《ᠲᠡᠷᠢᠭᠦᠯᠡᠭ᠌ᠰᠡᠨ》 ᠵᠢᠷᠭᠤᠭᠠᠨ ᠰᠠᠷ᠎ᠠ᠎ᠶ᠋ᠢᠨ ᠨᠢᠭᠡᠨ
2022-07-01 10:30:35
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠤᠷᠳᠤᠰ ᠬᠤᠳᠠ᠎ᠶᠢᠨ ᠮᠤᠩᠭᠤᠯ ᠦᠨᠳᠦᠰᠦᠲᠠᠨ᠎ᠤ ᠰᠤᠷᠭᠠᠭᠤᠯᠢ ᠵᠢᠨ 4.4 ᠠᠩᠬᠢ   ᠴᠢ᠊·ᠲᠡᠷᠢᠬᠦᠨ

 

ᠵᠢᠯ ᠪᠦᠷᠢ᠎ᠶ᠋ᠢᠨ 《6·1》 ᠳ᠋ᠸ᠋ ᠰᠤᠷᠭᠠᠭᠤᠯᠢ ᠡᠴᠡ ᠲᠠᠮᠢᠷ᠎ᠤᠨ ᠤᠷᠤᠯᠳᠤᠭᠠᠨ ᠦᠷᠨᠢᠬᠦᠯᠳᠡᠭ ᠶᠤᠮ᠃ ᠡᠨᠡ ᠵᠢᠯ᠎ᠤᠨ 《6·1》 ᠎ᠳᠦ ᠵᠤᠷᠢᠭᠤᠯᠵᠤ ᠪᠢ  ᠤᠳᠠᠭᠠᠨ ᠬᠤᠭᠤᠴᠠᠭ᠎ᠠ ᠬᠦᠶᠦᠵᠤ ᠪᠤᠯᠪᠠᠰᠤᠷᠠᠨ ᠪᠡᠯᠡᠳᠭᠡᠭ᠌ᠰᠡᠨ ᠪᠤᠯᠬᠤᠷ ᠢᠲᠡᠭᠡᠯ ᠲᠦᠭᠦᠷᠡᠩ ᠪᠠᠢᠯ᠎ᠠ᠃

