
1937 ᠣᠨ᠎ᠤ 12 ᠰᠠᠷ᠎ᠠ᠎ᠶ᠋ᠢᠨ 18᠎ᠤ᠋ ᠡᠳᠦᠷ᠃ ᠵᠧᠦ ᠡᠸᠨ ᠯᠠᠢ᠎ᠶ᠋ᠢᠨ ᠬᠦᠷᠴᠦ᠍
ᠢᠷᠡᠭ᠌ᠰᠡᠨ ᠰᠣᠨᠢᠨ ᠮᠡᠳᠡᠭᠡ ᠦᠬᠠᠨ᠎ᠢ ᠳᠣᠩᠰᠣᠯᠭᠠᠵᠤ᠂ ᠲᠤᠬᠠᠢ ᠵᠢᠨ ᠡᠳᠦᠷ᠎ᠤᠨ ᠰᠣᠨᠢᠨ ᠨᠢᠭᠡ ᠯᠡ ᠳᠣᠣᠷ᠎ᠠ
ᠪᠣᠷᠣᠯᠠᠭᠤᠯᠭ᠎ᠠ ᠰᠠᠢᠲᠠᠢ ᠪᠤᠯᠤᠭᠰᠠᠨ ᠡᠴᠡ ᠰᠤᠨᠢᠨ ᠬᠤᠳᠠᠯᠳᠤᠭᠴᠢ ᠬᠡᠦᠬᠡᠳ ᠶᠡᠬᠡ ᠶᠠᠭᠠᠷᠠᠯᠲᠠᠢ ᠪᠤᠯᠵᠠᠢ᠃
ᠬᠡᠳᠠᠯ᠎ᠠ ᠡᠨᠡ ᠨᠢ ᠬᠠᠷᠢᠨ ᠨᠢᠭᠡ ᠪᠦᠯᠦᠭ ᠭᠤᠮᠢᠨᠳᠠᠩ᠎ᠤᠨ ᠲᠠᠷᠰᠯᠡᠬᠦᠴᠤᠳᠤᠨ ᠰᠠᠨᠠᠭᠠᠨ᠎ᠳᠤ ᠬᠦᠷᠦᠭᠰᠡᠨ ᠦᠭᠡᠢ
ᠶᠠᠪᠤᠳᠠᠯ ᠪᠤᠯᠬᠤᠷ ᠲᠡᠳᠠ ᠠᠭᠤᠷ ᠵᠢᠡᠨ ᠬᠡᠦᠭᠡᠳ᠎ᠤᠨ ᠪᠠᠶ᠎ᠠ ᠲᠡᠭᠡᠷ᠎ᠠ ᠭᠠᠷᠭᠠᠪᠠ᠃ ᠵᠡᠭᠡᠯᠢ ᠳᠡᠭᠡᠷ᠎ᠡ ᠨᠢᠭᠡ
ᠮᠠᠱᠢᠨ ᠲᠡᠷᠭᠡ ᠨᠢᠭᠡᠨ ᠰᠣᠨᠢᠨ ᠬᠤᠳᠠᠯᠳᠤᠭᠴᠢ ᠬᠡᠦᠬᠡᠳ᠎ᠢ ᠲᠠᠭᠠᠷᠢᠨ ᠤᠨᠠᠭᠠᠭᠰᠠᠨ ᠡᠴᠡ ᠬᠡᠤᠭᠡᠳ᠎ᠤᠨ ᠲᠡᠪᠠᠷᠢᠵᠦ
ᠪᠠᠢᠭᠰᠠᠨ ᠰᠣᠨᠢᠨ ᠨᠢ ᠭᠠᠵᠠᠷ ᠳᠦᠬᠦᠷᠡᠩ ᠪᠤᠳᠠᠷᠠᠨ ᠤᠨᠠᠪᠠ᠃ ᠲᠡᠷᠭᠡᠨ ᠳᠡᠭᠡᠷ᠎ᠡ ᠡᠴᠡ ᠨᠢᠭᠡ ᠭᠣᠮᠢᠨᠳᠠᠩ᠎ᠤᠨ
ᠴᠡᠷᠢᠭᠦᠰᠦᠷᠦᠨ ᠪᠠᠭᠤᠵᠤ᠂ ᠠᠳᠬᠤᠵᠦ ᠪᠠᠢᠭᠰᠠᠨ ᠲᠠᠰᠢᠭᠤᠷ ᠵᠢᠡᠷ ᠵᠢᠡᠨ ᠰᠠᠶᠢ ᠵᠢᠨ ᠲᠠᠭᠠᠷᠢᠬᠳᠠᠨ ᠤᠨᠠᠬᠰᠠᠨ
ᠰᠣᠨᠢᠨ ᠬᠤᠳᠠᠯᠳᠤᠭᠴᠢ ᠬᠡᠦᠬᠡᠳ᠎ᠢ ᠬᠦᠴᠦᠲᠡᠢ ᠭᠤᠶᠠᠳᠠᠵᠤ ᠭᠠᠷᠪᠠ᠃
《ᠬᠡᠦᠬᠡᠳ᠎ᠢ ᠲᠠᠷᠤᠯᠠᠵᠦ ᠪᠣᠯᠬᠤ ᠦᠭᠡᠢ!》 《ᠴᠢᠳᠠᠯ᠎ᠲᠠᠶ ᠪᠣᠯ ᠶᠠᠫᠣᠨ ᠵᠣᠯᠢᠭᠢ ᠴᠣᠬᠢᠬᠤ᠎ᠪᠠᠷ
ᠶᠠᠪᠤ!》ᠤᠯᠠᠨ ᠲᠦᠮᠡᠨ ᠬᠡᠴᠢᠨᠠᠨ
