ᠬᠠᠷ᠎ᠠ ᠬᠦᠷᠮ᠎ᠡ ᠲᠠᠢ 《6·1》
2022-07-01 10:17:04
ᠵᠣᠬᠢᠶᠠᠭ᠍ᠴᠢ᠄
ᠼᠤᠤ ᠰᠢᠦ ᠴᠢᠩ
ᠣᠩᠱᠢᠭ᠍ᠰᠠᠨ ᠣᠳᠠᠭ᠎ᠠ᠄
★★★☆☆

ᠴᠠᠭ ᠬᠤᠭᠤᠴᠠᠭ᠎ᠠ ᠬᠤᠷᠳᠤᠨ ᠬᠦᠯᠦᠭ ᠮᠡᠳᠦ ᠳᠠᠪᠬᠢᠨ ᠤᠳᠴᠤ᠂ ᠪᠠᠭ᠎ᠠ ᠨᠠᠰᠤ ᠭᠡᠵᠦ ᠶᠡᠬᠡ ᠬᠤᠯᠠ᠎ᠶᠢᠨ ᠤᠴᠠᠷᠠᠯ ᠮᠡᠳᠦ ᠪᠤᠯᠤᠭᠰᠠᠨ᠎ᠢ ᠶᠠᠭᠤ ᠭᠡᠯᠳᠡᠢ᠃ ᠬᠡᠦᠬᠡᠳ ᠪᠠᠭᠠᠴᠤᠳ᠎ᠤᠨ ᠬᠦᠭᠵᠢᠶᠡᠨ ᠴᠠᠯᠬᠢᠶᠠᠨ᠎ᠤ ᠳᠤᠮᠳᠠ ᠪᠠᠶᠠᠷ᠎ᠤᠨ ᠡᠳᠦᠷ᠎ᠢᠶᠡᠨ ᠳᠡᠮᠳᠡᠭᠯᠡᠵᠦ ᠪᠠᠢᠭ᠎ᠠ ᠵᠢ ᠬᠠᠷᠠᠭᠠᠳ ᠪᠢ᠎ᠴᠤ ᠦᠪᠡᠷ᠎ᠤᠨ ᠡᠷᠬᠡ ᠦᠭᠡᠢ 50 ᠵᠢᠯ᠎ᠤᠨ ᠡᠮᠦᠨᠡᠬᠢ ᠡᠷᠬᠢᠴᠡᠭᠦᠯᠦᠯ᠎ᠤᠨ ᠬᠠᠭᠤᠳᠠᠰᠤ ᠪᠠᠨ ᠰᠡᠭᠦᠯ᠎ᠡ᠃

ᠳᠡᠷᠡ ᠡᠳᠦᠷ ᠪᠠᠭᠰᠢ ᠮᠠᠨᠤᠰ᠎ᠢ ᠳᠠᠭᠠᠭᠤᠯᠤᠭᠠᠳ ᠪᠤᠰᠤᠳ ᠰᠤᠷᠭᠠᠭᠤᠯᠢ᠎ᠶᠢᠨ ᠬᠢᠨ ᠲᠠᠢ ᠬᠠᠮᠳᠤ ᠭᠦᠶᠦᠵᠦ ᠤᠷᠤᠯᠳᠤᠬᠤ ᠪᠠᠷ ᠪᠤᠯᠪᠠ᠃ ᠲᠠᠮᠢᠷ᠎ᠤᠨ ᠳᠠᠯᠠᠪᠤᠷ ᠭᠡᠵᠦ ᠴᠠᠭᠠᠨ ᠴᠤᠬᠤᠢ ᠵᠢ ᠤᠰᠤ ᠪᠡᠷ ᠵᠢᠭᠤᠷᠠᠵᠤ ᠵᠢᠷᠤᠭᠰᠠᠨ ᠲᠡᠭᠰᠢᠬᠡᠨ ᠰᠢᠭ ᠭᠠᠵᠠᠷ ᠪᠠᠢᠯ᠎ᠠ᠃

— ᠤᠭ ᠤᠷᠤᠨ᠎ᠳᠦ ᠪᠠᠨ᠂ ᠪᠡᠯᠡᠳᠬᠡᠭᠡᠳ ᠁ ᠲᠠᠩ ᠭᠡᠬᠦ ᠱᠦᠭᠯᠦ᠎ᠶᠢᠨ ᠳᠠᠭᠤᠨ ᠲᠠᠢ ᠬᠠᠮᠳᠤ ᠪᠢᠳᠡ ᠬᠠᠨᠳᠠᠭᠠᠢ ᠪᠤᠭᠤ ᠰᠢᠭ᠋ ᠳᠠᠪᠬᠢᠵᠠᠭᠠᠯ᠎ᠠ᠃