ᠰᠠᠨᠠᠬᠰᠠᠨ ᠶᠤᠰᠤᠭᠠᠷ ᠰᠤᠷᠭᠠᠭᠤᠯᠢ᠎ᠶᠢᠨ 《6·1》 ᠎ᠢ ᠪᠡᠯᠭᠡᠯᠡᠬᠦ ᠲᠠᠮᠢᠷ᠎ᠤᠨ ᠤᠷᠤᠯᠳᠤᠭᠠᠨ ᠡᠬᠢᠯᠡᠯ᠎ᠡ᠃ ᠪᠢ ᠨᠢᠬᠡ ᠬᠤᠷᠤᠮ ᠴᠤ᠌ ᠤᠷᠤᠨ᠎ᠳᠤ᠎ᠪᠠᠨ ᠰᠠᠭᠤᠵᠤ ᠲᠤᠭ᠍ᠲᠠᠯ ᠦᠭᠡᠢ᠂ ᠬᠤᠷᠳᠤᠬᠠᠨ ᠭᠦᠶᠦᠬᠦ᠌᠎ᠶ᠋ᠢ ᠬᠦᠰᠡᠨ᠎ᠡ᠃ ᠭᠡᠨᠡᠳᠲᠡ ᠬᠦᠲᠦᠯᠦᠭ᠌ᠴᠢ ᠡᠴᠡ 200 ᠮᠧᠲᠷ᠎ᠦᠨ ᠭᠦᠶᠦᠬᠦ᠌ ᠤᠷᠤᠯᠳᠤᠭᠠᠨ᠎ᠳᠤ ᠤᠷᠤᠯᠴᠠᠭ᠍ᠰᠠᠳ᠎ᠤᠨ ᠨᠡᠷ᠎ᠡ᠎ᠶ᠋ᠢ ᠳᠠᠭᠤᠳᠠᠬᠤ᠎ᠳᠤ᠂ ᠪᠢ ᠨᠡᠷ᠎ᠡ ᠪᠡᠨ ᠰᠤᠨᠤᠰᠤᠮᠠᠭᠴᠠ ᠡᠬᠢᠯᠡᠯᠳᠡ᠎ᠶ᠋ᠢᠨ ᠴᠡᠭ ᠳᠡᠭᠡᠷ᠎ᠡ ᠬᠠᠷᠪᠤᠬᠰᠠᠨ ᠰᠤᠮᠤ ᠰᠢᠭ᠋ ᠬᠦᠶᠦᠨ ᠬᠦᠷᠦᠯ᠎ᠡ᠃ ᠲᠤᠬᠢᠶᠠᠨ ᠫᠤᠤ ᠲᠤᠤᠭᠠᠷᠬᠤ ᠲᠠᠢ ᠵᠡᠷᠭᠡ ᠮᠠᠨᠤᠰ ᠬᠠᠨᠳᠠᠭᠠᠢ᠎ᠶᠢᠨ ᠰᠦᠷᠦᠭ ᠱᠢᠭ ᠬᠦᠶᠦᠭᠡᠳ ᠭᠠᠷᠤᠯ᠎ᠠ᠃ ᠨᠠᠢᠵᠠ ᠨᠦᠬᠦᠳ᠎ᠦᠨ ᠮᠢᠨᠢ ᠵᠤᠷᠢᠭ᠍ᠵᠢᠭᠤᠯᠤᠯ᠎ᠤᠨ ᠳᠠᠭᠤᠨ ᠴᠤᠤᠷᠢᠶᠠᠳᠤᠵᠤ ᠪᠠᠢᠨ᠎ᠠ᠃ ᠪᠢ ᠦᠪᠡᠷ᠎ᠦᠨ ᠭᠦᠶᠦᠯᠲᠡ᠎ᠶ᠋ᠢᠨ ᠵᠠᠮ ᠡᠴᠡ ᠪᠠᠨ ᠭᠠᠷᠤᠭᠠᠳ ᠪᠤᠰᠤᠳ᠎ᠤᠨ ᠬᠦᠶᠦᠯᠳᠡ᠎ᠶ᠋ᠢᠨ ᠵᠠᠮ᠎ᠢᠶᠠᠷ ᠭᠦᠶᠦᠵᠦ ᠲᠡᠭᠦᠰᠭᠡᠯ᠎ᠦᠨ ᠴᠡᠭ ᠲᠸ᠋ ᠲᠦᠷᠦᠭᠦᠯᠡᠨ ᠬᠦᠷᠪᠡ᠃ ᠪᠢ 《ᠲᠡᠷᠢᠭᠦᠯᠡᠵᠡᠢ》᠃ ᠭᠡᠪᠡᠴᠦ᠍ ᠤᠷᠤᠯᠳᠤᠭᠠᠨ᠎ᠤ ᠬᠢᠨᠠᠭ᠍ᠴᠢ ᠪᠠᠭ᠍ᠰᠢ ᠡᠴᠡ ᠮᠢᠨᠦ᠍ ᠨᠢᠭᠡᠳᠦᠭᠡᠷ ᠲᠸ᠋ ᠢᠷᠡᠭᠰᠡᠨ ᠬᠢᠷᠢ ᠪᠦᠲᠦᠮᠵᠢ᠎ᠶ᠋ᠢ ᠦᠭᠡᠢᠰᠭᠡᠪᠡ᠃ ᠪᠠᠶᠠᠷᠯᠠᠨ ᠲᠤᠬᠳᠤᠯᠤᠬᠰᠠᠨ ᠰᠡᠳᠭᠢᠯ ᠮᠢᠨᠢ ᠬᠤᠷᠤᠮᠬᠠᠨ ᠵᠠᠭᠤᠷ᠎ᠠ ᠬᠦᠭᠡᠰᠦ ᠪᠤᠯᠤᠨ ᠵᠠᠮᠬᠠᠷᠠᠵᠤ᠂ ᠶᠤᠰᠤᠲᠠᠢ ᠬᠠᠷ᠎ᠠ ᠲᠠᠷᠤᠭ᠍ᠰᠠᠨ ᠵᠡᠭᠦᠳᠦ ᠮᠡᠲᠤ ᠪᠤᠯᠪᠠ᠃ ᠳᠠᠭᠤ ᠲᠠᠯᠪᠢᠨ ᠤᠬᠢᠯᠠᠮᠠᠷ ᠰᠠᠨᠠᠭ᠍ᠳᠠᠯ᠎ᠠ ᠁ ᠤᠭ ᠨᠢ 200 ᠮᠧᠲᠷ ᠭᠦᠶᠦᠬᠦ᠌᠎ᠳᠦ ᠵᠦᠪᠬᠡᠨ ᠦᠪᠡᠷ᠎ᠦᠨ ᠭᠦᠶᠦᠯᠲᠡ᠎ᠶ᠋ᠢᠨ ᠵᠠᠮ᠎ᠢᠶᠠᠷ᠎ᠢᠶᠡᠨ ᠭᠦᠶᠦᠬᠦ᠌ ᠶᠤᠰᠤᠲᠠᠢ ᠪᠠᠢᠵᠠᠢ ᠁

