ᠦᠯᠡᠮᠵᠢ᠎ᠶᠢᠨ ᠬᠦᠷᠳᠡᠭᠡᠯ — 《ᠨᠤᠮ᠎ᠤᠨ ᠰᠢᠳᠢ》 ᠰᠢᠷᠢᠰ ᠮᠡᠳᠡᠭᠡᠯᠡᠯ (ᠨᠢᠭᠡ)
2022-07-01 10:48:04
ᠵᠣᠬᠢᠶᠠᠭ᠍ᠴᠢ᠄
ᠴᠤᠯᠮᠤᠨ
ᠣᠩᠱᠢᠭ᠍ᠰᠠᠨ ᠣᠳᠠᠭ᠎ᠠ᠄
★★★☆☆

ᠨᠠᠢᠷᠠᠭᠤᠯᠤᠭᠴᠢ᠎ᠶᠢᠨ ᠦᠬᠡ᠄

ᠶᠡᠷᠦᠩᠬᠡᠢ ᠱᠦᠵᠢ ᠰᠢ ᠵᠢᠨ ᠫᠢᠩ ᠠᠩᠬᠠᠳᠤᠭᠠᠷ ᠬᠤᠭᠤᠴᠠᠭᠠᠨ᠎ᠤ ᠪᠦᠬᠦ᠌ ᠠᠷᠠᠳ᠎ᠤᠨ ᠤᠩᠱᠢᠯᠭ᠎ᠠ᠎ᠶ᠋ᠢᠨ ᠶᠡᠬᠡ ᠬᠤᠷᠠᠯ᠎ᠳᠤ ᠪᠠᠶᠠᠷ᠎ᠤᠨ ᠵᠠᠬᠢᠳᠠᠯ ᠢᠯᠡᠬᠡᠵᠦ᠂ ᠤᠩᠱᠢᠯᠭ᠎ᠠ ᠪᠣᠯ ᠬᠥᠮᠦᠨ ᠲᠥᠷᠥᠯᠬᠢᠲᠡᠨ᠎ᠦ ᠮᠡᠳᠡᠯᠭᠡ ᠰᠤᠷᠤᠯᠴᠠᠬᠤ᠂ ᠤᠶᠤᠨ᠎ᠢ ᠰᠡᠭᠡᠭᠡᠷᠡᠭᠦᠯᠦᠨ ᠤᠬᠠᠭᠠᠨ᠎ᠢ ᠨᠡᠮᠡᠭᠳᠡᠬᠦᠯᠬᠦ᠂ ᠶᠣᠰᠣ ᠰᠤᠷᠲᠠᠬᠤᠨ᠎ᠢ ᠬᠥᠮᠦᠵᠢᠭᠦᠯᠬᠦ᠌ ᠴᠢᠬᠤᠯᠠ ᠠᠷᠭ᠎ᠠ ᠵᠠᠮ ᠪᠣᠯᠤᠨ᠎ᠠ ᠭᠡᠵᠦ ᠵᠢᠭᠠᠵᠤ ᠭᠠᠷᠭᠠᠬᠰᠠᠨ ᠶᠤᠮ᠃ ᠪᠠᠰᠠ᠂ ᠬᠡᠦᠬᠡᠳ ᠪᠠᠭᠠᠴᠤᠳ ᠤᠩᠱᠢᠯᠭ᠎ᠠ᠎ᠶ᠋ᠢᠨ ᠳᠠᠳᠭᠠᠯ᠎ᠲᠠᠶ ᠪᠣᠯᠵᠤ᠂ ᠪᠠᠶᠠᠷ ᠬᠥᠷ᠎ᠲᠡᠶ᠎ᠪᠡᠷ ᠨᠣᠮ ᠤᠩᠱᠢᠵᠤ᠂ ᠡᠷᠡᠭᠦᠯ᠎ᠢᠶᠡᠷ ᠦᠰᠦᠨ ᠪᠣᠢᠵᠢᠬᠤ᠎ᠶ᠋ᠢ ᠬᠦᠰᠡᠪᠡ᠃

