ᠪᠠᠭᠠᠷᠢᠨ ᠪᠠᠷᠠᠭᠤᠨ ᠬᠤᠱᠢᠭᠤᠨ᠎ᠤ ᠳ᠋ᠠᠪᠠᠨ᠎ᠤ ᠮᠤᠩᠭᠤᠯᠦᠨᠳᠦᠰᠦᠳᠡᠨᠤ ᠪᠠᠭ᠎ᠠ
ᠰᠤᠷᠭᠠᠭᠤᠯᠢ᠎ᠶ᠋ᠢᠨ 4.2 ᠠᠩᠬᠢ
ᠠᠷᠤᠯᠤᠨ
ᠤᠢ ᠱᠢᠭᠤᠢ᠂ ᠤᠰᠤᠨ᠎ᠤ ᠠᠮᠢᠳᠠᠳ ᠴᠤᠭ᠍ᠯᠠᠷᠠᠭᠠᠳ 《6·1》 ᠢ᠋ ᠪᠡᠯᠭᠡᠯᠡᠬᠦ ᠨᠢᠭᠡ ᠤᠳᠠᠭᠠᠨ᠎ᠤ ᠤᠷᠤᠯᠳᠤᠭᠠᠨ ᠶᠠᠪᠤᠭᠤᠯᠤᠶ᠎ᠠ ᠭᠡᠵᠦ᠍ ᠶᠠᠷᠢᠯᠴᠠᠵᠠᠭᠠᠪᠠ᠃
ᠶᠠᠮᠠᠷ ᠤᠷᠤᠯᠳᠤᠭᠠᠨ ᠶᠠᠪᠤᠭᠤᠯᠬᠤ ᠪᠢᠯᠡ ? ᠵᠢᠭᠠᠰᠤ ᠤᠰᠤᠨ᠎ᠳᠤ ᠤᠮᠪᠠᠭ᠍ᠤ᠎ᠶ᠋ᠢ
ᠤᠷᠤᠯᠳᠤᠨ᠎ᠠ ᠭᠡᠰᠡᠨ᠎ᠳᠤ ᠪᠤᠭᠤ ᠬᠦᠶᠦᠵᠦ᠍ ᠤᠷᠤᠯᠳᠤᠨ᠎ᠠ ᠭᠡᠯᠡ᠂ ᠲᠠᠤᠯᠠᠢ ᠦᠰᠦᠷᠴᠤ᠌ ᠤᠷᠤᠯᠳᠤᠶ᠎ᠠ ᠭᠡᠳ ᠠᠮᠢᠳᠠᠳ
ᠦᠪᠡᠷ ᠦᠪᠡᠷ᠎ᠤᠨ ᠰᠠᠨᠠᠯ ᠪᠤᠳᠤᠯ᠎ᠢᠶᠠᠨ ᠶᠠᠷᠢᠵᠠᠭᠠᠯ᠎ᠠ᠃
ᠤᠷᠢᠳ᠎ᠢᠶᠠᠷ ᠤᠮᠪᠠᠭ᠍ᠤ ᠤᠷᠤᠯᠳᠤᠭᠠᠨ ᠶᠠᠪᠤᠭ᠍ᠳᠠᠯ᠎ᠠ᠃ ᠡᠨᠡ ᠤᠷᠤᠯᠳᠤᠭᠠᠨ᠎ᠳᠤ
ᠵᠢᠭᠠᠰᠤ ᠪᠤᠯᠤᠨ ᠨᠤᠭᠤᠰᠤ ᠤᠷᠤᠯᠴᠠᠵᠠᠢ᠃ ᠲᠡᠳᠡ ᠬᠤᠶᠠᠭᠤᠯᠠ ᠤᠮᠪᠠᠵᠤ ᠪᠠᠢᠳᠠᠯ᠎ᠠ ᠨᠤᠭᠤᠰᠤ᠎ᠶ᠋ᠢᠨ ᠬᠥᠯ᠎ᠨᠢ
