ᠤᠯᠠᠨ ᠥᠩᠭᠡ᠎ᠶ᠋ᠢᠨ ᠪᠦᠮᠪᠦᠭᠡ
2022-07-01 10:22:05
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠬᠤᠷᠴᠢᠨ ᠪᠠᠷᠠᠭᠤᠨ ᠭᠠᠷᠤᠨ ᠲᠤᠮᠳᠠᠳᠤ ᠬᠤᠱᠢᠭᠤᠨ᠎ᠤ ᠪᠠᠶᠠᠨᠨᠠᠭᠤᠷ ᠭᠤᠣᠯ ᠪᠠᠭ᠎ᠠ ᠰᠤᠷᠭᠠᠭᠤᠯᠢ ᠎ᠶ᠋ᠢᠨ 5.1 ᠠᠩᠭᠢ   ᠪᠣᠣ ᠮᠧᠢ ᠯᠢ

 

ᠤᠯᠠᠪᠤᠷ ᠨᠠᠷᠠ ᠲᠠᠢ ᠬᠠᠨᠢᠰᠤᠨ

ᠤᠯᠠᠭᠠᠨ ᠦᠩᠭᠡ᠎ᠶ᠋ᠢᠨ ᠪᠦᠮᠪᠦᠭᠡ ᠲᠡᠭ᠌ᠳᠡᠨ᠎ᠡ

ᠦᠰᠪᠦᠷᠢ ᠪᠢᠳᠡᠨ᠎ᠤ ᠪᠠᠶᠠᠷ᠎ᠢ ᠪᠡᠯᠭᠡᠯᠡᠨ

ᠦᠨᠳᠦᠷ ᠤᠭᠳᠠᠷᠭᠤᠢ ᠡᠴᠡ ᠡᠶᠡᠯᠳᠡᠭ ᠮᠢᠰᠢᠶᠡᠨ᠎ᠡ

 

ᠬᠦᠬᠡᠮᠳᠦᠭ ᠣᠭ᠍ᠲᠠᠷᠭᠤᠢ᠎ᠶ᠋ᠢᠨ ᠭᠦᠨ᠎ᠳᠤ

ᠬᠦᠬᠡ ᠦᠩᠭᠡ᠎ᠶ᠋ᠢᠨ ᠪᠦᠮᠪᠦᠭᠡ ᠲᠡᠭ᠌ᠳᠡᠨ᠎ᠡ

ᠬᠦᠭᠡᠷᠦᠬᠦᠨ ᠪᠢᠳᠡᠨ᠎ᠤ ᠪᠠᠶᠠᠷ᠎ᠢ ᠪᠡᠯᠭᠡᠯᠡᠨ

ᠬᠦᠭ᠌ᠵᠢᠶᠡᠨ ᠨᠠᠷᠭᠢᠶᠠᠨ ᠨᠡᠮᠡᠷᠢᠯᠡᠨ ᠪᠦᠵᠢᠨ᠎ᠡ

 

ᠨᠤᠲᠤᠭ᠎ᠤᠨ ᠴᠡᠯᠡᠭᠡᠷ ᠲᠠᠯ᠎ᠠ ᠡᠴᠡ

ᠨᠣᠭᠤᠭᠠᠨ ᠦᠩᠭᠡ᠎ᠶ᠋ᠢᠨ ᠪᠦᠮᠪᠦᠭᠡ ᠲᠡᠭ᠌ᠲᠡᠨ᠎ᠡ

ᠨᠢᠰᠦᠩᠬᠠᠢ ᠪᠢᠳᠡᠨ᠎ᠤ ᠪᠠᠶᠠᠷ᠎ᠢ ᠪᠡᠯᠭᠡᠯᠡᠨ

ᠨᠠᠮᠠᠭᠤᠬᠠᠨ ᠳᠠᠭᠤᠨ᠎ᠢᠶᠡᠷ ᠡᠭᠡᠱᠢᠭ᠌ᠯᠡᠨ᠎ᠡ

 

ᠰᠠᠷᠠᠭᠤᠯᠬᠠᠨ ᠰᠤᠷᠭᠠᠭᠤᠯᠢ᠎ᠶ᠋ᠢᠨ ᠬᠦᠷᠢᠶᠡᠨ᠎ᠳᠤ

ᠱᠢᠷ᠎ᠠ ᠦᠩᠭᠡ᠎ᠶ᠋ᠢᠨ ᠪᠦᠮᠪᠦᠭᠡ ᠲᠡᠭ᠌ᠳᠡᠨ᠎ᠡ

ᠰᠤᠷᠤᠭ᠍ᠴᠢ ᠪᠢᠳᠡᠨ᠎ᠤ ᠪᠠᠶᠠᠷ᠎ᠢ ᠪᠡᠯᠭᠡᠯᠡᠨ

ᠰᠡᠳᠬᠢᠯ᠎ᠢ ᠪᠠᠶᠠᠰᠬᠠᠨ ᠭᠠᠷ ᠳᠠᠯᠠᠯᠤᠨ᠎ᠠ

 

ᠣᠭ᠍ᠲᠠᠷᠭᠤᠢ᠎ᠶ᠋ᠢᠨ ᠴᠡᠩᠬᠡᠷ ᠬᠦᠱᠢᠭᠡᠨ᠎ᠳᠤ

ᠣᠯᠠᠨ ᠦᠩᠭᠡ᠎ᠶ᠋ᠢᠨ ᠪᠦᠮᠪᠦᠭᠡ ᠲᠡᠭ᠌ᠳᠡᠨ᠎ᠡ

ᠦᠰᠪᠦᠷᠢ ᠪᠢᠳᠡᠨ᠎ᠤ ᠪᠠᠶᠠᠷ᠎ᠢ ᠪᠡᠯᠭᠡᠯᠡᠨ

ᠦᠩᠭᠡ ᠪᠤᠯᠢᠶᠠᠯᠳᠤᠨ ᠬᠦᠬᠡᠷᠦᠨ ᠲᠡᠭ᠌ᠳᠡᠨ᠎ᠡ᠃


        ᠵᠢᠯᠤᠭᠤᠳᠤᠭ᠍ᠰᠠᠨ ᠪᠠᠭ᠍ᠰᠢ᠄ ᠪᠦᠷᠢᠨᠴᠡᠴᠡᠭ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号