ᠬᠡᠤᠬᠡᠳ ᠪᠢᠳᠠ ᠶᠡᠷᠦᠩᠬᠡᠢ ᠱᠦᠵᠢ᠎ᠶᠢᠨ ᠵᠠᠬᠢᠶᠠᠰᠤ ᠵᠢ ᠪᠠᠲᠤ ᠴᠡᠭᠡᠵᠢᠯᠡᠨ᠂ ᠨᠤᠮ ᠤᠩᠰᠢᠬᠤ ᠳᠠᠳᠬᠠᠯ ᠲᠠᠢ ᠪᠤᠯᠤᠶ᠎ᠠ᠂ ᠨᠤᠮ ᠢᠯᠡᠭᠦᠭᠡᠨ ᠤᠩᠰᠢᠶ᠎ᠠ᠃ ᠮᠠᠨ᠎ᠤ ᠰᠤᠨᠢᠨ ᠲᠤᠰ ᠬᠤᠭᠤᠴᠠᠭ᠎ᠠ ᠡᠴᠡ ᠡᠬᠢᠯᠡᠨ 《ᠨᠤᠮ᠎ᠤᠨ ᠰᠢᠳᠢ》 ᠬᠡᠬᠦ ᠰᠢᠷᠢᠰ ᠮᠡᠳᠡᠭᠡᠯᠡᠯ ᠬᠢᠵᠦ᠂ ᠨᠤᠮ ᠤᠩᠰᠢᠬᠤ᠎ᠶᠢᠨ ᠠᠴᠢ ᠬᠤᠯᠪᠤᠬᠳᠠᠯ᠂ ᠨᠤᠮ ᠡᠴᠡ ᠰᠤᠷᠤᠬᠰᠠᠨ ᠡᠷᠳᠡᠮ ᠴᠢᠳᠠᠪᠤᠷᠢ᠂ ᠨᠤᠮ ᠤᠩᠰᠢᠬᠰᠠᠨ ᠦᠯᠢᠭᠡᠷ ᠵᠤᠭ᠎ᠠ ᠡᠴᠡ ᠬᠤᠪᠢᠶᠠᠯᠴᠠᠬᠤ ᠪᠤᠯᠤᠯ᠎ᠠ᠃ ᠲᠠᠭᠠᠯᠠᠮᠤ !


QQ图片20220701104924.png

 

ᠨᠤᠮ ᠭᠡᠬᠦᠯᠡᠷ ᠪᠠᠭ᠎ᠠ᠎ᠶᠢᠨ ᠤᠴᠢᠷ ᠰᠠᠨᠠᠭᠠᠨ᠎ᠳᠤ ᠤᠷᠤᠨ᠎ᠠ᠃ ᠮᠠᠨ᠎ᠤ ᠨᠤᠲᠤᠭ᠎ᠢᠶᠡᠷ ᠨᠤᠮ᠎ᠡᠭᠦᠷᠦᠭᠰᠡᠨ ᠬᠦᠮᠦᠨ ᠶᠠᠪᠤᠳᠠᠭ ᠪᠠᠢᠭᠰᠠᠨ᠃ ᠲᠡᠷᠡ ᠬᠦᠮᠦᠨ ᠮᠠᠨᠢ ᠨᠤᠮ᠎ᠢᠶᠡᠨ ᠡᠭᠦᠷᠦᠭᠡᠳ ᠠᠢᠯ ᠠᠢᠯ᠎ᠢᠶᠡᠷ ᠤᠷᠤᠳᠠᠭ ᠰᠠᠨ᠃ ᠵᠢᠭᠠᠯ ᠪᠢᠳᠠ ᠲᠡᠳᠡᠨ᠎ᠤ ᠰᠢᠨ᠎ᠠ ᠨᠤᠮ᠎ᠢ ᠤᠯᠵᠦ ᠤᠩᠰᠢᠭᠠᠳ ᠬᠦᠯ ᠭᠠᠵᠠᠷ ᠬᠦᠷᠬᠦ ᠦᠬᠡᠢ ᠪᠠᠶᠠᠷᠯᠠᠵᠦ᠂ ᠬᠤᠭᠤᠷᠤᠨᠳᠤ ᠪᠠᠨ ᠤᠩᠰᠢᠭᠰᠠᠨ ᠨᠤᠮ᠎ᠢᠶᠡᠨ ᠶᠠᠷᠢᠳᠠᠭ᠃ ᠲᠡᠷᠡ ᠬᠦᠮᠦᠨ᠎ᠤ ᠨᠤᠮ ᠡᠴᠡ ᠪᠢᠳᠠ ᠳᠡᠯᠡᠬᠡᠢ ᠲᠠᠢ ᠲᠠᠨᠢᠯᠴᠠᠵᠦ ᠪᠠᠢᠭᠰᠠᠨ᠃ ᠲᠡᠯᠡᠬᠡᠢ ᠲᠠᠢ ᠲᠠᠨᠢᠯᠴᠠᠨ᠎ᠠ ᠭᠡᠳᠡᠭ ᠴᠢᠨᠢ ᠮᠡᠳᠡᠯᠭᠡ ᠤᠯᠵᠦ ᠬᠦᠷᠲᠡᠯ᠎ᠠ ᠭᠡᠰᠡᠨ ᠦᠬᠡ ᠪᠤᠯᠬᠤ ᠵᠢ ᠬᠤᠨᠤᠭ᠎ᠤᠨ ᠵᠤᠵᠠᠭᠠᠨ ᠳ᠋ᠤ ᠤᠬᠠᠭᠠᠷᠠᠵᠤ ᠪᠢᠯᠡ᠃