ᠴᠢᠯᠠᠭᠤᠨ᠎ᠳᠤ ᠱᠦᠷᠭᠦᠭᠡᠭᠡᠳ ᠤᠮᠪᠠᠭ᠍ᠤ᠎ᠳᠤ ᠬᠦᠴᠢᠷᠳᠡᠵᠦ᠍ ᠪᠠᠢᠯ᠎ᠠ᠃ ᠵᠢᠭᠠᠰᠤ ᠰᠤᠨᠤᠰᠤᠭᠠᠳ ᠲᠡᠭᠦᠨ᠎ᠤ ᠲᠦᠯᠦᠭᠡ
ᠶᠡᠭᠡ ᠰᠠᠨᠠᠭ᠎ᠠ ᠪᠣᠯᠪᠠ᠃ ᠨᠤᠭᠤᠰᠤ᠎ᠶ᠋ᠢᠨ ᠬᠥᠯ᠎ᠨᠢ ᠡᠪᠡᠳᠬᠦ᠌᠎ᠪᠠᠨ ᠪᠤᠯᠢᠭᠠᠳ ᠦᠷᠬᠦᠯᠵᠢᠯᠡᠨ ᠤᠮᠪᠠᠭᠠᠳ ᠶᠠᠪᠤᠭ᠍ᠰᠠᠨ
ᠭᠡᠵᠦ᠍ ᠵᠢᠭᠠᠰᠤ ᠰᠤᠨᠤᠰᠤᠭᠠᠳ ᠲᠡᠭᠦᠰᠭᠡᠯ᠎ᠤᠨ ᠴᠡᠭ ᠤᠷᠤᠭᠤ
ᠤᠮᠪᠠᠪᠠ᠃ ᠨᠤᠭᠤᠰᠤ᠎ᠶ᠋ᠢᠨ ᠮᠦᠰᠢᠶᠡᠵᠦ ᠪᠠᠢᠭ᠎ᠠ᠎ᠶ᠋ᠢ ᠬᠠᠷᠠᠭᠠᠳ
ᠵᠢᠭᠠᠰᠤ ᠲᠣᠩ ᠪᠠᠶᠠᠷᠯᠠᠵᠠᠢ᠃ ᠦᠨᠡᠭᠡ ᠢᠷᠡᠭᠡᠳ᠄ 《ᠴᠢ ᠬᠤᠴᠤᠷᠴᠢᠬᠠᠭᠠᠳ ᠶᠠᠭᠤᠨ ᠳ᠋ᠤ ᠪᠠᠨ ᠪᠠᠶᠠᠷᠯᠠᠵᠤ ᠪᠠᠢᠬᠤ ᠪᠤᠢ ?》 ᠭᠡᠬᠦ᠌᠎ᠳᠤ ᠵᠢᠭᠠᠰᠤ᠄ 《ᠨᠤᠭᠤᠰᠤ᠎ᠶ᠋ᠢᠨ ᠬᠥᠯ᠎ᠨᠢ
ᠵᠦᠭᠡᠷ ᠪᠠᠢᠬᠤ᠎ᠶ᠋ᠢ ᠦᠵᠡᠭᠡᠳ ᠪᠠᠶᠠᠷᠯᠠᠵᠤ ᠪᠠᠢᠨ᠎ᠠ》 ᠭᠡᠯᠡ᠃
ᠲᠠᠷᠠᠭ᠎ᠠ᠎ᠨᠢ ᠬᠦᠶᠦᠵᠦ᠍ ᠤᠷᠤᠯᠳᠤᠬᠤ ᠪᠣᠯᠪᠠ᠃ 《ᠪᠡᠯᠡᠳᠭᠡᠭᠡᠳ ᠁ ᠬᠦᠶᠦ᠍ !》ᠭᠡᠵᠦ᠍ ᠰᠠᠮᠵᠠ ᠲᠤᠬᠢᠶ᠎ᠠ ᠦᠭ᠌ᠭᠦᠭ᠌ᠰᠡᠨ᠎ᠳᠤ ᠠᠮᠢᠳᠠᠳ ᠰᠤᠮᠤ ᠱᠢᠭ᠋ ᠬᠤᠷᠳᠤᠨ ᠬᠦᠶᠦᠯ᠎ᠠ᠃ ᠬᠦᠶᠦᠵᠦ᠍ ᠪᠠᠢᠳᠠᠯ᠎ᠠ