ᠪᠢ ᠠᠩᠬ᠎ᠠ ᠤᠳᠠᠭ᠎ᠠ ᠳᠠᠮᠢᠷ᠎ᠤᠨ ᠤᠷᠤᠯᠳᠤᠭᠠᠨ᠎ᠳᠦ ᠤᠷᠤᠯᠴᠠᠵᠤ ᠪᠠᠢᠭ᠎ᠠ ᠪᠤᠯᠬᠤᠷ ᠶᠠᠭᠠᠬᠢᠬᠤ ᠪᠠᠨ ᠤᠯᠬᠤ ᠦᠭᠡᠢ ᠪᠠᠯᠢᠳᠠᠵᠤ ᠪᠠᠢᠭᠰᠠᠨ᠎ᠴᠤ ᠴᠢᠨᠡᠭᠡ ᠮᠡᠳᠡᠨ ᠬᠦᠶᠦᠯ᠎ᠠ᠃ ᠬᠠᠷᠠᠪᠠᠯ ᠭᠦᠶᠦᠯᠳᠡ᠎ᠶᠢᠨ ᠵᠠᠮ ᠪᠤᠯᠭᠠᠨ᠎ᠤ ᠳᠤᠮᠳᠠ ᠨᠢᠭᠡ ᠰᠠᠨᠳᠠᠯᠢ ᠳᠠᠯᠪᠢᠭᠠᠰᠤᠳᠠᠢ ᠪᠠᠢᠯ᠎ᠠ᠃ ᠵᠠᠭᠤᠨ ᠮᠸᠲᠷ᠎ᠤᠨ ᠰᠠᠭᠠᠳ ᠳᠠᠪᠠᠬᠤ ᠤᠷᠤᠯᠳᠤᠭᠠᠨ ᠪᠤᠯᠬᠤ ᠨᠢ ᠯᠠᠪᠳᠠᠢ᠃ ᠨᠦᠭᠦᠳ ᠨᠠᠷ᠎ᠤᠨ ᠵᠠᠷᠢᠮ ᠨᠢ ᠰᠠᠨᠳᠠᠯᠢ ᠵᠢ ᠳᠤᠭᠤᠷᠢᠭᠠᠳ ᠭᠠᠷᠤᠯ᠎ᠠ᠂ ᠵᠠᠷᠢᠮ ᠨᠢ ᠰᠢᠷᠭᠤᠭᠠᠳ᠎ᠴᠤ ᠭᠠᠷᠤᠯ᠎ᠠ᠂ ᠪᠢ ᠦᠪᠡᠷ᠎ᠤᠨ ᠪᠡᠶ᠎ᠡ᠎ᠳᠦ ᠪᠠᠨ ᠵᠤᠷᠢᠭ ᠦᠭᠴᠦ ᠨᠦᠭᠦᠭᠡ ᠰᠠᠨᠳᠠᠯᠢ ᠳᠡᠭᠡᠭᠦᠷ 《ᠰᠦᠷ ᠬᠢᠳᠡᠯ᠎ᠡ》 ᠦᠰᠦᠷᠦᠭᠡᠳ ᠭᠠᠷᠪᠠ ᠁

ᠪᠢ ᠶᠠᠭ ᠵᠢᠭᠦᠷ ᠤᠷᠭᠤᠭᠰᠠᠨ ᠮᠡᠳᠦ ᠬᠤᠷᠳᠤᠨ ᠭᠦᠶᠦᠵᠦ ᠨᠢᠭᠡ ᠮᠡᠳᠡᠬᠦ᠎ᠳᠦ ᠳᠡᠭᠦᠰᠬᠡᠯ᠎ᠤᠨ ᠴᠡᠭ᠎ᠲᠦ ᠬᠦᠷᠴᠢᠭᠡᠭᠰᠡᠨ ᠠᠵᠠᠢ᠃ ᠭᠡᠳᠡᠯ᠎ᠡ᠂ ᠮᠢᠨᠤ ᠳᠦᠷᠦᠭᠦᠦ ᠱᠠᠩ ᠠᠪᠤᠭᠰᠠᠨ᠎ᠳᠦ ᠪᠤᠰᠤᠳ ᠰᠤᠷᠭᠠᠭᠤᠯᠢ᠎ᠶᠢᠨ ᠪᠠᠭᠰᠢ ᠨᠠᠷ ᠶᠡᠬᠡ ᠯᠡ ᠳᠤᠷ᠎ᠠ ᠦᠭᠡᠢᠴᠡᠵᠦ 《ᠶᠤᠰᠤ ᠬᠡᠯᠡᠯᠴᠡᠬᠦ》 ᠪᠡᠷ ᠤᠷᠤᠯᠳᠤᠭᠠᠨ᠎ᠤ ᠬᠢᠨᠠᠭᠴᠢ ᠵᠢ ᠬᠠᠢᠵᠤ ᠢᠷᠡᠪᠡ᠃