ᠤᠤᠯ᠎ᠤᠨ ᠵᠦᠪᠯᠡᠯᠲᠤ᠎ᠶᠢᠨ ᠵᠤᠬᠢᠶᠠᠯᠴᠢ ᠨ·ᠤᠰᠲᠷᠤᠸᠰᠺᠢ 《ᠡᠳᠦᠷ ᠰᠠᠷ᠎ᠠ ᠨᠢ ᠮᠠᠨᠤᠰ ᠲᠸ᠋ ᠲᠤᠷᠰᠢᠯᠭ᠎ᠠ ᠤᠯᠭᠤᠳᠠᠭ᠂ ᠨᠤᠮ ᠤᠩᠰᠢᠬᠤ ᠨᠢ ᠮᠡᠳᠡᠯᠭᠡ ᠤᠯᠭᠤᠳᠠᠭ》 ᠭᠡᠵᠦ ᠶᠠᠷᠢᠭᠰᠠᠨ ᠦᠬᠡᠨ᠎ᠤ ᠮᠦᠨ ᠴᠢᠨᠠᠷ ᠨᠢ ᠡᠨᠡ ᠪᠠᠢᠵᠡᠢ᠃

ᠪᠢᠳᠠ ᠰᠤᠷᠭᠠᠭᠤᠯᠢ᠎ᠳᠤ ᠤᠷᠤᠭᠠᠳ ᠦᠰᠦᠭ ᠲᠠᠨᠢᠵᠦ᠂ ᠮᠡᠳᠡᠯᠭᠡ ᠰᠤᠷᠤᠯᠴᠠᠬᠤ ᠦᠷᠭᠡᠨ ᠬᠠᠷᠭᠤᠢ᠎ᠳ᠋ᠸ᠋ ᠠᠶᠠᠯᠠᠳᠠᠭ᠃ ᠡᠨᠡ ᠠᠶᠠᠯᠠᠯ ᠬᠢᠵᠠᠭᠠᠷ ᠦᠬᠡᠢ ᠬᠤᠯᠠ᠂ ᠵᠤᠭᠰᠤᠰᠢ ᠦᠬᠡᠢ ᠦᠷᠬᠦᠯᠵᠢᠯᠡᠨ᠎ᠡ᠃ ᠡᠯᠪᠡᠭ ᠮᠡᠳᠡᠯᠭᠡ ᠰᠤᠷᠤᠯᠴᠠᠬᠤ᠎ᠳᠤ ᠤᠯᠠᠨ ᠨᠤᠮ ᠤᠩᠰᠢᠬᠤ ᠬᠡᠷᠡᠭᠳᠡᠢ᠃ ᠮᠠᠨ᠎ᠤ ᠤᠷᠤᠨ᠎ᠤ ᠡᠯ᠎ᠠ ᠰᠤᠷᠭᠠᠭᠤᠯᠢ᠎ᠶᠢᠨ ᠬᠢᠨ ᠴᠸ᠋ ᠨᠤᠮ ᠤᠩᠰᠢᠯᠭ᠎ᠠ ᠵᠢ ᠮᠠᠰᠢᠳᠠ ᠴᠢᠬᠤᠯᠠᠴᠢᠯᠠᠨ ᠤᠯᠠᠨ ᠲᠦᠷᠦᠯ᠎ᠤᠨ ᠠᠵᠢᠯᠯᠠᠭ᠎ᠠ ᠶᠠᠪᠤᠭᠤᠯᠵᠤ ᠪᠤᠢ᠃