ᠲᠡᠳᠡᠨ᠎ᠤ ᠬᠥᠯ᠎ᠨᠢ ᠶᠠᠮᠠᠷ ᠨᠢᠭᠡᠨ ᠶᠠᠭᠤᠮᠠᠨ᠎ᠳᠤ ᠬᠠᠳᠭᠤᠭ᠍ᠳᠠᠵᠤ ᠡᠪᠡᠳᠪᠡ᠃ ᠡᠨᠡ ᠦᠶ᠎ᠡ᠎ᠳᠤ ᠦᠨᠡᠭᠡ ᠲᠤᠳᠤᠷ᠎ᠠ᠎ᠪᠠᠨ ᠰᠡᠮ ᠪᠠᠶᠠᠷᠯᠠᠵᠤ
《ᠪᠢ ᠵᠠᠮ ᠲᠡᠭᠡᠷ᠎ᠡ ᠵᠠᠩᠭᠤᠤ ᠬᠠᠶᠠᠭ᠍ᠰᠠᠨ ᠪᠤᠯᠬᠤᠷ ᠲᠡᠳᠡᠨ᠎ᠤ ᠬᠥᠯ᠎ᠨᠢ
ᠬᠠᠳᠭᠤᠭ᠍ᠳᠠᠵᠤ ᠬᠦᠶᠦᠵᠦ᠍ ᠲᠡᠢᠯᠬᠦ᠌ ᠦᠭᠡᠢ ᠪᠤᠯᠤᠯ᠎ᠠ᠃
ᠪᠢ ᠲᠦᠷᠦᠭᠦᠯᠡᠬᠦ᠌᠎ᠨᠢ ᠡ》 ᠭᠡᠵᠦ᠍ ᠪᠤᠳᠤᠪᠠ᠃ ᠭᠡᠳᠡᠯ᠎ᠡ ᠪᠤᠭᠤ ᠦᠪᠡᠷ᠎ᠤᠨ
ᠬᠤᠷᠴᠠ ᠰᠡᠷᠭᠦᠯᠠᠩ ᠤᠬᠠᠭᠠᠨ᠎ᠢᠶᠠᠷ᠎ᠢᠶᠠᠨ ᠦᠨᠡᠭᠡ᠎ᠶ᠋ᠢᠨ ᠤᠬᠠᠭᠠᠨ᠎ᠢ ᠮᠡᠳᠡᠭᠡᠳ ᠵᠠᠩᠭᠤᠤ᠎ᠠᠴᠠ ᠵᠠᠢᠯᠠᠵᠤ ᠭᠠᠷᠴᠠᠢ᠃ ᠲᠡᠭᠦᠰᠭᠡᠯ᠎ᠤᠨ
ᠴᠡᠭ ᠤᠢᠷᠠᠳᠴᠤ᠌ ᠪᠠᠢᠨ᠎ᠠ᠃ ᠦᠨᠡᠭᠡ ᠲᠤᠳᠤᠷ᠎ᠠ ᠪᠠᠨ 《ᠡᠨᠡ ᠤᠳᠠᠭ᠎ᠠ
ᠪᠢ ᠨᠢᠭᠡᠳᠦᠭᠡᠷ ᠠᠪᠤᠭᠰᠠᠨ᠂ ᠬᠡᠨ ᠴᠸ᠋ ᠨᠠᠳᠠ ᠵᠢ ᠲᠡᠢᠯᠬᠦ ᠦᠬᠡᠢ》
ᠭᠡᠵᠦ᠍ ᠪᠤᠳᠤᠵᠤ ᠪᠠᠢᠳᠠᠯ᠎ᠠ ᠪᠤᠭᠤ ᠰᠦᠷ᠎ᠬᠢᠨ ᠲᠡᠭᠦᠨ᠎ᠢ ᠳᠠᠪᠠᠨ ᠭᠠᠷᠪᠠ᠃ ᠦᠨᠡᠭᠡ ᠨᠢᠳᠦ᠍᠎ᠪᠠᠨ ᠪᠦᠯᠳᠡᠢᠳᠡᠯᠠ
