ᠪᠠᠶᠠᠷᠲᠠᠢ᠂ ᠤᠯᠠᠭᠠᠨ ᠪᠦᠴᠡ ᠮᠢᠨᠢ
2022-06-30 11:32:09
ᠵᠣᠬᠢᠶᠠᠭ᠍ᠴᠢ᠄
ᠬᠤᠸᠡᠨᠭ ᠱᠤᠸᠠᠢ ᠫᠸᠨᠭ
ᠣᠩᠱᠢᠭ᠍ᠰᠠᠨ ᠣᠳᠠᠭ᠎ᠠ᠄
★★★☆☆

2022 ᠤᠨ᠎ᠤ 6  ᠰᠠᠷ᠎ᠠ᠎ᠶᠢᠨ 20᠎ᠤ᠋ ᠡᠳᠦᠷ (ᠲᠤᠨᠭᠭᠠᠯᠠᠭ)

ᠨᠢᠭᠡ ᠮᠡᠳᠡᠬᠦ᠎ᠳᠤ ᠤᠯᠠᠭᠠᠨ ᠪᠦᠴᠡ ᠮᠢᠨᠢ ᠨᠠᠮ᠎ᠠ᠎ᠳᠤ ᠬᠠᠨᠢ ᠪᠤᠯᠤᠭᠠᠳ ᠵᠢᠷᠭᠤᠭᠠᠨ ᠵᠢᠯ ᠪᠤᠯᠴᠢᠬᠠᠵᠠᠢ᠃ ᠵᠢᠷᠭᠤᠭᠠᠨ ᠵᠢᠯ᠎ᠤᠨ ᠡᠮᠦᠨ᠎ᠡ᠂ ᠡᠩᠬᠡᠷ ᠲᠸ᠋ ᠪᠠᠨ ᠤᠯᠠᠭᠠᠨ ᠪᠦᠴᠡ ᠲᠡᠷᠪᠡᠯᠵᠡᠭᠦᠯᠦᠭᠰᠡᠨ ᠲᠡᠭᠡᠷ᠎ᠡ ᠤᠨ᠎ᠤ ᠠᠬ᠎ᠠ ᠡᠭᠡᠴᠢ ᠨᠠᠷ᠎ᠢ ᠬᠠᠷᠠᠭᠠᠳ ᠬᠡᠴᠢᠨᠡᠨ ᠪᠠᠬᠠᠷᠬᠠᠨ ᠪᠢᠰᠢᠷᠡᠵᠤ ᠪᠠᠢᠯ᠎ᠠ? ᠪᠠᠬᠰᠢ ᠴᠸ᠋᠄ 《ᠤᠯᠠᠭᠠᠨ ᠪᠦᠴᠡ ᠵᠡᠬᠦᠶ᠎ᠡ ᠭᠡᠪᠡᠯ ᠤᠷᠢᠳᠡᠪᠡᠷ ᠶᠤᠰᠤ ᠨᠤᠮ ᠲᠠᠢ ᠬᠡᠤᠬᠡᠳ ᠪᠤᠯᠬᠤ ᠬᠡᠷᠡᠭᠳᠡᠢ ᠰᠢᠤ》 ᠭᠡᠵᠦ ᠵᠠᠬᠢᠳᠠᠭ ᠪᠠᠢᠯ᠎ᠠ᠃

