ᠪᠠᠶᠠᠷᠲᠠᠢ᠂ ᠰᠤᠷᠭᠠᠭᠤᠯᠢ᠎ᠶᠢᠨ ᠬᠤᠪᠴᠠᠰᠤ ᠮᠢᠨᠢ
2022-06-30 11:37:49
ᠵᠣᠬᠢᠶᠠᠭ᠍ᠴᠢ᠄
ᠪᠤᠤ ᠸᠸᠨ ᠰᠢ
ᠣᠩᠱᠢᠭ᠍ᠰᠠᠨ ᠣᠳᠠᠭ᠎ᠠ᠄
★★★☆☆

2022 ᠤᠨ᠎ᠤ 6 ᠰᠠᠷ᠎ᠠ᠎ᠶᠢᠨ 22᠎ᠤ᠋ᠨ ᠡᠳᠦᠷ (ᠪᠤᠷᠤᠭᠠᠨ ᠲᠠᠢ)

ᠮᠠᠨ᠎ᠤ ᠬᠢᠨ ᠭᠤᠷᠪᠠᠨ ᠡᠳᠦᠷ᠎ᠤᠨ ᠳᠠᠷᠠᠭ᠎ᠠ ᠲᠡᠬᠦᠰᠬᠦ ᠶᠤᠰᠤᠯᠠᠯ᠎ᠢᠶᠡᠨ ᠶᠠᠪᠤᠬᠳᠠᠭᠤᠯᠤᠨ᠎ᠠ᠃ ᠪᠢᠳᠡ ᠨᠠᠷ ᠴᠸ᠋ ᠰᠤᠷᠭᠠᠭᠤᠯᠢ ᠵᠢᠨ ᠬᠤᠪᠴᠠᠰᠤ ᠪᠠᠨ ᠲᠡᠷᠢ ᠲᠡᠭᠰᠢ ᠡᠮᠦᠰᠴᠤ ᠪᠠᠭ᠎ᠠ ᠰᠤᠷᠭᠠᠭᠤᠯᠢ᠎ᠶᠢᠨ ᠬᠠᠮᠤᠭ᠎ᠤᠨ ᠰᠡᠬᠦᠯᠴᠢ᠎ᠶᠢᠨ ᠨᠢᠭᠡ ᠤᠳᠠᠭᠠᠨ᠎ᠤ ᠬᠠᠮᠲᠤ᠎ᠶᠢᠨ ᠰᠡᠬᠦᠳᠡᠷ᠎ᠢᠶᠡᠨ ᠲᠠᠳᠠᠨ᠎ᠠ᠃

ᠰᠤᠷᠭᠠᠭᠤᠯᠢ᠎ᠶᠢᠨ ᠬᠤᠪᠴᠠᠰᠤ ᠪᠤᠯ ᠪᠢᠳᠡᠨ᠎ᠤ ᠰᠤᠷᠭᠠᠭᠤᠯᠢ᠎ᠶᠢᠨ ᠪᠠᠰᠠ ᠨᠢᠭᠡᠨ ᠪᠡᠯᠭᠡ ᠲᠡᠮᠳᠡᠭ ᠶᠤᠮ᠃ ᠡᠨᠡ ᠬᠤᠪᠴᠠᠰᠤ ᠪᠠᠨ ᠡᠮᠦᠰᠦᠭᠡᠳ ᠭᠠᠷᠪᠠᠯ ᠬᠠᠮᠢᠭ᠎ᠠ ᠤᠴᠢᠬᠰᠠᠨ ᠴᠸ᠋ ᠬᠤᠷᠴᠢᠨ ᠵᠡᠬᠦᠨ ᠭᠠᠷᠤᠨ ᠳᠤᠮᠳᠠᠳᠤ ᠬᠤᠰᠢᠭᠤᠨ᠎ᠤ ᠬᠤᠸᠠᠬᠤᠰᠢᠭᠤ ᠰᠤᠮᠤ᠎ᠶᠢᠨ ᠭᠤᠤᠯ ᠪᠠᠭ᠎ᠠ ᠰᠤᠷᠭᠠᠭᠤᠯᠢ᠎ᠶᠢᠨ ᠰᠤᠷᠤᠬᠴᠢ ᠭᠡᠳᠡᠭ᠎ᠢ ᠬᠦᠮᠦᠰ ᠲᠤᠤᠷᠠᠬᠠᠨ᠎ᠢᠶᠡᠨ ᠮᠡᠳᠡᠳᠡᠭ᠃ ᠰᠤᠷᠭᠠᠭᠤᠯᠢ᠎ᠶᠢᠨ ᠬᠤᠪᠴᠠᠰᠤ ᠪᠠᠨ ᠡᠮᠦᠰᠬᠦ ᠨᠢ ᠰᠤᠷᠤᠬᠴᠢ ᠪᠢᠳᠡᠨ᠎ᠤ ᠳᠠᠳᠬᠠᠯ᠂ ᠪᠢᠳᠡᠨ᠎ᠤ ᠤᠮᠤᠬᠰᠢᠯ᠃

