— 198᠂ 199᠂ 200 ! 200 ᠤᠳᠠᠭ᠎ᠠ ᠦᠰᠦᠷᠴᠢᠬᠡᠯᠠ᠃
— ᠴᠢ ᠳᠡᠭᠡᠰᠦ ᠦᠰᠦᠷᠬᠦ ᠤᠷᠤᠯᠳᠤᠭᠠᠨᠳᠤ ᠪᠠᠰᠠ ᠲᠡᠷᠢᠬᠦᠯᠡᠭᠰᠡᠨ ᠰᠢᠦ ᠁
ᠠᠩᠬᠢᠶᠢᠨ ᠨᠦᠬᠦᠳ ᠨᠢ ᠬᠦᠶᠦᠨ ᠢᠷᠡᠭᠡᠳ ᠵᠤᠤ ᠶᠤᠸᠠᠢ ᠲᠢᠩᠢ ᠬᠦᠷᠢᠶᠡᠯᠡᠭᠡᠳ ᠠᠪᠤᠯ᠎ᠠ᠃

ᠡᠢᠨ ᠬᠦ᠌ ᠵᠤᠤ ᠶᠤᠸᠠᠢ ᠲᠢᠩ ᠰᠤᠷᠭᠠᠭᠤᠯᠢ ᠪᠠᠨ ᠲᠦᠯᠦᠭᠡᠯᠡᠨ ᠬᠤᠰᠢᠭᠤᠨᠤ ᠪᠠᠨ ᠲᠡᠭᠡᠰᠦ ᠦᠰᠦᠷᠬᠦ ᠤᠷᠤᠯᠳᠤᠭᠠᠨ ᠳ᠋ᠤ ᠤᠷᠤᠯᠴᠠᠵᠤ ᠮᠦᠨ ᠬᠦ᠌ ᠲᠡᠷᠢᠬᠦᠯᠡᠵᠡᠢ᠃ ᠲᠡᠷᠡ ᠪᠤᠯ ᠵᠠᠯᠠᠢᠳ ᠬᠤᠰᠢᠭᠤᠨᠤ ᠢᠨᠳᠡᠷ ᠬᠤᠶᠠᠳᠤᠭᠠᠷ ᠪᠠᠭ᠎ᠠ ᠰᠤᠷᠭᠠᠭᠤᠯᠢ ᠵᠢᠨ 5.4 ᠠᠩᠬᠢᠶᠢᠨ ᠰᠤᠷᠤᠭᠴᠢ ᠪᠤᠯᠤᠨ᠎ᠠ᠃ ᠲᠡᠷᠡ ᠰᠤᠷᠭᠠᠭᠤᠯᠢ ᠵᠢᠨ ᠵᠢᠡᠨ《ᠲᠠᠮᠢᠷ ᠤᠷᠠᠯᠢᠭᠤᠨ ᠪᠢᠴᠢᠬᠠᠨ ᠤᠳᠤᠨ》 ᠴᠤᠯᠠ ᠲᠠᠢ᠃ ᠳᠡᠭᠡᠰᠦ ᠦᠰᠦᠷᠬᠦ ᠪᠤᠯ ᠲᠡᠬᠦᠨᠤ ᠬᠠᠮᠤᠭᠤᠨ ᠳᠤᠷᠠᠳᠠᠢ ᠲᠠᠮᠢᠷᠤᠨ ᠬᠦᠳᠡᠯᠭᠡᠭᠡᠨᠤ ᠨᠢᠭᠡ ᠪᠤᠯᠤᠨ᠎ᠠ᠃
— ᠳᠡᠭᠡᠰᠦ ᠦᠰᠦᠷᠬᠦ ᠨᠢ ᠪᠡᠶ᠎ᠠ ᠮᠠᠬᠠᠪᠤᠳᠢ ᠳᠠᠪᠳᠠᠨ ᠪᠤᠯᠪᠠᠰᠤᠷᠠᠭᠤᠯᠳᠠᠭ᠃ ᠪᠢ ᠬᠤᠰᠢᠭᠤ ᠪᠠ ᠰᠤᠷᠭᠠᠭᠤᠯᠢᠶᠢᠨ ᠲᠡᠭᠡᠰᠤ ᠦᠰᠦᠷᠬᠦ ᠤᠷᠤᠯᠳᠤᠭᠠᠨᠳᠤ ᠤᠯᠠᠨ ᠤᠳᠠᠭ᠎ᠠ ᠲᠡᠷᠢᠬᠦᠯᠡᠵᠦ ᠪᠠᠢᠭᠰᠠᠨ᠂ ᠰᠤᠷᠭᠠᠭᠤᠯᠢᠳᠤ ᠪᠠᠨ ᠢᠷᠠᠭᠤ ᠠᠯᠳᠠᠷ ᠠᠪᠴᠢᠷᠠᠭᠰᠠᠨ ᠳ᠋ᠤ ᠪᠠᠨ ᠪᠠᠶᠠᠷᠯᠠᠳᠠᠭ ᠭᠡᠵᠦ ᠲᠡᠷᠡ ᠬᠡᠯᠡᠨ᠎ᠡ᠃

