ᠬᠤᠯᠤᠰᠤᠨ ᠨᠠᠪᠴᠢᠳᠦ ᠽᠦᠩᠽᠢ
2022-07-01 10:40:52
ᠵᠣᠬᠢᠶᠠᠭ᠍ᠴᠢ᠄
ᠺᠸᠦ ᠵᠢᠶᠥ᠋ᠨ ᠹᠸᠩ
ᠣᠩᠱᠢᠭ᠍ᠰᠠᠨ ᠣᠳᠠᠭ᠎ᠠ᠄
★★★☆☆

ᠪᠠᠭ᠎ᠠ ᠠᠬᠤᠢ᠎ᠳᠦ᠂ ᠳᠠᠪᠤᠨ ᠰᠠᠷ᠎ᠠ᠎ᠶᠢᠨ ᠰᠢᠨ᠎ᠡ᠎ᠶᠢᠨ ᠳᠠᠪᠤᠨ ᠪᠤᠯᠬᠤ ᠪᠦᠷᠢ ᠡᠮᠡᠭᠡ ᠡᠵᠢ ᠮᠢᠨᠢ ᠡᠷᠳᠡ ᠪᠤᠰᠤᠭᠠᠳ ᠭᠡᠷ ᠡᠴᠡ ᠬᠡᠳᠦᠨ ᠭᠠᠵᠠᠷ ᠬᠤᠯᠠ ᠶᠠᠪᠤᠵᠤ ᠤᠳᠠᠨ᠎ᠤ ᠰᠤᠷᠭᠤᠭ ᠨᠠᠪᠴᠢ ᠨᠠᠬᠢᠶ᠎ᠠ᠂ ᠠᠭᠢ ᠡᠪᠡᠰᠦ ᠳᠡᠭᠦᠵᠦ ᠬᠦᠷᠢᠶ᠎ᠡ ᠬᠠᠰᠢᠶ᠎ᠠ᠂ ᠡᠭᠦᠳᠠ ᠬᠠᠭᠠᠯᠭ᠎ᠠ᠎ᠶᠢᠨ ᠦᠨᠳᠦᠷ᠎ᠲᠦ ᠳᠡᠭᠦᠵᠢᠯᠡᠵᠦ ᠳᠠᠯᠪᠢᠳᠠᠭ᠃