ᠭᠠᠢᠬᠠᠵᠤ ᠬᠤᠴᠤᠷᠴᠠᠢ᠃ ᠤᠯᠠᠨ ᠠᠮᠢᠳᠠᠨ ᠬᠤᠢᠨ᠎ᠠ ᠬᠤᠢᠨ᠎ᠠ᠎ᠠᠴᠠ᠎ᠪᠠᠨ ᠲᠡᠭᠦᠰᠭᠡᠯ᠎ᠤᠨ ᠴᠡᠭ ᠲᠸ᠋ ᠬᠦᠷᠴᠦ ᠢᠷᠡᠯ᠎ᠡ᠃
ᠪᠦᠷᠡᠭᠡ ᠬᠤᠷᠤᠬᠠᠢ᠎ᠶ᠋ᠢᠨ ᠪᠠᠷ᠎ᠠ ᠶᠠᠭ ᠬᠠᠷᠠᠭ᠍ᠳᠠᠬᠤ ᠦᠭᠡᠢ᠃ ᠬᠡᠨᠡᠳᠳᠡ ᠰᠠᠮᠵᠠ᠄ 《ᠦᠵᠡ! ᠪᠦᠷᠡᠭᠡ ᠬᠤᠷᠤᠬᠠᠢ》 ᠬᠡᠵᠦ᠍ ᠬᠠᠰᠭᠢᠷᠪᠠ᠃ ᠪᠦᠷᠡᠭᠡ
ᠬᠤᠷᠤᠬᠠᠢ᠄ 《ᠲᠥᠷᠪᠡᠨ ᠵᠠᠭᠤᠨ ᠮᠧᠲᠷ ᠪᠢᠰᠢ ᠦᠦ ? ᠶᠠᠭ ᠲᠥᠷᠪᠡᠨ ᠮᠢᠩᠭᠠᠨ ᠮᠧᠲᠷ ᠱᠢᠭ ᠰᠠᠨᠠᠭ᠍ᠳᠠᠵᠤ ᠪᠠᠢᠨ᠎ᠠ! 》 ᠭᠡᠰᠡᠨ᠎ᠳᠤ ᠪᠦᠬᠦᠳᠡᠭᠡᠷ ᠡᠯᠢᠭᠡ ᠪᠠᠨ ᠬᠦᠰᠢᠳᠡᠯ᠎ᠠ
ᠢᠨᠢᠶᠡᠯᠴᠡᠵᠡᠢ᠃
ᠬᠠᠮᠤᠭ᠎ᠤᠨ ᠰᠡᠬᠦᠯ᠎ᠤᠨ ᠨᠢᠭᠡ ᠤᠷᠤᠯᠳᠤᠭᠠᠨ ᠪᠣᠯ ᠲᠡᠭᠡᠰᠦ ᠦᠰᠦᠷᠬᠦ᠌ ᠤᠷᠤᠯᠳᠤᠭᠠᠨ
ᠶᠤᠮ᠃ ᠲᠠᠤᠯᠠᠢ ᠪᠤᠯᠤᠨ ᠮᠡᠯᠡᠭᠡᠢ ᠤᠷᠤᠯᠴᠠᠵᠠᠢ᠃ ᠮᠡᠯᠡᠭᠡᠢ ᠲᠡᠭᠡᠰᠦ᠎ᠪᠠᠨ ᠠᠪᠴᠢᠷᠠᠬᠤ᠎ᠪᠠᠨ ᠮᠠᠷᠳᠠᠭ᠍ᠰᠠᠨ
ᠪᠣᠯᠬᠤᠷ ᠪᠤᠰᠤᠳ᠎ᠠᠴᠠ ᠵᠢᠭᠡᠯᠡᠪᠡ᠃ ᠲᠡᠭᠡᠭ᠌ᠰᠡᠨ ᠴᠢᠨᠢ ᠲᠡᠭᠡᠰᠦ᠎ᠨᠢ ᠪᠠᠭᠠᠳᠠᠭᠠᠳ ᠮᠡᠯᠡᠭᠡᠢ ᠨᠢᠭᠡ ᠦᠰᠦᠷᠪᠡᠯ