ᠮᠢᠨᠦ᠍ ᠲᠡᠰᠴᠦ᠍ ᠶᠠᠳᠠᠨ ᠬᠦᠰᠡᠨ ᠬᠦᠯᠢᠶᠡᠭ᠌ᠰᠡᠨ 《6·1》 ᠮᠠᠨᠢ ᠨᠠᠮ᠎ᠠ᠎ᠳᠤ ᠬᠡᠵᠢᠶ᠎ᠠ ᠬᠠᠮᠢᠭ᠎ᠠ ᠴᠤ᠌ ᠲᠠᠷᠤᠤ ᠬᠢᠴᠢᠶᠡᠩᠭᠦᠢ ᠪᠠᠢᠵᠤ᠂ ᠲᠦᠷᠢᠮ ᠲᠤᠭ᠍ᠳᠠᠭᠠᠯ᠎ᠢ ᠵᠢᠷᠤᠮᠯᠠᠬᠤ ᠬᠡᠷᠡᠭ᠌ᠲᠡᠢ ᠭᠡᠬᠦ᠌ ᠤᠨᠴᠠ᠎ᠶ᠋ᠢᠨ ᠨᠢᠭᠡᠨ 《ᠱᠠᠩᠨᠠᠯ》 ᠬᠠᠢᠷᠠᠯᠠᠯ᠎ᠠ᠃ 《ᠤᠰᠤ᠎ᠶ᠋ᠢ ᠨᠢ ᠤᠤᠭᠤᠪᠠᠯ ᠶᠤᠰᠤ᠎ᠶ᠋ᠢ ᠨᠢ ᠳᠠᠭ᠎ᠠ》 ᠭᠡᠬᠦ᠌ ᠦᠭᠡᠨ᠎ᠦ ᠤᠳᠭ᠎ᠠ᠎ᠶ᠋ᠢ ᠰᠡᠳᠭᠢᠯ᠎ᠢᠶᠡᠷ᠎ᠢᠶᠡᠨ ᠮᠡᠳᠡᠷᠡᠯ᠎ᠡ᠃

ᠵᠢᠯᠤᠭᠤᠳᠤᠭᠰᠠᠨ ᠪᠠᠭᠰᠢ᠄ ᠶᠠᠩ·ᠬᠤᠷᠸ᠎ᠠ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号