—
ᠬᠦᠨᠳᠤᠳᠤ
ᠪᠠᠭᠰᠢ ᠬᠠᠢᠷᠠᠲᠤ ᠨᠦᠬᠦᠳ ᠮᠢᠨᠢ ᠲᠠ ᠨᠠᠷ ᠰᠠᠢᠨ ᠪᠠᠢᠨ᠎ᠠ ᠤᠤ ⁈ ᠦᠨᠦᠳᠦᠷ
ᠪᠢᠳᠠ ᠲᠤᠮᠳᠠᠳᠤ ᠤᠯᠤᠰᠤᠨ ᠪᠠᠭᠠᠴᠤᠳᠤᠨ ᠬᠤᠰᠢᠭᠤᠴᠢ ᠠᠩᠬᠢ ᠵᠢᠨ ᠬᠡᠰᠢᠬᠦᠨ ᠪᠤᠯᠤᠯ᠎ᠠ᠃ ᠬᠦᠰᠡᠭᠡᠳ ᠤᠳᠠᠭᠰᠠᠨ
ᠤᠯᠠᠭᠠᠨ ᠪᠦᠴᠠ ᠪᠠᠨ ᠵᠡᠬᠦᠭᠰᠡᠨ ᠡᠴᠡ ᠡᠬᠢᠯᠡᠭᠡᠳ ᠪᠢᠳᠠ ᠰᠠᠬᠢᠯᠭ᠎ᠠ ᠪᠠᠳᠤ ᠵᠢ ᠤᠯᠠᠮ ᠴᠢᠩᠭ᠎ᠠ ᠰᠠᠬᠢᠨ᠂ ᠰᠠᠢᠳᠤᠷ
ᠰᠤᠷᠤᠯᠴᠠᠨ ᠢᠷᠡᠭᠡᠳᠦᠢᠳᠤ ᠤᠯᠤᠰ ᠦᠨᠳᠦᠰᠦᠲᠠᠨᠳᠤ ᠪᠠᠨ ᠬᠡᠷᠡᠭᠴᠡᠭᠡ ᠲᠠᠢ ᠬᠦᠮᠦᠨ ᠪᠤᠯᠬᠤ ᠪᠡᠷ ᠴᠢᠷᠮᠠᠢᠨ᠎ᠠ᠃

ᠲᠠᠢᠰᠠᠨ ᠲᠡᠭᠡᠷᠡᠬᠢ ᠵᠠᠰᠠᠭ ᠬᠦᠦ ᠵᠢᠨ ᠤᠷᠮ᠎ᠠ ᠵᠤᠷᠢᠭ ᠪᠠᠳᠠᠷᠠᠬᠰᠠᠨ ᠶᠠᠷᠢᠶ᠎ᠠ
ᠤᠯᠠᠨ ᠪᠦᠬᠦᠳᠠ ᠵᠢ ᠲᠤᠭᠳᠤᠯᠤᠭᠤᠯᠤᠨᠠ᠃ 《6·1》 ᠤ᠋ ᠲᠡᠯᠡᠭᠡᠢ ᠵᠢᠨ ᠬᠡᠦᠬᠡᠳᠤᠨ ᠪᠠᠶᠠᠷᠤᠨ
ᠡᠳᠦᠷ ᠬᠦᠷᠴᠦ ᠢᠷᠡᠬᠦ ᠲᠠᠰᠢᠷᠠᠮ ᠵᠢᠡᠷ᠂ ᠤᠷᠳᠤᠰ ᠬᠤᠲᠠ ᠵᠢᠨ ᠮᠤᠩᠭᠤᠯ ᠦᠨᠳᠦᠰᠦᠲᠠᠨᠤ ᠰᠤᠷᠭᠠᠭᠤᠯᠢ ᠵᠢᠨ ᠬᠢᠨ ᠪᠠᠭᠠᠴᠤᠳᠤᠨ ᠬᠤᠰᠢᠭᠤᠴᠢ ᠠᠩᠬᠢᠶᠢᠨ
ᠭᠡᠰᠢᠭᠦᠨ ᠡᠯᠰᠡᠬᠦ ᠶᠤᠰᠤᠯᠠᠯ ᠶᠠᠪᠤᠭᠤᠯᠪᠠ᠃ 1.3 ᠠᠩᠬᠢ ᠵᠢᠨ ᠵᠢᠡᠨ ᠲᠤᠮᠳᠠ ᠠᠩᠬᠢ ᠵᠢᠨ ᠲᠠᠷᠤᠭ᠎ᠠ ᠪᠤᠯᠤᠭᠰᠠᠨ
ᠵᠠᠰᠠᠭ ᠨᠢᠭᠡᠳᠦᠭᠡᠷ ᠤᠨᠤ ᠪᠦᠬᠦ ᠨᠦᠬᠦᠳ ᠵᠢᠡᠨ ᠲᠦᠯᠦᠭᠡᠯᠡᠵᠦ ᠶᠠᠷᠢᠶ᠎ᠠ ᠲᠠᠯᠪᠢᠭᠰᠠᠨ ᠨᠢ ᠡᠨᠡ ᠪᠢᠯᠡ᠃
