
5 ᠰᠠᠷᠠᠶᠢᠨ 31ᠤ᠋ ᠦᠷᠯᠦᠭᠡ᠃ ᠬᠠᠭᠤᠴᠢᠨ ᠪᠠᠷᠭᠤ ᠬᠤᠰᠢᠭᠤᠨᠤ ᠪᠠᠷᠠᠭᠤᠨ
ᠦᠵᠦᠬᠦᠷ ᠰᠤᠮᠤ ᠨᠤᠲᠤᠬ ᠲᠠᠢ ᠭᠸᠨ ᠰᠢᠶᠤᠤ ᠮᠠᠰᠢᠨ ᠪᠠᠷᠢᠵᠤ ᠬᠦᠳᠡᠭᠡᠶᠢᠨ ᠵᠠᠮᠢᠶᠡᠷ ᠲᠤᠭᠤᠰᠤ ᠲᠠᠳᠠᠭᠤᠯᠤᠨ
ᠳᠠᠪᠬᠢᠭᠤᠯᠤᠨ᠎ᠠ᠃ ᠵᠢᠯ ᠪᠦᠷᠢᠶᠢᠨ ᠬᠡᠤᠬᠡᠳᠤᠨ ᠪᠠᠶᠠᠷᠤᠨ ᠡᠳᠦᠷ ᠤᠢᠷᠠᠳᠬᠤ ᠪᠡᠷ ᠬᠤᠲᠠ ᠤᠷᠤᠵᠦ ᠬᠦᠦ ᠪᠡᠨ
ᠡᠷᠬᠢᠬᠦ ᠨᠢ ᠲᠡᠬᠦᠨᠤ ᠳᠦᠷᠪᠡᠨ ᠵᠢᠯᠢᠶᠡᠷ ᠪᠠᠷᠢᠮᠳᠠᠯᠠᠵᠤ ᠢᠷᠡᠭᠰᠡᠨ ᠵᠤᠷᠰᠢᠯ ᠪᠤᠯᠴᠢᠬᠠᠵᠠᠢ᠃ ᠬᠦᠦ ᠵᠢᠶᠦ᠋ᠨ
ᠷᠦᠢ ᠨᠢ ᠤᠳᠤ ᠬᠠᠢᠯᠠᠷ ᠲᠤᠭᠤᠷᠢᠭᠤᠨ ᠬᠦᠯᠦᠨ ᠪᠠᠭ᠎ᠠ ᠰᠤᠷᠭᠠᠭᠤᠯᠢᠶᠢᠨ ᠳᠦᠷᠪᠡᠳᠦᠭᠡᠷ ᠤᠨᠳᠤ ᠰᠤᠷᠤᠯᠴᠠᠵᠤ
ᠪᠤᠢ᠃
— ᠡᠵᠢ
ᠡ᠂ ᠤᠷᠤᠯᠳᠤᠭᠠᠨᠳᠤ ᠲᠦᠷᠦᠬᠦᠯᠡᠪᠡᠯ ᠳᠡᠯᠭᠡᠬᠦᠷᠢᠶᠡᠷ ᠲᠤᠭᠤᠷᠢᠶᠠ᠃
— ᠪᠤᠯᠤᠨ᠎ᠠ᠂
ᠬᠦᠦ ᠮᠢᠨᠢ᠂ ᠴᠢᠨᠤ ᠳᠤᠷᠠᠳᠠᠢ ᠫᠤᠤᠶᠢ ᠴᠢᠨᠢ ᠠᠪᠴᠤ ᠦᠭᠬᠦᠶ᠎ᠡ᠃
ᠡᠬᠡ ᠬᠦᠦ ᠠᠭᠤᠯᠵᠠᠵᠤ᠂ ᠬᠦᠷ ᠪᠢᠯᠬᠠᠬᠰᠠᠨ ᠬᠡᠤᠬᠡᠳᠤᠨ ᠪᠠᠶᠠᠷ ᠲᠸ᠋ ᠬᠦᠭ ᠨᠡᠮᠡᠨ᠎ᠡ᠃
ᠭᠤᠴᠢᠨ ᠵᠢᠯᠤᠨ ᠡᠮᠦᠨ᠎ᠡ ᠲᠡᠭᠦᠤᠳᠠᠭᠤᠯᠠ ᠲᠠᠪᠤᠳᠤᠭᠠᠷ ᠤᠨᠤ ᠰᠤᠷᠤᠭᠴᠢ ᠪᠠᠢᠬᠰᠠᠨ ᠪᠦᠭᠡᠳ ᠮᠦᠨ ᠴᠸ᠋ ᠬᠦᠤ ᠲᠠᠢ ᠪᠠᠨ ᠠᠳᠠᠯᠢᠬᠠᠨ ᠬᠦᠬᠡᠷᠦᠬᠦᠨ ᠬᠦᠰᠡᠯ ᠲᠡᠢ ᠪᠠᠢᠬᠰᠠᠨ
ᠶᠤᠮ ᠁
—
ᠠᠪᠤ ᠡ᠂ ᠪᠢ ᠡᠨᠡ ᠤᠳᠠᠭ᠎ᠠ 《ᠭᠤᠷᠪᠠᠨ
ᠰᠠᠢᠲᠠᠢ ᠰᠤᠷᠤᠬᠴᠢ》 ᠪᠡᠷ ᠰᠤᠩᠭᠤᠬᠳᠠᠪᠠᠯ ᠵᠢᠷᠭᠤᠭᠠᠨ ᠰᠠᠷᠠᠶᠢᠨ
ᠨᠢᠭᠡᠨ ᠳ᠋ᠤ ᠬᠤᠳᠠ ᠤᠷᠤᠵᠤ ᠪᠤᠯᠤᠨᠠᠤᠤ ?