ᠵᠤᠤ ᠶᠤᠸᠠᠢ ᠲᠢᠩ ᠪᠦᠵᠢᠭ ᠲᠸ᠋ ᠴᠸ᠋ ᠠᠪᠢᠶᠠᠰ ᠲᠠᠢ᠃ ᠨᠢᠳᠤᠨᠤᠨ ᠵᠢᠯ 《ᠪᠦᠬᠦ ᠤᠯᠤᠰᠤᠨ ᠲᠸᠯᠸᠢᠰ ᠦᠵᠡᠬᠦᠯᠭᠡ ᠵᠢᠨ ᠰᠢᠷᠢᠰ ᠠᠵᠢᠯᠯᠠᠭ᠎ᠠ》 ᠳ᠋ᠤ 《ᠰᠤᠳᠤᠨ ᠪᠦᠵᠢᠭᠴᠢᠨ》 ᠵᠢᠡᠷ ᠦᠨᠡᠯᠡᠭᠳᠡᠵᠦ᠂《ᠤᠷᠢ ᠵᠠᠯᠠᠭᠤ ᠲᠤᠮᠳᠠᠳᠤ ᠤᠯᠤᠰ·ᠤᠯᠠᠨ ᠤᠯᠤᠰᠤᠨ ᠰᠢᠷᠢᠰ ᠠᠵᠢᠯᠯᠠᠭ᠎ᠠ》 ᠳ᠋ᠤ ᠰᠢᠯᠢᠳᠡᠭ ᠤᠷᠤᠯᠴᠠᠭᠴᠢ ᠪᠡᠷ ᠲᠤᠳᠤᠷᠠᠬᠰᠠᠨ ᠪᠠᠢᠯ᠎ᠠ᠃
ᠵᠤᠤ ᠶᠤᠸᠠᠢ ᠲᠢᠩ ᠪᠤᠯ ᠠᠩᠬᠢᠶᠢᠨᠢᠶᠡᠨ ᠠᠩᠭᠢᠶᠢᠨ ᠲᠠᠷᠤᠭ᠎ᠠ ᠪᠤᠯᠤᠨ᠎ᠠ᠃ ᠲᠡᠷᠡ ᠲᠠᠮᠢᠷ ᠤᠷᠠᠯᠢᠭ ᠲᠸ᠋ ᠪᠠᠨ ᠠᠪᠢᠶᠠᠰ ᠲᠠᠢ ᠲᠡᠳᠦᠢ ᠦᠭᠡᠢ᠂ ᠭᠡᠷ ᠵᠠᠭᠤᠷᠠᠶᠢᠨᠢᠶᠡᠨ ᠪᠤᠶᠤ ᠠᠩᠬᠢ ᠨᠡᠢᠳᠡᠶᠢᠨ ᠠᠵᠢᠯ ᠬᠦᠳᠡᠯᠮᠦᠷᠢᠳᠤ ᠢᠳᠡᠪᠬᠢᠳᠡᠢ ᠤᠷᠤᠯᠴᠠᠳᠠᠭ᠃ ᠡᠩᠤᠨ ᠦᠶ᠎ᠡ ᠳ᠋ᠤ ᠠᠪᠤ ᠡᠵᠢ ᠪᠠᠨ ᠬᠠᠮᠵᠢᠨ ᠬᠤᠭᠤᠯᠠ ᠤᠮᠳᠠ ᠪᠠᠵᠠᠭᠠᠵᠤ᠂ ᠬᠦᠷᠢᠶ᠎ᠠ ᠬᠠᠰᠢᠶ᠎ᠠ ᠴᠡᠪᠡᠷᠯᠡᠳᠡᠭ᠃ ᠰᠤᠷᠭᠠᠭᠤᠯᠢ ᠳ᠋ᠤ ᠪᠠᠨ ᠨᠠᠢᠵᠠ ᠨᠦᠬᠦᠳᠢᠶᠡᠨ ᠬᠠᠮᠵᠢᠨ ᠠᠩᠬᠢ ᠵᠢᠨ ᠬᠡᠷ ᠵᠢᠡᠨ ᠴᠡᠪᠡᠷᠯᠡᠬᠦ᠂ ᠪᠠᠬᠰᠢ ᠪᠠᠨ ᠬᠠᠮᠵᠢᠨ ᠬᠠᠮᠳᠤ ᠰᠤᠷᠤᠯᠭᠠᠳᠠᠳᠢᠶᠡᠨ ᠲᠠᠭᠠᠭᠤᠯᠤᠨ ᠪᠦᠯᠬᠦᠮᠳᠡᠭᠦᠯᠵᠦ᠂ ᠠᠩᠬᠢ ᠨᠡᠢᠳᠡᠶᠢᠨ ᠰᠠᠬᠢᠯᠭ᠎ᠠ ᠪᠠᠳᠤ ᠵᠢ ᠬᠢᠴᠢᠶᠡᠨ ᠵᠢᠷᠤᠮᠯᠠᠳᠠᠭ᠃ (ᠬᠡᠷᠡᠯ ᠵᠢᠷᠤᠭᠢ ᠵᠤᠤ ᠶᠤᠸᠠᠢ ᠲᠢᠩᠤᠨ ᠡᠵᠢ ᠬᠠᠩᠭᠠᠪᠠ)