ᠳᠠᠷᠠᠭ᠎ᠠ ᠨᠢ ᠡᠮᠡᠭᠡ ᠡᠵᠢ ᠮᠠᠨᠢ ᠠᠩᠬᠢᠯᠤᠮ᠎ᠠ ᠦᠨᠦᠷ ᠲᠠᠢ ᠽᠦᠩᠽᠢ ᠪᠠᠨ ᠭᠠᠷᠭᠠᠭᠠᠳ ᠮᠠᠨᠤᠰ᠎ᠢ ᠬᠤᠭᠤᠯᠠ ᠪᠠᠨ ᠢᠳᠡ ᠭᠡᠵᠦ ᠳᠠᠭᠤᠳᠠᠳᠠᠭ᠃ ᠳᠡᠷᠡ ᠦᠶ᠎ᠡ᠎ᠳᠦ ᠰᠢᠬᠢᠷᠯᠢᠭ ᠽᠦᠩᠽᠢ ᠨᠢ ᠨᠠᠳᠠ᠎ᠳᠦ ᠠᠪᠴᠤ ᠬᠡᠯᠡᠪᠡᠯ ᠳᠠᠩᠰᠤᠭ ᠢᠳᠡᠭᠡᠨ᠎ᠳᠠ᠃ ᠡᠮᠡᠭᠡ ᠡᠵᠢ ᠰᠢᠯᠦᠬᠡᠢ ᠳᠤᠳᠤᠷᠭᠠᠨ ᠴᠠᠭᠠᠨ᠂ ᠤᠯᠠᠭᠠᠨ ᠪᠤᠷᠴᠠᠭ᠂ ᠴᠢᠪᠠᠭ᠎ᠠ᠂ ᠰᠢᠨ᠎ᠡ ᠰᠤᠷᠭᠤᠭ ᠬᠤᠯᠤᠰᠤᠨ ᠨᠠᠪᠴᠢ ᠪᠡᠷ ᠮᠢᠨᠤ ᠬᠠᠮᠤᠭ ᠳᠤᠷᠠᠳᠠᠢ ᠽᠦᠩᠽᠢ ᠵᠢ ᠬᠢᠳᠡᠭ᠃ ᠮᠢᠨᠤ ᠨᠤᠳᠤᠭ ᠬᠠᠷ᠎ᠠ ᠭᠤᠤᠯ (ᠾᠸᠢ ᠾᠸ ᠭᠤᠤᠯ)᠎ᠤᠨ ᠬᠦᠪᠡᠭᠡᠨ᠎ᠳᠦ ᠪᠠᠢᠷᠢᠯᠠᠵᠤ ᠨᠠᠭᠤᠷ ᠤᠰᠤ ᠤᠯᠠᠨ ᠪᠤᠯᠬᠤᠷ ᠬᠤᠯᠤᠰᠤ ᠡᠯᠪᠡᠭ ᠤᠷᠭᠤᠳᠠᠭ᠃ ᠳᠠᠪᠤᠨ ᠰᠠᠷ᠎ᠠ᠎ᠶᠢᠨ ᠰᠢᠨ᠎ᠡ᠎ᠶᠢᠨ ᠳᠠᠪᠤᠨ ᠪᠤᠯᠬᠤ ᠪᠦᠷᠢ ᠬᠤᠯᠤᠰᠤᠨ᠎ᠤ ᠦᠨᠦᠷ ᠰᠡᠩᠬᠢᠨᠡᠵᠦ᠂ ᠬᠤᠯᠤᠰᠤᠨ ᠨᠠᠪᠴᠢ ᠪᠡᠷ ᠨᠢ ᠽᠦᠩᠽᠢ ᠬᠢᠳᠡᠭ ᠪᠤᠯᠬᠤᠷ ᠪᠢ ᠳᠡᠷᠡ ᠽᠦᠩᠽᠢ ᠵᠢ ᠨᠤᠳᠤᠭ᠎ᠤᠨ ᠠᠮᠳᠠ ᠭᠡᠵᠦ ᠵᠦᠢᠷᠯᠡᠳᠡᠭ᠃ ᠳᠡᠷᠡ ᠦᠶ᠎ᠡ᠎ᠳᠦ ᠠᠮᠢᠳᠤᠷᠠᠯ ᠬᠦᠴᠢᠷᠳᠡᠢ ᠪᠤᠯᠬᠤᠷ ᠽᠦᠩᠽᠢ ᠵᠢ ᠪᠠᠶᠠᠷ ᠳᠤᠷᠠᠰᠬᠠᠯ᠎ᠤᠨ ᠡᠳᠦᠷ ᠯᠡ ᠤᠯᠵᠤ ᠢᠳᠡᠳᠡᠭ᠃ ᠳᠤᠬᠠᠢ᠎ᠶᠢᠨ ᠦᠶ᠎ᠡ᠎ᠳᠦ᠂ ᠰᠢᠯᠦᠭᠡᠢ ᠳᠤᠳᠤᠷᠭᠠᠨ ᠴᠠᠭᠠᠨ᠂ ᠤᠯᠠᠭᠠᠨ ᠪᠤᠷᠴᠠᠭ᠂ ᠴᠢᠪᠠᠭ᠎ᠠ ᠵᠢ ᠡᠮᠡᠭᠡ ᠡᠵᠢ ᠮᠢᠨᠢ ᠪᠤᠰᠤᠳ ᠠᠢᠯ ᠡᠴᠡ ᠪᠤᠭᠤᠳᠠᠢ ᠪᠡᠷ᠎ᠢᠶᠡᠨ ᠰᠤᠯᠢᠨ ᠠᠪᠴᠢᠷᠠᠳᠠᠭ᠎ᠢ ᠪᠢ ᠬᠤᠵᠢᠮ ᠬᠤᠢᠨ᠎ᠠ ᠨᠢ ᠰᠠᠶᠢ ᠮᠡᠳᠡᠭᠰᠡᠨ ᠪᠢᠯᠡ᠃

ᠨᠤᠳᠤᠭ᠎ᠤᠨ ᠠᠮᠳᠠ ᠰᠢᠩᠭᠡᠭᠰᠡᠨ ᠽᠦᠩᠽᠢ᠂ ᠳᠡᠭᠡᠬᠦ᠎ᠳᠦ ᠪᠠᠨ ᠡᠮᠡᠭᠡ ᠡᠵᠢ᠎ᠶᠢᠨ ᠮᠢᠨᠢ ᠨᠠᠳᠠ᠎ᠳᠦ ᠢᠪᠢᠯᠦᠭᠦᠯᠦᠭᠰᠡᠨ ᠬᠠᠢᠷ᠎ᠠ᠎ᠶᠢᠨ ᠠᠮᠳᠠ ᠪᠠᠢᠭᠰᠠᠨ᠃