ᠪᠠᠶᠠᠨᠨᠠᠭᠤᠷ ᠬᠤᠳᠠ᠎ᠵᠢᠨ ᠮᠤᠩᠭᠤᠯ ᠦᠨᠳᠦᠰᠦᠲᠡᠨ᠎ᠤ ᠪᠠᠭ᠎ᠠ ᠰᠤᠷᠭᠠᠭᠤᠯᠢ ᠨᠢ ᠰᠤᠷᠤᠭᠴᠢᠳ᠎ᠤᠨ ᠨᠤᠮ ᠤᠩᠰᠢᠬᠤ ᠰᠠᠢᠬᠠᠨ ᠲᠠᠳᠬᠠᠯ᠎ᠢ ᠬᠦᠮᠦᠵᠢᠬᠦᠯᠬᠦ᠎ᠶᠢᠨ ᠲᠦᠯᠦᠭᠡ 2018 ᠤᠨ ᠡᠴᠡ ᠡᠬᠢᠯᠡᠨ ᠤᠨ ᠪᠤᠯᠭᠠᠨ᠎ᠤ ᠨᠤᠮ ᠤᠩᠰᠢᠭᠰᠠᠨ ᠬᠡᠮᠵᠢᠶ᠎ᠠ᠎ᠵᠢ ᠦᠨᠳᠦᠰᠦᠯᠡᠨ ᠨᠢᠬᠡ ᠤᠳᠤᠨ ᠲᠡᠮᠳᠡᠭᠳᠦ ᠡᠴᠡ ᠲᠤᠯᠤᠭᠠᠨ ᠤᠳᠤᠨ ᠲᠡᠮᠳᠡᠭᠳᠦ ᠤᠩᠰᠢᠯᠭ᠎ᠠ᠎ᠵᠢᠨ ᠤᠳᠤᠨ ᠬᠦᠷᠳᠡᠯ᠎ᠠ ᠲᠤᠯᠤᠭᠠᠨ ᠲᠡᠰ᠎ᠤᠨ ᠤᠳᠤᠳ ᠰᠢᠯᠭᠠᠷᠠᠭᠤᠯᠵᠤ ᠪᠤᠢ᠃ ᠪᠠᠭ᠎ᠠ ᠰᠤᠷᠭᠠᠭᠤᠯᠢ ᠪᠠᠨ ᠲᠡᠭᠦᠰᠬᠦ᠎ᠰᠤᠷᠤᠭᠴᠢᠳ ᠪᠠᠷᠤᠭ 100 ᠲᠦᠮᠡᠨ ᠦᠰᠦᠭ᠎ᠤᠨ ᠨᠤᠮ ᠤᠩᠰᠢᠭᠰᠠᠨ ᠪᠠᠢᠳᠠᠭ ᠨᠢ ᠲᠤᠰ ᠠᠵᠢᠯᠯᠠᠭᠠᠨ᠎ᠤ ᠠᠴᠢ ᠲᠤᠰᠠ ᠪᠤᠯᠤᠨ᠎ᠠ᠃

ᠳᠠᠷᠬᠠᠨ ᠮᠤᠤᠮᠢᠩᠭᠠᠨ ᠬᠤᠯᠪᠤᠭᠠᠲᠤ ᠬᠤᠰᠢᠭᠤᠨ᠎ᠤ ᠮᠤᠩᠭᠤᠯ ᠰᠤᠷᠭᠠᠭᠤᠯᠢ᠎ᠶᠢᠨ 5.2 ᠠᠩᠬᠢ᠎ᠶᠢᠨ ᠵᠢᠨ ᠮᠠᠩᠯᠠᠢ ᠪᠤᠯ ᠨᠤᠮ᠎ᠤᠨ ᠬᠤᠷᠤᠬᠠᠢᠳᠠᠨ ᠪᠤᠯᠤᠨ᠎ᠠ᠃ ᠲᠡᠷᠡ ᠨᠢᠭᠡᠨᠳᠡ ᠮᠢᠩᠭᠠᠨ ᠨᠤᠮ ᠤᠩᠰᠢᠭᠠᠳ ᠪᠠᠢᠭ᠎ᠠ ᠰᠠᠨ᠃

— ᠨᠤᠮ ᠪᠤᠯ ᠮᠡᠳᠡᠯᠭᠡ᠎ᠶᠢᠨ ᠴᠤᠩᠬᠤ ᠭᠡᠵᠦ ᠪᠢ ᠪᠤᠳᠤᠳᠠᠭ᠃ ᠪᠢ ᠮᠡᠳᠡᠯᠭᠡ᠎ᠶᠢᠨ ᠴᠤᠩᠬᠤ ᠪᠠᠨ ᠨᠡᠭᠡᠭᠡᠭᠡᠳ ᠳᠡᠯᠡᠬᠡᠢ ᠵᠢ ᠬᠠᠷᠠᠵᠦ ᠴᠢᠳᠠᠭᠰᠠᠨ᠃ ᠪᠢ ᠬᠤᠵᠢᠮ ᠳᠡᠯᠡᠬᠡᠢ᠎ᠶᠢᠨ ᠭᠠᠵᠠᠷ ᠵᠦᠢ᠎ᠶᠢᠨ ᠲᠤᠬᠠᠢ ᠨᠤᠮ ᠪᠢᠴᠢᠬᠦ ᠰᠠᠨᠠᠭᠠᠳᠠᠢ ᠭᠡᠵᠦ ᠵᠢᠨ ᠮᠠᠩᠯᠠᠢ ᠶᠠᠷᠢᠵᠦ ᠪᠢᠯᠡ᠃

