ᠰᠡᠴᠡᠩᠭᠤᠤᠠ ᠪᠤᠯ ᠠᠷᠤ ᠬᠤᠷᠴᠢᠨ ᠬᠤᠰᠢᠭᠤᠨᠤ ᠬᠠᠨ ᠠᠭᠤᠯᠠ ᠪᠠᠭ᠎ᠠ ᠰᠤᠷᠭᠠᠭᠤᠯᠢᠶᠢᠨ
2.3 ᠠᠩᠬᠢᠶᠢᠨ ᠡᠷᠬᠢᠯᠡᠭᠴᠢ ᠪᠠᠭᠰᠢ ᠪᠤᠯᠤᠨ᠎ᠠ᠃ ᠡᠨᠡ ᠵᠢᠯ ᠲᠡᠳᠡᠨᠤ ᠠᠩᠬᠢᠶᠢᠨ 《6·1》 ᠤᠨᠴᠠᠶᠢᠨ ᠦᠯᠢᠭᠡᠷ ᠲᠠᠢ᠃

ᠰᠤᠷᠤᠭᠴᠢ ᠡᠭᠡᠰᠢᠭ ᠴᠤᠮᠤ ᠪᠠᠨ ᠭᠡᠭᠡᠭᠡᠳ ᠬᠡᠳᠦᠨ ᠡᠳᠦᠷ ᠪᠤᠯᠴᠢᠬᠠᠵᠠᠢ᠃ ᠲᠡᠭᠡᠬᠦᠯᠡᠷ
ᠲᠡᠷᠡ ᠰᠤᠷᠭᠠᠭᠤᠯᠢᠶᠢᠨ ᠵᠢᠷᠭᠤᠭᠠᠨ ᠰᠠᠷᠠᠶᠢᠨ ᠨᠢᠭᠡᠨᠢ ᠪᠡᠯᠭᠡᠯᠡᠭᠦ ᠪᠡᠶ᠎ᠡᠶᠢᠨ ᠲᠠᠮᠢᠷᠤᠨ ᠤᠷᠤᠯᠳᠤᠭᠠᠨ
ᠡᠴᠡ ᠡᠮᠦᠨ᠎ᠡ ᠤᠰᠤ ᠤᠤᠭᠤᠬᠤ ᠭᠡᠳ ᠴᠸ᠋ ᠡᠷᠢᠯ ᠪᠤᠯᠵᠤ ᠭᠠᠷᠪᠠ᠃ ᠶᠠᠭᠤ ᠴᠸ᠋ ᠭᠡᠰᠡᠨ ᠲᠡᠭᠦᠨᠤ ᠤᠷᠤᠯᠴᠠᠬᠤ
《ᠰᠢᠪᠠᠭ᠎ᠠ ᠳᠠᠳᠠᠵᠤ ᠬᠠᠷᠠᠭᠠᠯᠵᠠᠭᠰᠠᠨ ᠪᠤᠳᠠᠰᠢ ᠡᠷᠢᠬᠦ》 ᠭᠦᠶᠦᠯᠳᠡᠶᠢᠨ ᠤᠷᠤᠯᠳᠤᠭᠠᠨ ᠡᠬᠢᠯᠡᠯ᠎ᠡ᠃
ᠡᠭᠡᠰᠢᠭ ᠮᠠᠨᠢ ᠰᠢᠪᠠᠭ᠎ᠠ ᠪᠠᠨ ᠦᠵᠡᠪᠡᠯ ᠴᠢᠪ ᠬᠡᠮᠡᠨ 《ᠴᠤᠮᠤ》 ᠭᠡᠳᠡᠭ ᠦᠰᠦᠭ ᠳᠤᠷᠠᠢᠵᠤ ᠪᠠᠢᠯ᠎ᠠ᠃ ᠲᠡᠷᠡ
ᠤᠷᠤᠯᠳᠤᠭᠠᠨᠤ ᠳᠠᠯᠠᠪᠤᠷᠲᠦ ᠳᠡᠯᠭᠡᠭᠰᠡᠨ ᠪᠤᠳᠠᠰ ᠲᠸ᠋ ᠨᠢᠳᠦ ᠬᠠᠶᠠᠪᠠᠯ ᠨᠤᠮ ᠳᠡᠪᠳᠡᠷ᠂ ᠠᠯᠴᠢᠭᠤᠷ᠂ ᠪᠢᠷ᠂