ᠡᠨᠡ ᠵᠢᠯ᠎ᠤᠨ ᠳᠡᠯᠡᠬᠡᠢ᠎ᠶᠢᠨ ᠬᠡᠤᠬᠡᠳ᠎ᠤᠨ ᠪᠠᠶᠠᠷ᠎ᠢᠶᠡᠷ ᠪᠢ ᠮᠢᠨᠭᠭᠠᠨ ᠮᠸᠲᠷ᠎ᠤᠨ ᠬᠤᠯᠠ ᠬᠦᠶᠦᠬᠦ ᠤᠷᠤᠯᠳᠤᠭᠠᠨ᠎ᠳᠤ ᠤᠷᠤᠯᠴᠠᠪᠠ᠃ ᠭᠦᠶᠦᠭᠡᠳ ᠵᠠᠭᠤᠨ ᠮᠸᠲᠷ ᠪᠤᠯᠤᠯ ᠦᠭᠡᠢ ᠵᠡᠬᠦᠨ ᠬᠦᠯ᠎ᠤᠨ ᠱᠠᠬᠠᠢ ᠪᠤᠯᠳᠠᠷᠠᠨ ᠤᠨᠠᠪᠠ᠃ ᠲᠡᠷᠡ ᠦᠶ᠎ᠡ᠎ᠳᠤ ᠪᠢ ᠱᠠᠬᠠᠢ ᠪᠤᠯᠳᠠᠷᠠᠬᠤ ᠬᠠᠮᠢᠶ᠎ᠠ ᠦᠭᠡᠢ᠂ ᠪᠦᠳᠦᠷᠢᠵᠤ ᠤᠢᠴᠢᠭᠠᠳ ᠰᠤᠷᠭᠠᠭᠤᠯᠢ᠎ᠶᠢᠨ ᠬᠤᠪᠴᠠᠰᠤ ᠪᠠᠨ ᠤᠷᠠᠬᠳᠠᠭᠤᠯᠤᠬᠰᠠᠨ ᠦᠭᠡᠢ ᠴᠢᠨᠢ ᠪᠤᠯᠵᠠᠢ ᠭᠡᠵᠤ ᠪᠤᠳᠤᠵᠤ ᠠᠮᠵᠢᠯ᠎ᠠ᠃ ᠲᠡᠭᠡᠵᠤ ᠪᠠᠬᠰᠢ ᠨᠦᠬᠦᠳ᠎ᠤᠨ᠎ᠢᠶᠡᠨ ᠵᠤᠷᠢᠬᠵᠢᠭᠤᠯᠤᠯ᠎ᠢᠶᠡᠷ ᠲᠡᠷᠢᠬᠦᠯᠡᠭᠰᠡᠨ ᠪᠢ ᠰᠤᠷᠭᠠᠭᠤᠯᠢ᠎ᠶᠢᠨ ᠬᠤᠪᠴᠠᠰᠤ ᠪᠠᠨ ᠡᠮᠦᠰᠴᠤ ᠱᠠᠨᠭᠨᠠᠯ ᠤᠯᠭᠤᠬᠤ ᠲᠠᠢᠰᠠᠨ᠎ᠳᠤ ᠭᠠᠷᠤᠬᠰᠠᠨ ᠶᠤᠮ᠃

ᠪᠠᠭ᠎ᠠ ᠰᠤᠷᠭᠠᠭᠤᠯᠢ ᠪᠠᠨ ᠲᠡᠬᠦᠰᠦᠯ᠎ᠡ᠃ ᠪᠠᠭ᠎ᠠ ᠰᠤᠷᠭᠠᠭᠤᠯᠢ᠎ᠶᠢᠨ ᠰᠤᠷᠭᠠᠭᠤᠯᠢ᠎ᠶᠢᠨ ᠬᠤᠪᠴᠠᠰᠤ ᠪᠠᠨ ᠡᠮᠦᠰᠬᠦ ᠴᠠᠭ ᠬᠤᠮᠰᠠᠳᠠᠪᠠ᠃ ᠭᠡᠪᠡᠴᠦ ᠪᠢ ᠲᠡᠭᠦᠨ᠎ᠢᠶᠡᠨ ᠤᠬᠢᠶᠠᠵᠤ ᠴᠡᠪᠡᠷᠯᠡᠭᠡᠳ ᠬᠤᠷᠢᠶᠠᠵᠤ ᠲᠠᠯᠪᠢᠨ᠎ᠠ᠂ ᠲᠡᠷᠡ ᠪᠤᠯ ᠮᠢᠨᠦ ᠪᠠᠭ᠎ᠠ ᠰᠤᠷᠭᠠᠭᠤᠯᠢ᠎ᠶᠢᠨ ᠪᠡᠯᠭᠡ ᠲᠡᠮᠳᠡᠭ ᠶᠤᠮ᠂ ᠪᠠᠭ᠎ᠠ ᠨᠠᠰᠤᠨ᠎ᠤ ᠮᠢᠨᠢ ᠨᠠᠨᠳᠢᠨ ᠲᠤᠷᠠᠰᠤᠮᠵᠢ ᠶᠤᠮ᠃(ᠬᠤᠷᠴᠢᠨ ᠵᠡᠬᠦᠨ ᠭᠠᠷᠤᠨ ᠳᠤᠮᠳᠠᠳᠤ ᠬᠤᠰᠢᠭᠤᠨ᠎ᠤ ᠬᠤᠸᠠᠬᠤᠰᠢᠭᠤ ᠰᠤᠮᠤ᠎ᠶᠢᠨ ᠭᠤᠤᠯ ᠪᠠᠭ᠎ᠠ ᠰᠤᠷᠭᠠᠭᠤᠯᠢ᠎ᠶᠢᠨ 6.2 ᠠᠡᠭ᠌ᠭᠢ)

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号