ᠨᠢᠭᠡ ᠲᠤᠷᠤᠭᠠᠳ ᠦᠰᠦᠷᠴᠦ᠍ ᠲᠡᠢᠯᠬᠦ᠌ ᠦᠭᠡᠢ ᠲᠤᠯᠠ ᠠᠭᠤᠷ᠎ᠨᠢ ᠬᠦᠷᠴᠦ᠍ ᠲᠡᠭᠡᠰᠦ᠎ᠪᠠᠨ ᠴᠤᠬᠢᠵᠤ ᠶᠠᠪᠤᠭᠤᠯᠪᠠ᠃
ᠡᠨᠡ ᠲᠡᠭᠡᠰᠦ᠎ᠨᠢ ᠶᠠᠭ ᠰᠠᠢᠬᠠᠨ ᠲᠠᠤᠯᠠᠢ᠎ᠶ᠋ᠢᠨ ᠬᠥᠯ ᠲᠤᠤᠷ᠎ᠠ᠎ᠨᠢ ᠤᠷᠤᠴᠢᠬᠠᠪᠠ᠃ ᠮᠡᠯᠡᠭᠡᠢ 《ᠤᠳᠤ ᠶᠠᠭᠠᠬᠢᠨ᠎ᠠ ᠪᠣᠢ?》 ᠭᠡᠵᠦ᠍ ᠪᠤᠳᠤᠵᠤ
ᠪᠠᠢᠳᠠᠯ᠎ᠠ ᠲᠠᠤᠯᠠᠢ ᠲᠡᠷᠡ ᠲᠡᠭᠡᠰᠦ᠎ᠶ᠋ᠢ ᠠᠪᠤᠭᠠᠳ ᠬᠤᠶᠠᠷ ᠲᠡᠭᠡᠰᠤ᠎ᠪᠠᠷ ᠦᠰᠦᠷᠦᠯᠡ᠃ ᠮᠡᠯᠡᠬᠡᠢ ᠭᠤᠸᠠᠢ
ᠲᠠᠤᠯᠠᠢ᠎ᠶ᠋ᠢᠨ ᠡᠷᠳᠡᠮ᠎ᠢ ᠮᠠᠰᠢ ᠪᠠᠭ᠍ᠠᠷᠬᠠᠪᠠ᠃ ᠰᠠᠶᠢᠬᠠᠨ᠎ᠤ
ᠠᠭᠤᠷ᠎ᠨᠢ ᠴᠦ᠍ ᠰᠠᠷᠨᠢᠨ ᠠᠷᠢᠯᠵᠠᠢ᠃
ᠤᠮᠪᠠᠭ᠍ᠤ ᠤᠷᠤᠯᠳᠤᠭᠠᠨ᠎ᠳᠤ
ᠨᠤᠭᠤᠰᠤ ᠲᠡᠷᠢᠭᠦᠯᠡᠵᠦ᠍᠂ ᠬᠦᠶᠦᠬᠦ᠌ ᠤᠷᠤᠯᠳᠤᠭᠠᠨ᠎ᠳᠤ ᠪᠤᠭᠤ ᠲᠡᠷᠢᠭᠦᠯᠡᠨ᠂ ᠲᠡᠭᠡᠰᠦ ᠦᠰᠦᠷᠬᠦ᠌ ᠤᠷᠤᠯᠳᠤᠭᠠᠨ᠎ᠳᠤ
ᠲᠠᠤᠯᠠᠢ ᠲᠡᠷᠢᠭᠦᠯᠡᠭ᠌ᠰᠡᠨ ᠪᠠᠢᠨ᠎ᠠ᠃
ᠤᠢ᠎ᠶᠢᠨ ᠳᠤᠮᠳᠠᠬᠢ 《6·1》 ᠬᠦᠭᠵᠢᠯ ᠲᠠᠢ᠂ ᠤᠯᠠᠨ ᠠᠮᠢᠳᠠᠳ ᠪᠠᠶᠠᠷᠲᠠᠢ !
ᠵᠢᠯᠤᠭᠤᠳᠤᠭ᠍ᠰᠠᠨ
ᠪᠠᠭ᠍ᠰᠢ᠄ ᠵᠠᠯᠭᠠᠬᠦᠦ