ᠭᠠᠷ ᠴᠠᠭ ᠁ ᠭᠡᠳ ᠤᠯᠠᠨ ᠪᠤᠳᠠᠰ ᠬᠠᠷᠠᠬᠳᠠᠨ᠎ᠠ᠃ ᠭᠡᠨᠡᠳᠳᠡ ᠲᠡᠭᠦᠨᠤ ᠨᠢᠳᠦᠨ ᠳ᠋ᠤ ᠬᠡᠳᠦᠨ ᠡᠳᠦᠷ ᠡᠷᠢᠯ ᠰᠤᠷᠠᠭ
ᠪᠤᠯᠤᠬᠰᠠᠨ ᠦᠪᠡᠷᠤᠨ ᠴᠤᠮᠤ ᠨᠢ ᠬᠠᠷᠠᠬᠳᠠᠬᠤᠯᠠᠷ ᠪᠠᠶᠠᠷᠯᠠᠬᠰᠠᠨ ᠬᠡᠷᠢᠶ᠎ᠡ ᠪᠠᠷᠬᠢᠷᠠᠭ᠎ᠠ ᠭᠡᠭᠴᠢ ᠪᠡᠷ 《ᠮᠢᠨᠤ ᠴᠤᠮᠤ !》 ᠭᠡᠳ ᠲᠠᠭᠤᠨ ᠠᠯᠳᠠᠵᠤ᠂ ᠲᠡᠷᠡ ᠪᠦᠬᠦᠳᠡᠶᠢᠨ ᠲᠤᠳᠤᠷ᠎ᠠ ᠡᠴᠡ ᠭᠠᠭᠴᠠᠬᠠᠨ ᠰᠢᠭᠦᠷᠡᠭᠡᠳ
ᠭᠠᠷᠴᠤ ᠬᠦᠶᠦᠪᠡ᠃ ᠰᠠᠨᠠᠭᠠᠨ ᠡᠴᠡ ᠭᠠᠳᠠᠭᠤᠷ ᠳᠡᠷᠡ ᠲᠡᠷᠢᠭᠦᠯᠡᠭᠰᠡᠨ ᠪᠠᠢᠯ᠎ᠠ᠃ ᠦᠪᠡᠷᠤᠨ ᠴᠤᠮᠤ ᠪᠠᠨ ᠬᠠᠮᠢᠭ᠎ᠠ
ᠭᠠᠵᠠᠷ ᠤᠪᠠᠢᠨᠳᠦ ᠦᠭᠡᠢ ᠤᠷᠬᠢᠭᠰᠠᠨᠢ ᠦᠭᠡᠷ᠎ᠡ ᠪᠠᠬᠰᠢ ᠤᠯᠵᠤ ᠠᠪᠤᠭᠠᠳ ᠤᠷᠤᠯᠳᠤᠭᠠᠨᠤ 《ᠬᠠᠷᠠᠭᠠᠯᠵᠠᠬᠰᠠᠨ ᠪᠤᠳᠠᠰ》 ᠢᠶᠠᠷ ᠡᠨᠳᠡ ᠠᠪᠴᠢᠷᠠᠵᠤ
ᠲᠠᠯᠪᠢᠬᠰᠠᠨ ᠪᠠᠢᠵᠠᠢ᠃
—
ᠬᠦᠮᠦᠨᠤ ᠳᠠᠯᠳᠠ ᠴᠢᠳᠠᠪᠤᠷᠢ ᠭᠡᠵᠦ ᠬᠢᠷᠢ ᠵᠡᠷᠭᠡ ᠬᠦᠴᠦᠨ ᠴᠢᠳᠠᠯ ᠲᠠᠢ ᠪᠠᠢᠳᠠᠭᠢ
ᠮᠡᠳᠡᠭᠰᠡᠨ ᠪᠢᠵᠠ ᠭᠡᠵᠦ ᠰᠡᠴᠡᠩᠭᠤᠤᠠ ᠪᠠᠭᠰᠢ ᠶᠠᠷᠢᠬᠤ ᠳ᠋ᠤ ᠤᠯᠠᠨᠢᠶᠡᠷᠢᠶᠡᠷ ᠬᠦᠷᠴᠢᠬᠢᠨᠡᠳᠡᠯᠡ ᠢᠨᠢᠶᠡᠯᠳᠦᠯᠡ᠃