ᠬᠤᠷᠢᠭᠯᠠᠭᠰᠠᠨᠴᠤ ᠭᠤᠮᠢᠨᠳᠠᠩ᠎ᠤᠨ ᠴᠡᠷᠢᠭ ᠮᠦᠨᠬᠦ ᠣᠢᠱᠢᠶᠠᠬᠤ ᠦᠭᠡᠢ ᠪᠠᠢᠵᠤ ᠦᠨᠦ ᠬᠡᠦᠬᠡᠳ᠎ᠢ ᠦᠷᠬᠦᠯᠵᠢᠯᠡᠨ
ᠭᠤᠶᠠᠳᠠᠨᠠ᠃ ᠶᠠᠭ ᠡᠨᠡ ᠦᠶ᠎ᠠ᠎ᠳᠤ ᠨᠢᠭᠡ ᠬᠦᠮᠦᠨ ᠦᠨᠳᠦᠷ ᠲᠠᠭᠤᠨ ᠵᠢᠡᠷ᠄ 《ᠬᠡᠦᠬᠡᠳ᠎ᠢ ᠴᠣᠬᠢᠵᠤ ᠪᠣᠯᠬᠤ ᠦᠭᠡᠢ!》
ᠬᠡᠵᠦ ᠬᠠᠰᠬᠢᠷᠬᠤ᠎ᠳᠤ ᠦᠨᠦ ᠴᠡᠷᠢᠭ ᠭᠠᠢᠬᠠᠭᠰᠠᠨ ᠵᠢᠡᠨ᠄ 《ᠴᠢ ᠬᠡᠨ ᠪᠤᠢ ? ᠶᠠᠭᠤᠨ ᠳ᠋ᠤ ᠬᠡᠷᠡᠭ ᠦᠭᠡᠢ ᠤᠴᠢᠷ᠎ᠢ
ᠬᠠᠮᠢᠶᠠᠷᠴᠤ ᠪᠠᠢᠬᠤ ᠪᠤᠢ ?》 ᠬᠡᠬᠦ᠎ᠳᠤ᠄ 《ᠪᠢ ᠪᠣᠯ ᠵᠧᠦ ᠡᠸᠨ ᠯᠠᠢ !》 ᠬᠡᠵᠦ ᠰᠠᠶᠢᠬᠠᠨ ᠢᠷᠡᠭᠰᠡᠨ ᠬᠦᠮᠦᠨ ᠬᠡᠯᠡᠪᠡ᠃ ᠡᠭᠦᠨ᠎ᠢ ᠰᠣᠨᠣᠰᠤᠭᠰᠠᠨ ᠭᠤᠮᠢᠳᠠᠩᠤᠨ
ᠴᠡᠷᠢᠭ᠄ 《ᠠᠭᠤᠴᠢᠯᠠᠭᠠᠷᠠᠶ᠂ ᠥᠴᠦᠬᠡᠨ ᠪᠢ ᠲᠠᠠ᠎ᠢ ᠬᠡᠵᠦ ᠲᠠᠨᠢᠬᠰᠠᠨ
ᠦᠭᠡᠢ》 ᠭᠡᠪᠡ᠃ ᠵᠧᠦ ᠡᠸᠨ ᠯᠠᠶ᠄ 《ᠴᠢ ᠤᠳᠤ ᠪᠡᠷ ᠵᠢᠡᠨ ᠡᠨᠡ ᠬᠡᠦᠬᠡᠳ᠎ᠲᠦ ᠪᠤᠷᠤᠭᠤ ᠬᠦᠯᠢᠶᠡᠵᠦ᠍᠂ ᠲᠡᠬᠦᠨ᠎ᠤ ᠬᠣᠬᠢᠷᠠᠯ᠎ᠢ
ᠨᠢ ᠳᠥᠯᠥᠵᠦ᠍ ᠦᠭ!》 ᠬᠡᠵᠦ
ᠡᠷᠡᠰ ᠰᠢᠭᠤᠷᠬᠠᠢ ᠬᠡᠯᠡᠭᠰᠡᠨ᠎ᠳᠤ ᠭᠤᠮᠢᠨᠳᠠᠩ᠎ᠤᠨ ᠴᠡᠷᠢᠭ᠄ 《ᠵᠠ᠂
ᠵᠠ᠂ ᠮᠡᠳᠡᠭᠰᠡᠨ ᠮᠡᠳᠡᠭᠰᠡᠨ !》 ᠬᠡᠯ᠎ᠠ᠃
(ᠲᠤᠮᠳᠠᠳᠤ ᠤᠯᠤᠰ᠎ᠤᠨ ᠡᠪ ᠬᠠᠮᠳᠤ ᠨᠠᠮ᠎ᠤᠨ ᠰᠤᠨᠢᠨ ᠮᠡᠳᠡᠭᠡᠨ᠎ᠤ ᠰᠦᠯᠵᠢᠶ᠎ᠠ ᠡᠴᠡ ᠨᠠᠢᠷᠠᠭᠤᠯᠤᠨ ᠠᠪᠤᠪᠠ )
2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6635435
ᠢᠮᠧᠯ᠄tn@mgyxw.net 蒙ICP备10000005号