ᠨᠤᠮ ᠪᠤᠯ ᠬᠡᠤᠬᠡᠳ᠎ᠤᠨ ᠳᠠᠨᠢᠨ ᠮᠡᠳᠡᠬᠦᠢ ᠵᠢ ᠲᠡᠭᠡᠭᠰᠢᠯᠡᠭᠦᠯᠵᠦ᠂ ᠰᠡᠳᠭᠢᠬᠦᠢ ᠵᠢ ᠲᠡᠯᠡᠬᠦ ᠨᠢᠭᠤᠴᠠᠬᠠᠨ ᠰᠢᠳᠢ ᠲᠠᠢ᠃ ᠲᠡᠷᠡ ᠰᠢᠳᠢ ᠵᠢ ᠮᠠᠨ᠎ᠤ ᠤᠯᠠᠨ ᠬᠡᠤᠬᠡᠳ ᠦᠪᠯᠡᠨ ᠠᠪᠴᠠᠢ᠃

ᠠᠷᠤ ᠬᠤᠷᠴᠢᠨ ᠬᠤᠰᠢᠭᠤᠨ᠎ᠤ ᠬᠠᠨ ᠠᠭᠤᠯᠠ ᠪᠠᠭ᠎ᠠ ᠰᠤᠷᠭᠠᠭᠤᠯᠢ᠎ᠶᠢᠨ 6.3 ᠠᠩᠬᠢ᠎ᠶᠢᠨ ᠰᠠᠷᠭᠠᠢ ᠨᠢ᠋ᠮᠠᠨ ᠮᠤᠵᠢ ᠤᠷᠤᠨ᠎ᠤ 《ᠲᠤᠭᠤᠯᠴᠢᠨ ᠬᠦᠦ》 ᠬᠤᠨᠳᠠᠭᠠᠲᠤ ᠵᠤᠬᠢᠶᠠᠯ᠎ᠤᠨ ᠤᠷᠤᠯᠳᠤᠭᠠᠨ ᠵᠢᠴᠢ ᠪᠦᠬᠦ ᠤᠷᠤᠨ᠎ᠤ《ᠴᠤᠮᠤᠷᠯᠢᠭ》 ᠬᠤᠨᠳᠠᠭᠠᠲᠤ ᠵᠤᠬᠢᠶᠠᠯ᠎ᠤᠨ ᠤᠷᠤᠯᠳᠤᠠᠭᠠᠨ᠎ᠳᠤ ᠲᠤᠰᠪᠤᠷᠢ ᠲᠡᠷᠢᠬᠦᠯᠡᠵᠦ ᠪᠠᠢᠬᠰᠠᠨ ᠶᠤᠮ᠃

— ᠰᠠᠷᠭᠠᠢ᠎ᠶᠢᠨ ᠵᠤᠬᠢᠶᠠᠯ ᠰᠠᠢᠬᠠᠨ ᠪᠢᠴᠢᠳᠡᠭ᠎ᠤᠨ ᠨᠢᠭᠤᠴᠠ ᠨᠢ ᠨᠤᠮ ᠤᠩᠰᠢᠬᠤ ᠲᠠᠢ ᠨᠢ ᠬᠤᠯᠪᠤᠭ᠎ᠠ ᠲᠠᠢ᠃ ᠲᠡᠷᠡ ᠨᠤᠮ ᠶᠡᠬᠡ ᠤᠩᠰᠢᠭᠰᠠᠨ ᠡᠴᠡ ᠲᠠᠨᠢᠨ ᠮᠡᠳᠡᠬᠦᠢ ᠨᠢ ᠦᠷᠭᠡᠨ᠂ ᠰᠡᠳᠭᠢᠭᠦᠢ ᠨᠢ ᠪᠤᠰᠤᠳ ᠡᠴᠡ ᠤᠨᠴᠠᠭᠠᠢ ᠮᠦᠷᠳᠡᠭᠡᠨ ᠠᠰᠠᠭᠤᠳᠠᠯ᠎ᠢ ᠬᠠᠷᠠᠬᠤ ᠬᠠᠷᠠᠭᠠᠰᠤ ᠨᠢ ᠦᠷᠭᠡᠨ ᠴᠢᠯᠦᠭᠡᠳᠡᠢ ᠪᠠᠢᠵᠤ᠂ ᠵᠤᠬᠢᠶᠠᠯ᠎ᠤᠨ ᠵᠤᠬᠢᠶᠠᠮᠵᠢ ᠡᠰᠭᠡᠯᠳᠡ ᠨᠢ ᠰᠤᠨᠢᠨ ᠰᠠᠢᠬᠠᠨ᠂ ᠠᠭᠤᠯᠭ᠎ᠠ ᠨᠢ ᠲᠠᠩᠰᠤᠭ ᠪᠠᠶᠠᠯᠢᠭ ᠪᠠᠢᠳᠠᠭ ᠭᠡᠵᠦ ᠠᠩᠬᠢ᠎ᠶᠢᠨ ᠪᠠᠬᠰᠢ ᠨᠢ ᠤᠳᠤᠩᠭᠤᠸ᠎ᠠ ᠶᠠᠷᠢᠵᠦ ᠪᠠᠢᠯ᠎ᠠ᠃