—
ᠪᠤᠯᠤᠨ᠎ᠠ ᠭᠡᠵᠦ ᠠᠪᠤ ᠨᠢ ᠵᠦᠪᠰᠢᠶᠡᠷᠡᠪᠡ᠃
ᠲᠡᠷᠡ ᠰᠦᠨᠢ ᠨᠢ ᠳᠡᠬᠦᠦᠳᠠᠭᠤᠯᠠ 《ᠬᠤᠲᠠ ᠤᠷᠤᠪᠠᠯ ᠁》 ᠭᠡᠵᠤ ᠪᠤᠳᠤᠬᠰᠠᠨᠳᠤ ᠪᠠᠨ ᠨᠤᠢᠷ ᠬᠤᠯᠵᠢᠴᠢᠬᠠᠯᠠ᠃ ᠮᠠᠷᠭᠠᠰᠢ ᠨᠢ 《ᠳᠡᠬᠦᠦᠳᠠᠭᠤᠯᠠᠶᠢ
ᠬᠠᠷᠠᠬᠰᠠᠨᠤᠤ ?》 ᠭᠡᠵᠤ ᠠᠡᠭᠭᠢ ᠵᠢᠨ ᠡᠷᠬᠢᠯᠡᠭᠴᠢ ᠨᠢ ᠤᠯᠠᠨ ᠰᠤᠷᠤᠬᠴᠢ
ᠡᠴᠡ ᠠᠰᠠᠭᠤᠵᠤ ᠶᠠᠪᠤᠨ᠎ᠠ᠃ 《ᠡᠨᠳᠡ ᠪᠠᠢᠨ᠎ᠠ》ᠭᠡᠵᠤ ᠲᠡᠭᠦᠦᠳᠠᠭᠤᠯᠠ ᠭᠠᠷ ᠡᠷᠬᠦᠨ ᠬᠦᠷᠬᠦᠳᠤ᠂ 《ᠵᠠ᠂ ᠴᠢ ᠦᠨᠦ ᠵᠢᠯ ᠰᠤᠷᠭᠠᠭᠤᠯᠢᠶᠢᠨ 〈ᠭᠤᠷᠪᠠᠨ
ᠰᠠᠢᠲᠠᠢ ᠰᠤᠷᠤᠬᠴᠢ〉 ᠪᠡᠷ ᠰᠤᠨᠭᠭᠤᠬᠳᠠᠭᠰᠠᠨ ᠰᠢᠦ᠃ ᠪᠠᠶᠠᠷ ᠬᠦᠷᠭᠡᠶ᠎ᠡ》
ᠭᠡᠵᠤ ᠬᠡᠯᠡᠵᠦ ᠦᠭᠪᠡ᠃
ᠬᠡᠳᠦᠨ ᠵᠢᠯᠢᠶᠡᠷ ᠬᠦᠰᠡᠭᠡᠳ ᠢᠷᠡᠭᠰᠡᠨ 《ᠭᠤᠷᠪᠠᠨ ᠰᠠᠢᠲᠠᠢ ᠰᠤᠷᠤᠬᠴᠢ》 ᠪᠤᠯᠬᠤ ᠬᠦᠰᠡᠯ
ᠨᠢ ᠪᠡᠶᠡᠯᠡᠭᠳᠡᠯ᠎ᠡ᠃ ᠲᠡᠭᠦᠦᠳᠠᠭᠤᠯᠠᠶᠢᠨ ᠪᠠᠶᠠᠷᠯᠠᠬᠰᠠᠨ ᠭᠡᠵᠢ᠃ ᠶᠠᠷᠢᠶᠠᠨ ᠦᠭᠡᠢ᠂ 《ᠬᠤᠲᠠ ᠤᠷᠤᠬᠤ》 ᠬᠦᠰᠡᠯ ᠨᠢ ᠴᠸ᠋ ᠪᠡᠶᠡᠯᠡᠭᠳᠡᠵᠦ᠂
ᠠᠪᠤ ᠲᠠᠢ ᠪᠠᠨ ᠬᠠᠮᠳᠤ ᠦᠳᠡᠰᠢ ᠪᠦᠷᠦᠢ ᠪᠡᠷ ᠬᠤᠳᠠ ᠤᠷᠤᠵᠠᠢ᠃ ᠦᠩᠭᠡᠳᠦ ᠳ᠋ᠸᠩ ᠰᠤᠯᠤᠩᠭᠠᠷᠠᠨ᠂ ᠮᠠᠢᠮᠠᠢ ᠱᠤᠤᠮᠠᠢ
ᠦᠢᠮᠡᠭᠰᠡᠨ ᠬᠤᠳᠠᠶᠢᠨ ᠰᠦᠨᠢ ᠲᠡᠭᠦᠨ ᠳ᠋ᠤ ᠰᠢᠨ᠎ᠡ ᠶᠢᠷᠳᠢᠨᠴᠦ ᠭᠡᠮᠡᠷ ᠰᠠᠢᠬᠠᠨ ᠰᠠᠨᠠᠬᠳᠠᠪᠠ᠃
ᠵᠢᠷᠭᠤᠭᠠᠨ ᠰᠠᠷᠠᠶᠢᠨ ᠨᠢᠭᠡᠨ ᠭᠡᠭᠴᠢ ᠨᠡᠭᠡᠷᠡᠨ
ᠬᠡᠤᠬᠡᠳᠤᠨ ᠬᠦᠰᠡᠯ ᠪᠡᠶᠡᠯᠡᠬᠦ ᠰᠠᠢᠬᠠᠨ ᠮᠦᠴᠡ ᠠᠵᠠᠢ᠃