ᠬᠢᠴᠢᠶᠡᠯ᠎ᠤᠨ ᠨᠤᠮ᠎ᠢᠶᠡᠨ ᠲᠤᠰᠴᠤ ᠠᠪᠬᠤ ᠶᠠᠪᠤᠳᠠᠯ ᠪᠤᠯᠤᠨ᠎ᠠ᠃ ᠰᠢᠨ᠎ᠡ ᠨᠤᠮ᠎ᠤᠨ ᠰᠡᠳᠬᠢᠯ ᠰᠡᠷᠬᠦᠭᠡᠮᠡ ᠪᠡᠬᠡ᠎ᠶᠢᠨ ᠰᠡᠩᠬᠢᠨᠡᠮ᠎ᠡ ᠦᠨᠦᠷ ᠨᠢ ᠤᠢ ᠲᠤᠢ᠎ᠳᠤ ᠮᠢᠨᠢ ᠮᠠᠷᠲᠠᠬᠳᠠᠰᠢ ᠦᠭᠡᠢ ᠰᠠᠢᠬᠠᠨ ᠲᠤᠷᠠᠳᠬᠠᠯ ᠪᠤᠯᠵᠤ ᠬᠠᠳᠠᠩᠰᠢᠯ᠎ᠠ᠃
ᠬᠤᠭᠤᠴᠠᠭᠠᠪᠦᠷᠢ ᠬᠠᠭᠤᠴᠢᠨ ᠨᠤᠮ᠎ᠢᠶᠡᠨ ᠬᠠᠳᠠᠭᠠᠯᠠᠭᠰᠠᠭᠠᠷ ᠨᠢᠭᠡ ᠮᠡᠳᠡᠬᠦ᠎ᠳᠤ ᠨᠤᠮ᠎ᠤᠨ ᠬᠤᠷᠭᠤ ᠮᠢᠨᠢ ᠲᠦᠭᠦᠷᠴᠢᠭᠡᠯᠡ᠃ ᠡᠳᠡᠭᠡᠷ ᠰᠤᠷᠬᠤ ᠪᠢᠴᠢᠭ᠎ᠢᠶᠡᠨ ᠤᠷᠪᠠᠭᠤᠯᠵᠤ ᠦᠵᠡᠪᠡᠯ ᠲᠤᠬᠠᠢ᠎ᠶᠢᠨ ᠦᠶ᠎ᠡ᠎ᠳᠤ ᠰᠢᠷᠡᠭᠡᠨ ᠨᠠᠢᠵᠠ ᠲᠠᠢ ᠪᠠᠨ ᠰᠡᠳᠦᠪ ᠬᠢᠵᠤ ᠤᠷᠤᠯᠳᠤᠵᠤ ᠪᠠᠢᠬᠰᠠᠨ᠂ ᠬᠢᠴᠢᠶᠡᠯ᠎ᠢᠶᠡᠨ ᠴᠡᠭᠡᠵᠢᠯᠡᠬᠦ ᠭᠡᠳ ᠬᠤᠭᠤᠯᠠᠢ ᠪᠠᠨ ᠰᠦᠭᠡᠲᠡᠯᠡ ᠤᠨᠭᠰᠢᠵᠤ ᠪᠠᠢᠬᠰᠠᠨ᠂ ᠰᠡᠳᠦᠪ ᠬᠠᠷᠢᠭᠤᠯᠬᠤ ᠭᠡᠮᠡᠨ ᠴᠢᠨᠡᠬᠡ ᠮᠡᠳᠡᠨ ᠪᠤᠯᠢᠶᠠᠯᠴᠠᠵᠤ ᠪᠠᠢᠬᠰᠠᠨ ᠶᠠᠪᠤᠳᠠᠯ᠎ᠤᠳ ᠺᠢᠨᠤ᠋ ᠲᠸᠯᠸᠢᠰ᠎ᠤᠨ ᠦᠵᠡᠭᠳᠡᠯ ᠰᠢᠭ ᠵᠢᠷᠪᠢᠯᠵᠡᠨ ᠦᠨᠭᠭᠡᠷᠡᠨᠡ᠃