《ᠪᠠᠭᠪᠠᠬᠠᠢ ᠴᠡᠴᠡᠭ᠎ᠤᠨ ᠬᠦᠪᠦᠩ ᠴᠠᠭᠠᠨ ᠬᠡᠯᠲᠡᠰ᠎ᠢ ᠨᠢ ᠬᠡᠤᠬᠡᠳ ᠪᠢᠳᠠ ᠦᠯᠢᠶᠡᠯᠴᠡᠨ ᠲᠤᠭᠯᠠᠳᠠᠭ᠃ ᠲᠡᠷᠡ ᠬᠦ᠌ ᠬᠦᠮᠦᠰ᠎ᠤᠨ ᠨᠢᠳᠤᠨ᠎ᠳᠤ ᠦᠯᠦ ᠦᠷᠳᠦᠬᠦ ᠵᠢᠵᠢᠭ ᠡᠴᠡ ᠵᠢᠵᠢᠭᠭᠡᠨ ᠴᠠᠭᠠᠨ ᠬᠡᠯᠲᠡᠰ ᠨᠢ ᠬᠡᠤᠬᠡᠳ ᠪᠦᠬᠦᠨ᠎ᠤ ᠮᠦᠷᠦᠭᠡᠳᠦᠯ᠎ᠢ ᠡᠭᠦᠷᠦᠨ ᠠᠯᠤᠰ ᠬᠤᠯᠠ᠎ᠶᠢᠨ ᠴᠡᠩᠬᠡᠷ ᠲᠡᠭᠷᠢ᠎ᠳᠤ ᠬᠡᠢᠰᠦᠨ ᠬᠦᠷᠳᠡᠭ᠃》

ᠡᠨᠡ ᠪᠤᠯ ᠬᠦᠬᠡᠬᠤᠳᠠ᠎ᠶᠢᠨ ᠮᠤᠩᠭᠤᠯ ᠦᠨᠳᠦᠰᠦᠲᠠᠨ᠎ᠤ ᠰᠤᠷᠭᠠᠭᠤᠯᠢ᠎ᠶᠢᠨ ᠠᠩᠬ᠎ᠠ 2.4 ᠠᠩᠬᠢ᠎ᠶᠢᠨ ᠰᠤᠷᠤᠭᠴᠢ ᠴᠡᠴᠡᠨᠨᠤᠮ᠎ᠤᠨ ᠵᠤᠬᠢᠶᠠᠯ᠎ᠤᠨ ᠨᠢᠭᠡᠨ ᠭᠡᠰᠡᠭ ᠪᠤᠯᠤᠨ᠎ᠠ᠃ ᠲᠡᠷᠡ ᠡᠨᠡ ᠵᠤᠬᠢᠶᠠᠯ᠎ᠢᠶᠡᠨ ᠬᠡᠤᠬᠡᠳ᠎ᠤᠨ ᠪᠠᠶᠠᠷ ᠲᠸ᠋ ᠵᠤᠷᠢᠭᠤᠯᠵᠦ ᠪᠢᠴᠢᠭᠰᠡᠨ ᠶᠤᠮ᠃