ᠨᠠᠷᠠ ᠳᠤᠨᠤᠷᠠᠭᠰᠠᠨ ᠬᠠᠪᠤᠷ᠎ᠤᠨ ᠦᠳᠡᠰᠢ ᠪᠢ ᠦᠭᠡᠷ ᠬᠠᠷᠢᠭᠤᠯᠤᠭᠰᠠᠨ ᠡᠮᠡᠭᠡ ᠡᠵᠢ᠎ᠶᠢᠨ᠎ᠢᠶᠡᠨ ᠵᠦᠭ ᠮᠦᠭᠡᠷᠡᠵᠦ ᠪᠠᠢᠨ᠎ᠠ ᠭᠡᠵᠦ ᠳᠦᠷᠰᠦ ᠦᠭᠡᠢᠳᠡᠬᠦ᠎ᠳᠦ ᠦᠭᠡᠳᠡ ᠡᠴᠡ ᠮᠢᠨᠢ ᠡᠩᠭᠦᠷᠡᠢᠯᠡᠨ ᠢᠨᠢᠶᠡᠭᠰᠡᠨ ᠬᠠᠷᠠᠴᠠ; ᠵᠤᠨ᠎ᠤ ᠬᠠᠯᠠᠭᠤᠨ ᠨᠠᠷᠠᠨ᠎ᠳᠦ ᠪᠤᠭᠤᠳᠠᠢ ᠠᠷᠠᠴᠢᠯᠠᠵᠤ ᠬᠦᠯᠦᠰᠦ ᠪᠠᠨ ᠤᠷᠤᠰᠬᠠᠬᠤ᠎ᠳᠦ ᠨᠢ ᠠᠶᠠᠭ᠎ᠠ ᠬᠦᠢᠳᠡᠨ ᠤᠰᠤ ᠬᠦᠷᠭᠡᠵᠦ ᠤᠴᠢᠬᠤ ᠪᠡᠷ 《ᠤᠬᠠᠭᠠᠨ ᠳᠠᠢ ᠮᠢᠨᠤ ᠬᠦᠦ》 ᠭᠡᠵᠦ ᠬᠠᠴᠠᠷ᠎ᠢ ᠮᠢᠨᠢ ᠢᠯᠪᠢᠭᠰᠡᠨ ᠡᠪᠡᠷᠰᠢᠭᠰᠡᠨ ᠭᠠᠷ; ᠠᠯᠳᠠᠨ ᠨᠠᠮᠤᠷ ᠡᠷᠳᠡᠨᠢ ᠰᠢᠰᠢ ᠪᠠᠨ ᠬᠤᠷᠢᠶᠠᠬᠤ᠎ᠳᠦ ᠨᠢ ᠪᠢ ᠳᠤᠰᠠ ᠪᠤᠯᠤᠨ᠎ᠠ ᠭᠡᠵᠦ ᠪᠤᠵᠢᠭᠢᠨᠠᠬᠤ ᠪᠡᠷ 《ᠮᠤᠨᠳᠠᠭ ᠪᠠᠢᠨ᠎ᠠ》 ᠭᠡᠵᠦ ᠱᠠᠭᠰᠢᠵᠤ ᠪᠠᠢᠭᠰᠠᠨ ᠡᠶᠡᠯᠳᠡᠭ ᠲᠦᠷᠬᠦ; ᠬᠦᠢᠳᠡᠨ ᠡᠪᠦᠯ ᠭᠠᠯ ᠲᠦᠯᠡᠭᠰᠡᠨ ᠬᠠᠨᠵᠤᠨ ᠳᠡᠭᠡᠷᠡᠬᠢ ᠬᠠᠯᠠᠭᠤᠨ ᠡᠪᠦᠷ᠎ᠲᠦ ᠪᠠᠨ ᠰᠢᠷᠭᠤᠬᠤ᠎ᠳᠦ ᠦᠯᠢᠭᠡᠷ᠎ᠢᠶᠡᠷ ᠠᠷᠭᠠᠳᠠᠵᠤ ᠪᠠᠢᠭᠰᠠᠨ ᠡᠨᠡᠷᠢᠩᠭᠦᠢ ᠳᠠᠭᠤᠨ ᠁

ᠪᠠᠰᠠ ᠨᠢᠭᠡᠨ ᠵᠢᠯ ᠦᠩᠭᠡᠷᠡᠨ ᠤᠳᠤᠯ᠎ᠠ᠃ ᠨᠤᠳᠤᠭ᠎ᠤᠨ ᠮᠢᠨᠢ ᠨᠠᠭᠤᠷ ᠭᠤᠤᠯ᠎ᠤᠨ ᠬᠦᠪᠡᠭᠡ ᠪᠡᠷ ᠬᠤᠯᠤᠰᠤ ᠶᠤᠰᠤ ᠪᠡᠷ ᠵᠢᠡᠨ ᠢᠭᠴᠤ ᠤᠷᠭᠤᠪᠠ᠃ ᠬᠤᠯᠤᠰᠤᠨ ᠨᠠᠪᠴᠢᠨ᠎ᠳᠦ ᠪᠤᠭᠤᠭᠰᠠᠨ ᠽᠦᠩᠽᠢ ᠤᠤᠯ ᠠᠮᠳᠠ ᠪᠡᠷ᠎ᠢᠶᠡᠨ ᠪᠠᠢᠭ᠎ᠠ᠎ᠴᠤ ᠨᠤᠳᠤᠭ᠎ᠤᠨ ᠬᠠᠭᠤᠴᠢᠨ ᠬᠦᠮᠦᠰ᠎ᠢᠶᠡᠨ ᠰᠠᠨᠠᠭᠠᠯᠵᠠᠬᠤ ᠰᠡᠳᠬᠢᠯ ᠮᠢᠨᠢ ᠬᠠᠷᠢᠨ ᠵᠢᠯ ᠡᠴᠡ ᠵᠢᠯ ᠬᠦᠨᠳᠦᠷᠡᠬᠦ ᠪᠢᠯᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号