ᠡᠨᠡ ᠪᠤᠯ ᠵᠠᠰᠠᠭ ᠬᠦᠦ
ᠵᠢᠨ ᠪᠠᠭ᠎ᠠ ᠰᠤᠷᠭᠠᠭᠤᠯᠢᠳᠤ ᠤᠷᠤᠭᠰᠠᠨ ᠠᠩᠬᠠᠨᠤ ᠬᠡᠦᠬᠡᠳᠤᠨ ᠪᠠᠶᠠᠷ᠃ ᠡᠨᠡ ᠡᠳᠦᠷᠢ ᠲᠡᠷᠡ ᠬᠦᠰᠡᠵᠦ ᠬᠦᠯᠢᠶᠡᠭᠡᠳ
ᠤᠳᠠᠭᠰᠠᠨ ᠶᠤᠮ᠃
— ᠡᠨᠡ
ᠵᠢᠯᠤᠨ 《6·1》 ᠨᠠᠮᠠᠳᠤ ᠬᠠᠮᠤᠭ ᠡᠴᠡ ᠮᠠᠷᠳᠠᠭᠳᠠᠰᠢ ᠦᠭᠡᠢ ᠰᠠᠢᠬᠠᠨ ᠰᠠᠨᠠᠭᠳᠠᠭᠰᠠᠨ᠃ ᠤᠴᠢᠷ ᠨᠢ
ᠦᠨᠦᠳᠦᠷ ᠡᠴᠡ ᠡᠬᠢᠯᠡᠭᠡᠳ ᠪᠢ ᠲᠤᠮᠳᠠᠳᠤ ᠤᠯᠤᠰᠤᠨ ᠪᠠᠭᠠᠴᠤᠳᠤᠨ ᠬᠤᠰᠢᠭᠤᠴᠢ ᠠᠩᠬᠢ ᠵᠢᠨ ᠬᠡᠰᠢᠬᠦᠨ ᠪᠤᠯᠵᠤ᠂
ᠤᠯᠠᠭᠠᠨ ᠪᠦᠴᠠ ᠵᠡᠬᠦᠯᠡ᠃ ᠰᠡᠬᠦᠯᠠᠷ ᠪᠢ ᠤᠯᠠᠭᠠᠨ ᠪᠦᠴᠠ ᠪᠠᠨ ᠬᠠᠢᠷᠠᠯᠠᠨ᠂ ᠤᠬᠠᠭᠠᠨ ᠲᠤᠮᠤᠭ᠎ᠠ ᠲᠠᠢ ᠬᠡᠦᠬᠡᠳ
ᠪᠤᠯᠬᠤ ᠪᠡᠷ ᠴᠢᠷᠮᠠᠢᠨ᠎ᠠ ᠬᠡᠳ ᠵᠠᠰᠠᠭ ᠤᠮᠤᠭ ᠲᠡᠬᠦᠯᠳᠡᠷ ᠶᠠᠷᠢᠨ᠎ᠠ᠃
ᠤᠯᠠᠭᠠᠨ ᠪᠦᠴᠠ ᠪᠠᠨ ᠡᠩᠭᠡᠷ ᠲᠸ᠋ ᠪᠠᠨ ᠨᠠᠮᠢᠷᠠᠭᠤᠯᠤᠭᠰᠠᠨ ᠵᠠᠰᠠᠭ ᠬᠦᠦ ᠰᠤᠷᠭᠠᠭᠤᠯᠢ
ᠵᠢᠨ ᠵᠢᠡᠨ 《6·1》 ᠤ᠋ ᠬᠡᠤᠬᠡᠳᠤᠨ ᠪᠠᠶᠠᠷᠢ ᠪᠡᠯᠭᠡᠯᠡᠬᠦ ᠬᠦᠨᠳᠤ ᠬᠦᠩᠭᠡᠨ ᠪᠠᠶᠠᠶᠢᠨ ᠲᠠᠮᠢᠷᠤᠨ ᠤᠷᠤᠯᠳᠤᠭᠠᠨ᠂
ᠤᠷᠠᠨ ᠰᠠᠢᠬᠠᠨᠤ ᠲᠤᠭᠯᠠᠯᠲᠠᠳᠤ ᠢᠳᠡᠪᠬᠢᠲᠠᠢ ᠤᠷᠤᠯᠴᠠᠨ᠂ ᠪᠠᠭᠠᠴᠤᠳᠤᠨ ᠬᠤᠰᠢᠭᠤᠴᠢ ᠠᠩᠬᠢ ᠵᠢᠨ ᠬᠡᠰᠢᠬᠦᠨᠤ
ᠴᠤᠭ ᠵᠢᠪᠬᠤᠭ᠎ᠠ ᠪᠠᠨ ᠪᠠᠳᠠᠷᠠᠭᠤᠯᠤᠨ᠎ᠠ᠃