— ᠪᠢ ᠨᠤᠮ ᠤᠩᠰᠢᠬᠤ ᠳᠤᠷᠠᠳᠠᠢ᠃ ᠤᠯᠠᠨ ᠨᠤᠮ ᠤᠩᠰᠢᠳᠠᠭ ᠬᠦᠮᠦᠨ᠎ᠤ ᠬᠡᠷᠡᠭ ᠦᠵᠡᠭᠳᠡᠯ᠎ᠢ ᠬᠠᠷᠠᠬᠤ ᠬᠠᠷᠠᠭᠠᠰᠤ ᠵᠤᠬᠰᠤᠴᠠ᠂ ᠰᠡᠳᠬᠢᠬᠦ ᠠᠷᠭ᠎ᠠ ᠬᠡᠯᠪᠡᠷᠢ ᠪᠤᠰᠤᠳ ᠡᠴᠡ ᠤᠨᠴᠠᠭᠠᠢ ᠪᠠᠢᠳᠠᠭ᠃ ᠨᠤᠮ ᠤᠩᠰᠢᠬᠤ ᠦᠬᠡᠢ ᠪᠤᠯ ᠳᠠᠯᠠᠢ ᠶᠡᠬᠡ ᠮᠡᠳᠡᠯᠭᠡ ᠵᠢ ᠬᠦᠷᠳᠡᠵᠦ ᠴᠢᠳᠠᠬᠤ ᠦᠬᠡᠢ ᠭᠡᠵᠦ ᠴᠡᠴᠡᠨᠨᠤᠮ ᠶᠠᠷᠢᠵᠦ ᠪᠠᠢᠯ᠎ᠠ᠃

《ᠨᠢᠭᠡ ᠲᠡᠪᠳᠡᠷ ᠰᠠᠢᠨ ᠨᠤᠮ᠎ᠢ ᠰᠡᠬᠦᠬᠦ᠎ᠳᠤ ᠠᠵᠠ ᠵᠢᠷᠭᠠᠯ᠎ᠤᠨ ᠰᠤᠪᠢᠩ ᠠᠮᠳᠠᠭᠳᠠᠵᠦ᠂ ᠬᠤᠮᠢᠬᠤ᠎ᠳᠤ ᠭᠠᠨᠵᠤᠭ᠎ᠠ ᠳᠦᠬᠦᠷᠡᠩ ᠪᠤᠴᠠᠭᠰᠠᠨ ᠲᠦᠷᠦᠭᠳᠡᠯ ᠦᠭᠳᠡᠭ᠃》 《ᠨᠤᠮ ᠨᠡᠭᠡᠭᠡᠬᠦ ᠵᠠᠩ ᠦᠢᠯᠡ ᠬᠡᠵᠢᠶ᠎ᠠ ᠡᠴᠡ ᠪᠤᠢ ᠪᠤᠯᠤᠭᠰᠠᠨ ?》

ᠡᠨᠡ ᠪᠤᠯ ᠳᠦᠷᠪᠡᠳ ᠬᠤᠰᠢᠭᠤᠨ᠎ᠤ ᠮᠤᠩᠭᠤᠯ ᠦᠨᠳᠦᠰᠦᠲᠠᠨ᠎ᠤ ᠳᠤᠮᠳᠠᠳᠤ ᠰᠤᠷᠭᠠᠭᠤᠯᠢ᠎ᠶᠢᠨ ᠤᠳᠬᠤᠨᠬᠤᠸᠠᠷ ᠪᠠᠭᠰᠢ᠎ᠶᠢᠨ ᠨᠤᠮ ᠤᠩᠰᠢᠭᠰᠠᠨ ᠲᠡᠮᠳᠡᠭᠯᠡᠯ᠎ᠤᠨ ᠨᠢᠭᠡ ᠬᠡᠰᠡᠭ ᠪᠤᠯᠤᠨ᠎ᠠ᠃ ᠲᠤᠰ ᠰᠤᠷᠭᠠᠭᠤᠯᠢ᠎ᠶᠢᠨ ᠮᠤᠩᠭᠤᠯ ᠬᠡᠯᠡᠨ᠎ᠤ ᠳᠤᠭᠤᠢᠯᠠᠩ᠎ᠤᠨ ᠪᠠᠭᠰᠢ ᠨᠠᠷ ᠡᠳᠦᠷ ᠪᠦᠷᠢ ᠠᠳᠠᠭ ᠲᠸ᠋ ᠪᠠᠨ 15 ᠮᠢᠨᠦ᠋ᠲ ᠨᠤᠮ ᠤᠩᠰᠢᠵᠦ᠂ ᠤᠩᠰᠢᠭᠰᠠᠨ ᠨᠤᠮ᠎ᠢᠶᠡᠨ ᠶᠠᠷᠢᠯᠴᠠᠬᠤ ᠳᠠᠳᠬᠠᠯ᠎ᠢ ᠪᠤᠢ ᠪᠤᠯᠭᠠᠭᠠᠳ3 ᠵᠢᠯ ᠪᠤᠯᠵᠤ ᠪᠤᠢ᠃