ᠠᠮᠠᠷᠠᠯᠲᠠ ᠪᠡᠷ ᠪᠦᠯᠦ ᠳᠡᠬᠦᠦ ᠮᠢᠨᠦ ᠬᠢᠴᠢᠶᠡᠯ᠎ᠤᠨ ᠨᠤᠮ᠎ᠢ ᠵᠢᠭᠡᠯᠡᠬᠦ ᠪᠡᠷ ᠢᠷᠡᠳᠡᠭ ᠪᠠᠢᠬᠰᠠᠨ᠃ ᠲᠡᠭᠡᠬᠦ᠎ᠳᠤ ᠪᠢ᠄《ᠠᠬ᠎ᠠ᠎ᠶᠢᠨ᠎ᠢᠶᠡᠨ ᠨᠤᠮ ᠳᠡᠭᠡᠷ᠎ᠡ ᠳᠤᠷ᠎ᠠ ᠪᠡᠷ᠎ᠢᠶᠡᠨ ᠡᠷᠢᠶᠡᠴᠢᠵᠦ ᠪᠤᠯᠬᠤ ᠦᠭᠡᠢ᠂ ᠬᠡᠳᠦᠢᠪᠡᠷ ᠰᠤᠷᠴᠤ ᠪᠠᠷᠠᠬᠰᠠᠨ ᠪᠤᠯᠪᠠᠴᠤ ᠡᠨᠡ ᠪᠤᠯ ᠮᠢᠨᠦ ᠬᠠᠢᠷᠠᠲᠠᠢ ᠨᠤᠮ ᠶᠤᠮ᠂ ᠦᠵᠡᠵᠤ ᠪᠠᠷᠠᠪᠠᠯ ᠪᠤᠴᠠᠭᠠᠨ᠎ᠠ ᠰᠢᠤ》 ᠭᠡᠵᠤ ᠵᠠᠬᠢᠳᠠᠭ ᠪᠠᠢᠯ᠎ᠠ᠃
ᠨᠠᠰᠤᠨ ᠪᠠᠭ᠎ᠠ᠎ᠶᠢᠨ ᠰᠤᠷᠴᠤ ᠰᠦᠪᠡᠭᠴᠢᠯᠡᠬᠦ ᠳ᠋ᠤ ᠰᠠᠭᠤᠷᠢ ᠪᠤᠯᠤᠬᠰᠠᠨ ᠨᠤᠮ ᠲᠡᠪᠳᠡᠷ ᠤᠳ ᠮᠢᠨᠢ ᠪᠠᠶᠠᠷᠲᠠᠢ᠂ ᠡᠵᠡᠨ ᠨᠢ ᠲᠠ ᠨᠠᠷ᠎ᠢᠶᠡᠨ ᠦᠨᠢᠲᠡ ᠬᠠᠢᠷᠠᠯᠠᠵᠤ ᠬᠠᠳᠠᠭᠠᠯᠠᠵᠤ ᠶᠠᠪᠤᠨ᠎ᠠ᠃ (ᠪᠤᠭᠤᠳᠤ ᠬᠤᠲᠠ᠎ᠶᠢᠨ ᠵᠢᠤᠶᠤᠸᠠᠨ ᠲᠤᠭᠤᠷᠢᠭ᠎ᠤᠨ ᠮᠤᠨᠭᠭᠤᠯ ᠦᠨᠳᠦᠰᠦᠲᠡᠨ᠎ᠤ ᠪᠠᠭ᠎ᠠ ᠰᠤᠷᠭᠠᠭᠤᠯᠢ᠎ᠶᠢᠨ 6 ᠤᠨ᠎ᠤ ᠡ ᠠᠡᠭ᠌ᠭᠢ)