ᠰᠤᠷᠤᠭᠴᠢ ᠨᠠᠮᠤᠭᠤᠬᠠᠨ 《ᠰᠡᠭᠦᠯ ᠳᠠᠷᠤᠬᠤ ᠡᠴᠡ ᠪᠠᠨ
ᠵᠢᠷᠦᠬᠡᠰᠢᠶᠡᠭᠡᠳ》 ᠲᠠᠮᠢᠷᠤᠨ ᠤᠷᠤᠯᠳᠤᠭᠠᠨᠳᠦ ᠤᠷᠤᠯᠴᠠᠬᠤ ᠳᠤᠷ᠎ᠠ
ᠦᠭᠡᠢ ᠪᠠᠢᠪᠠ᠃ ᠭᠡᠪᠡᠴᠦ ᠰᠡᠴᠡᠩᠭᠤᠸ᠎ᠠ ᠪᠠᠭᠰᠢᠶᠢᠨ ᠵᠤᠷᠢᠭᠵᠢᠭᠤᠯᠤᠯᠢᠶᠡᠷ ᠡᠴᠦᠰ ᠲᠸ᠋ ᠪᠠᠨ 200 ᠮᠸᠲᠷᠤᠨ
ᠭᠦᠶᠦᠬᠦ ᠤᠷᠤᠯᠳᠤᠭᠠᠨ ᠳ᠋ᠤ ᠤᠷᠤᠯᠴᠠᠵᠠᠢ᠃ ᠰᠢᠢᠳᠪᠦᠷᠢᠳᠦ ᠤᠷᠤᠯᠳᠤᠭᠠᠨᠳᠦ ᠳᠠᠪᠰᠢᠵᠤ ᠴᠢᠳᠠᠭᠰᠠᠨ ᠦᠭᠡᠢ ᠲᠡᠷᠡ
ᠮᠠᠨᠢ ᠨᠢᠯᠪᠤᠰᠤ ᠪᠦᠮᠪᠦᠷᠢᠭᠦᠯᠵᠦ ᠪᠠᠢᠯ᠎ᠠ᠃
— ᠮᠢᠨᠤ ᠬᠡᠦᠬᠡᠨ 200 ᠮᠸᠲᠷᠢ
ᠭᠦᠶᠦᠵᠦ ᠳᠠᠭᠤᠰᠬᠠᠭᠰᠠᠨ ᠴᠢᠨᠢ ᠲᠠᠷᠤᠢ ᠢᠯᠠᠯᠳᠠ ᠮᠦᠨ᠃ ᠴᠢ ᠤᠷᠤᠯᠳᠤᠭᠠᠨᠳᠦ ᠤᠷᠤᠯᠴᠠᠭᠰᠠᠨ ᠡᠴᠡ ᠠᠩᠬᠢᠶᠢᠨ
ᠶᠡᠷᠦᠩᠬᠡᠢ ᠬᠤᠪᠢᠳᠦ 1 ᠬᠤᠪᠢ ᠨᠡᠮᠡᠭᠳᠡᠭᠰᠡᠨ ᠰᠢᠦ ᠭᠡᠵᠦ ᠰᠡᠴᠡᠩᠭᠤᠸ᠎ᠠ ᠪᠠᠬᠰᠢ ᠭᠡᠯᠡᠬᠦ ᠳ᠋ᠤ ᠬᠦᠬᠡᠷᠦᠭᠦᠨ
ᠨᠠᠮᠤᠭᠤᠬᠠᠨᠤ ᠴᠢᠷᠠᠢ ᠳ᠋ᠤ ᠴᠸ᠋ ᠠᠩᠭᠢ ᠨᠢᠭᠡᠴᠢ ᠳ᠋ᠤ ᠪᠠᠨ ᠬᠤᠪᠢ ᠨᠡᠮᠡᠷᠢᠯᠡᠭᠰᠡᠨ ᠪᠠᠶᠠᠷ ᠪᠠᠶᠠᠰᠤᠯ ᠲᠤᠳᠤᠷᠠᠵᠤ
ᠪᠢᠯᠡ᠃