ᠲᠡᠷᠡ ᠡᠳᠦᠷ ᠡᠴᠡ ᠡᠬᠢᠯᠡᠨ ᠪᠢ ᠬᠢᠴᠢᠶᠡᠯ ᠳᠡᠭᠡᠷ᠎ᠡ ᠦᠭᠡ ᠶᠠᠷᠢᠬᠤ ᠪᠠᠨ ᠪᠤᠯᠢᠵᠤ᠂ ᠲᠦᠪ ᠰᠠᠭᠤᠵᠤ᠂ ᠬᠢᠴᠢᠶᠡᠯ᠎ᠢᠶᠡᠨ ᠠᠨᠭᠬᠠᠷᠤᠨ ᠰᠤᠨᠤᠰᠳᠠᠭ ᠪᠤᠯᠤᠯ᠎ᠠ᠃ ᠪᠠᠬᠰᠢ᠎ᠶᠢᠨ ᠠᠰᠠᠭᠤᠯᠲᠠ᠎ᠶᠢ ᠤᠯᠠᠨ ᠡᠴᠡ ᠲᠦᠷᠦᠬᠦᠯᠡᠨ ᠭᠠᠷ ᠡᠷᠬᠦᠨ ᠬᠠᠷᠢᠭᠤᠯᠳᠠᠭ᠃ ᠳᠠᠰᠬᠠᠯ᠎ᠢᠶᠡᠨ ᠴᠡᠪᠡᠷ ᠲᠡᠭᠰᠢᠬᠡᠨ᠂ ᠵᠦᠪ ᠰᠠᠢᠬᠠᠨ ᠪᠡᠶᠡᠯᠡᠬᠦᠯᠵᠦ᠂ ᠪᠤᠰᠤᠳ᠎ᠤᠨ ᠵᠢᠵᠢᠬᠦᠷ᠎ᠢ ᠬᠠᠮᠵᠢᠵᠤ ᠬᠢᠳᠡᠭ ᠤᠬᠠᠭᠠᠨ ᠲᠠᠢ ᠬᠡᠤᠬᠡᠳ ᠪᠤᠯᠤᠯ᠎ᠠ᠃ ᠦᠨᠡᠭᠡᠷ ᠬᠦᠰᠡᠵᠤ ᠰᠠᠨᠠᠬᠰᠠᠨ ᠶᠤᠰᠤᠭᠠᠷ ᠰᠤᠷᠭᠠᠭᠤᠯᠢ ᠎ᠳᠤ ᠤᠷᠤᠬᠰᠠᠨ ᠠᠨᠭᠬᠠᠨ᠎ᠤ ᠬᠡᠤᠬᠡᠳ᠎ᠤᠨ ᠪᠠᠶᠠᠷ᠎ᠢᠶᠡᠷ ᠤᠯᠠᠭᠠᠨ ᠪᠦᠴᠡ ᠵᠡᠬᠦᠯ᠎ᠡ᠃

ᠦᠨᠦᠳᠦᠷ ᠪᠢ ᠪᠠᠭ᠎ᠠ ᠰᠤᠷᠭᠠᠭᠤᠯᠢ ᠪᠠᠨ ᠲᠡᠬᠦᠰᠦᠯ᠎ᠡ᠂ ᠬᠠᠢᠷᠠᠲᠠᠢ ᠤᠯᠠᠭᠠᠨ ᠪᠦᠴᠡ ᠡᠴᠡ ᠪᠠᠨ ᠠᠶᠠᠷᠯᠠᠬᠤ ᠪᠤᠯᠤᠯ᠎ᠠ᠂ ᠭᠡᠪᠡᠴᠦ ᠤᠯᠠᠭᠠᠨ ᠪᠦᠴᠡ ᠪᠠᠨ ᠨᠠᠨᠳᠢᠨᠭᠨᠠᠨ ᠬᠠᠳᠠᠭᠠᠯᠠᠨ᠎ᠠ᠃ ᠡᠨᠡ ᠪᠤᠯ ᠮᠢᠨᠦ ᠪᠠᠭ᠎ᠠ ᠨᠠᠰᠤᠨ᠎ᠤ ᠨᠠᠨᠳᠢᠨ ᠳᠤᠷᠠᠳᠬᠠᠯ᠃ 

(ᠬᠦᠬᠡᠬᠤᠲᠠ᠎ᠶᠢᠨ ᠮᠤᠨᠭᠭᠤᠯ ᠦᠨᠳᠦᠰᠦᠲᠡᠨ ᠎ᠤ᠎ᠰᠤᠷᠭᠠᠭᠤᠯᠢ ᠎ᠶᠢᠨ 6.4 ᠠᠡᠭ᠌ᠭᠢ)

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号