ᠭᠤᠷᠪᠠᠨ ᠠᠯᠲᠠᠨ ᠬᠡᠤᠬᠡᠯᠳᠡᠢ
2022-06-30 17:56:30
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠤᠯᠤᠰ᠎ᠤᠨ ᠬᠠᠭᠠᠨ ᠠᠪ ᠠᠳᠠᠯᠢᠬᠠᠨ ᠭᠤᠷᠪᠠᠨ ᠠᠯᠲᠠᠨ ᠬᠡᠤᠬᠡᠯᠳᠡᠢ᠎ᠶᠢᠨ ᠪᠡᠯᠡᠭ ᠲᠤᠰᠴᠠᠢ᠃ ᠪᠡᠯᠡᠭ᠎ᠢ ᠬᠦᠷᠭᠡᠵᠦ ᠢᠷᠡᠭᠰᠡᠨ ᠡᠯᠴᠢ ᠨᠢ ᠬᠠᠭᠠᠨ ᠡᠴᠡ ᠭᠤᠷᠪᠠᠨ ᠠᠯᠲᠠᠨ ᠬᠡᠤᠬᠡᠯᠳᠡᠢ᠎ᠶᠢᠨ ᠠᠯᠢ ᠨᠢ ᠬᠠᠮᠤᠭ᠎ᠠᠴᠠ ᠦᠨ᠎ᠡ ᠥᠷᠲᠡᠭ ᠲᠠᠢ ᠪᠤᠯᠬᠤ ᠵᠢ ᠠᠰᠠᠭᠤᠪᠠ᠃ ᠬᠠᠭᠠᠨ᠂ ᠠᠯᠳᠠ ᠮᠦᠩᠬᠦᠨ᠎ᠤ ᠳᠠᠷᠬᠠᠨ᠎ᠢᠶᠡᠷ ᠰᠢᠯᠭᠠᠭᠤᠯᠤᠭᠰᠠᠨ᠎ᠳᠤ ᠬᠦᠨᠳᠦ ᠨᠢ ᠪᠦᠷ ᠠᠳᠠᠯᠢᠬᠠᠨ ᠪᠠᠢᠵᠤ ᠡᠴᠦᠰ᠎ᠤᠨ ᠳ᠋ᠦᠩ ᠦᠭᠴᠦ ᠴᠢᠳᠠᠬᠰᠠᠨ ᠦᠭᠡᠢ᠃ ᠡᠵᠡᠳ ᠲᠦᠰᠢᠮᠡᠳ ᠠᠷᠭ᠎ᠠ ᠮᠤᠬᠤᠷᠳᠠᠵᠦ ᠪᠠᠢᠳᠠᠯ᠎ᠠ ᠬᠦᠭᠰᠢᠨ ᠲᠦᠰᠢᠮᠡᠯ ᠬᠠᠭᠠᠨᠲᠠᠨ᠎ᠳᠤ ᠰᠢᠯᠭᠠᠵᠤ ᠥᠭᠬᠦ ᠪᠠᠷ ᠪᠤᠯᠪᠠ᠃

ᠬᠦᠭᠰᠢᠨ ᠲᠦᠰᠢᠮᠡᠯ ᠭᠤᠷᠪᠠᠨ ᠱᠢᠷᠬᠡᠭ ᠲᠤᠲᠤᠷᠭᠠᠨ ᠰᠦᠷᠡᠯ ᠠᠪᠴᠢᠷᠠᠪᠠ᠃ ᠨᠢᠭᠡᠳᠦᠭᠡᠷ ᠠᠯᠲᠠᠨ ᠬᠡᠸ᠋ᠬᠡᠯᠳᠡᠶ᠎ᠶ᠋ᠢᠨ ᠴᠢᠬᠢᠨ᠎ᠳᠦ ᠬᠠᠳᠭᠤᠵᠤ ᠣᠷᠣᠭᠤᠯᠤᠭ᠍ᠰᠠᠨ᠎ᠳᠤ ᠰᠦᠷᠡᠯ ᠨᠢ ᠨᠥᠬᠥᠭᠡ ᠴᠢᠬᠢ ᠪᠠᠷ ᠨᠢ ᠭᠠᠷᠴᠠᠢ᠃ ᠬᠣᠶᠠᠳᠤᠭᠠᠷ ᠠᠯᠲᠠᠨ ᠬᠡᠤᠬᠡᠯᠳᠡᠢ᠎ᠶᠢᠨ ᠠᠮᠠᠨ᠎ᠳᠤ ᠬᠠᠤᠬᠤᠭᠰᠠᠨ ᠳ᠋ᠤ ᠰᠦᠷᠡᠯ ᠨᠢ ᠱᠢᠭᠤᠳ ᠤᠨᠠᠵᠤ ᠢᠷᠡᠪᠡ᠃ ᠭᠤᠷᠪᠠᠳᠤᠭᠠᠷ ᠠᠯᠲᠠᠨ ᠬᠡᠤᠬᠡᠯᠳᠡᠢ᠎ᠶᠢᠨ ᠬᠡᠳᠡᠰᠦᠨ ᠲᠡᠭᠡᠷ᠎ᠡ ᠨᠢ ᠬᠠᠳᠭᠤᠭᠰᠠᠨ ᠳ᠋ᠤ ᠰᠢᠭᠤᠳ ᠤᠷᠤᠴᠢᠬᠠᠵᠡᠢ᠃ ᠲᠡᠭᠡᠭᠡᠳ ᠬᠦᠭᠰᠢᠨ ᠲᠦᠰᠢᠮᠡᠯ 《ᠭᠤᠷᠪᠠᠳᠤᠭᠠᠷ ᠠᠯᠲᠠᠨ ᠬᠡᠤᠬᠡᠯᠳᠡᠢ ᠬᠠᠮᠤᠭ᠎ᠤᠨ ᠦᠨ᠎ᠡ ᠥᠷᠲᠡᠭ᠎ᠲᠡᠶ》 ᠭᠡᠰᠡᠨ᠎ᠳᠤ ᠨᠦᠭᠦᠭᠡ ᠡᠯᠴᠢ ᠦᠭᠡ ᠳᠠᠭᠤᠨ ᠦᠭᠡᠢ ᠪᠤᠯᠪᠠ᠃


ᠮᠢᠨᠤ ᠰᠡᠷᠡᠯᠳᠡ ᠲᠠᠨᠢᠯᠳᠠ᠄ ᠬᠦᠮᠦᠨ᠎ᠳᠦ ᠬᠣᠶᠠᠷ ᠴᠢᠬᠢ ᠨᠢᠭᠡ ᠠᠮᠠ ᠵᠠᠶᠠᠭᠠᠭᠰᠠᠨ ᠨᠢ ᠢᠯᠡᠭᠦᠦ ᠰᠣᠨᠣᠰᠴᠤ᠌ ᠳᠤᠲᠠᠭᠤ ᠶᠠᠷᠢ ᠭᠡᠰᠡᠨ ᠶᠤᠮ᠃ ᠬᠦᠮᠦᠨ᠎ᠤ ᠶᠠᠷᠢᠬᠤ ᠵᠢ ᠰᠡᠳᠭᠢᠯ ᠲᠠᠯᠪᠢᠨ ᠰᠣᠨᠣᠰᠭᠤ ᠪᠤᠯ ᠬᠥᠮᠦᠨ᠎ᠦ ᠬᠠᠮᠤᠭ᠎ᠤᠨ ᠦᠨᠳᠦᠰᠦᠨ ᠬᠡᠪ ᠴᠢᠨᠠᠷ ᠪᠤᠯᠤᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号