— ᠨᠢᠭᠡ ᠨᠤᠮ᠎ᠡᠴᠡ ᠬᠦᠷᠳᠡᠬᠦ ᠬᠦᠮᠦᠨ ᠨᠢᠭᠡᠪᠦᠷᠢ᠎ᠶᠢᠨ ᠮᠡᠳᠡᠯᠭᠡ᠎ᠤᠨᠳᠤᠤ ᠪᠠᠢᠳᠠᠭ᠃ ᠮᠠᠨ᠎ᠤ ᠪᠠᠭᠰᠢ ᠨᠠᠷ ᠨᠤᠮ ᠤᠩᠰᠢᠭᠰᠠᠨ ᠲᠦᠷᠦᠭᠳᠡᠯ᠎ᠢᠶᠡᠨ ᠶᠠᠷᠢᠯᠴᠠᠬᠤ ᠪᠠᠷ ᠲᠠᠮᠵᠢᠭᠠᠳ ᠬᠤᠭᠤᠷᠤᠨᠳᠤ ᠪᠠᠨ ᠪᠠᠰᠠ ᠮᠡᠳᠡᠯᠭᠡ ᠰᠤᠷᠤᠯᠴᠠᠵᠦ ᠴᠢᠳᠠᠳᠠᠭ᠃ ᠪᠢ ᠨᠤᠮ ᠤᠩᠰᠢᠪᠠᠯ ᠠᠭᠤᠯᠭ᠎ᠠ᠎ᠶᠢᠨ ᠬᠤᠷᠢᠶᠠᠩᠭᠤᠢᠯᠠᠯ᠂ ᠦᠬᠡᠰ᠎ᠤᠨ ᠬᠤᠷᠠᠮᠳᠤᠭᠤᠯᠤᠯ᠂ ᠶᠡᠷᠦ᠎ᠶᠢᠨ ᠮᠡᠳᠡᠯᠭᠡ᠎ᠶᠢᠨ ᠠᠰᠠᠭᠤᠯᠳᠠ ᠬᠠᠷᠢᠭᠤᠯᠳᠠ᠂ ᠲᠡᠤᠬᠡ᠎ᠶᠢᠨ ᠮᠡᠳᠡᠯᠭᠡ᠎ᠶᠢᠨ  ᠬᠡᠯᠬᠢᠶᠡᠰᠦ ᠬᠡᠬᠦ ᠵᠡᠷᠭᠡ ᠬᠡᠳᠦᠨ ᠵᠦᠢᠯ᠎ᠤᠨ ᠲᠡᠮᠳᠡᠭᠯᠡᠯ ᠬᠢᠳᠡᠭ᠃ ᠡᠨᠡ ᠨᠢ ᠨᠢᠭᠡ ᠨᠤᠮ ᠡᠴᠡ ᠤᠯᠠᠨ ᠮᠡᠳᠡᠯᠭᠡ ᠬᠤᠷᠠᠮᠳᠤᠭᠤᠯᠬᠤ᠎ᠳᠤ ᠠᠰᠢᠭᠳᠠᠢ᠃ ᠡᠨᠡ ᠠᠷᠭ᠎ᠠ ᠪᠠᠨ ᠪᠠᠰᠠ ᠰᠤᠷᠤᠭᠴᠢ ᠨᠦᠬᠦᠳ ᠲᠸ᠋ ᠪᠠᠨ ᠵᠢᠭᠠᠵᠦ ᠦᠭᠳᠡᠭ ᠭᠡᠮᠡᠨ ᠤᠳᠬᠤᠨᠬᠤᠸᠠᠷ ᠪᠠᠭᠰᠢ ᠶᠠᠷᠢᠵᠦ ᠪᠢᠯᠡ᠃

ᠨᠤᠮ ᠪᠤᠯ ᠦᠭᠡ ᠦᠭᠡᠢ ᠪᠠᠬᠰᠢ᠃ ᠨᠤᠮ ᠪᠢᠳᠡᠨ ᠳ᠋ᠤ ᠦᠯᠡᠮᠵᠢ᠎ᠶᠢᠨ ᠬᠦᠷᠳᠡᠭᠡᠯ ᠤᠯᠭᠤᠳᠠᠭ ᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号