— ᠶᠡᠷᠦ ᠨᠢ ᠬᠦᠦᠴᠤᠤᠯ ᠨᠢ ᠬᠦᠤᠴᠤᠤᠯ ᠲᠠᠢ᠂ ᠦᠬᠢᠳ ᠨᠢ ᠦᠬᠢᠳ ᠲᠠᠢ ᠤᠷᠤᠯᠳᠤᠪᠠᠯ ᠳᠠᠭᠠᠷᠠᠨ᠎ᠠ᠂ ᠴᠢ ᠬᠦᠦ ᠰᠤᠷᠤᠭᠴᠢ ᠪᠠᠢᠭᠠᠳ ᠶᠠᠭᠠᠬᠢᠭᠠᠳ ᠬᠡᠦᠬᠡᠨᠴᠤᠳ᠎ᠤᠨ ᠤᠷᠤᠯᠳᠤᠭᠠᠨ᠎ᠳᠦ ᠬᠦᠶᠦᠵᠦ ᠪᠠᠢᠳᠠᠭ ᠶᠤᠮ ᠭᠡᠵᠦ ᠨᠢᠭᠡ ᠪᠠᠭᠰᠢ ᠨᠠᠮ᠎ᠠ ᠵᠢ ᠰᠢᠷᠭᠠᠭᠠᠪᠠ᠃

ᠪᠢ ᠶᠠᠭᠤ ᠬᠡᠯᠡᠬᠦ ᠪᠠᠨ ᠤᠯ ᠶᠠᠳᠠᠨ ᠪᠠᠢᠳᠠᠯ᠎ᠠ ᠪᠠᠭᠰᠢ ᠮᠢᠨᠢ ᠨᠠᠮ᠎ᠠ ᠵᠢ ᠵᠢᠭᠠᠭᠠᠳ ᠨᠦᠭᠦᠭᠡ ᠪᠠᠭᠰᠢ ᠨᠠᠷ᠎ᠲᠦ ᠬᠠᠨᠳᠤᠨ᠄ 《ᠮᠠᠨ᠎ᠤ ᠡᠨᠡ ᠰᠤᠷᠤᠬᠴᠢ ᠴᠢᠨᠢ ᠪᠠᠰᠠ ᠬᠡᠦᠬᠡᠨ ᠰᠤᠷᠤᠭᠴᠢ ᠰᠢᠤ》 ᠭᠡᠵᠦ ᠢᠨᠢᠶᠡᠮᠰᠦᠭᠯᠡᠨ ᠶᠠᠷᠢᠪᠠ᠃

ᠨᠦᠭᠦᠭᠡ ᠬᠡᠳᠦᠨ ᠪᠠᠭᠰᠢ ᠠᠯᠮᠠᠢᠷᠠᠴᠢᠬᠠᠪᠠ᠃

ᠪᠢ ᠬᠠᠳᠠᠩᠬᠢ ᠨᠠᠮᠬᠠᠨ ᠪᠡᠶ᠎ᠡ ᠲᠡᠢ ᠮᠦᠷᠳᠡᠭᠡᠨ ᠠᠬ᠎ᠠ᠎ᠶᠢᠨ᠎ᠢᠶᠡᠨ ᠪᠠᠭᠠᠳᠠᠭᠰᠠᠨ ᠬᠤᠪᠴᠠᠰᠤ ᠵᠢ ᠡᠮᠦᠰᠴᠦ᠂ ᠪᠠᠰᠠ ᠤᠬᠤᠷ ᠬᠡᠵᠢᠭᠡ ᠦᠯᠡᠳᠡᠭᠡᠭᠰᠡᠨ ᠪᠤᠯᠬᠤᠷ ᠬᠡᠳᠦᠨ ᠪᠠᠭᠰᠢ ᠨᠠᠮ᠎ᠠ ᠵᠢ ᠬᠦᠦ ᠰᠤᠷᠤᠭᠴᠢ ᠭᠡᠵᠦ ᠠᠨᠳᠠᠭᠤᠷᠠᠭᠰᠠᠨ ᠪᠠᠢᠵᠠᠢ᠃ ᠶᠠᠷᠢᠶᠠᠨ ᠦᠭᠡᠢ ᠦᠩᠭᠡ᠎ᠶᠢᠨ ᠬᠤᠪᠴᠠᠰᠤ ᠪᠡᠷ ᠴᠢᠮᠡᠭᠯᠡᠭᠰᠡᠨ ᠦᠬᠢᠳ᠎ᠤᠨ ᠳᠤᠮᠳᠠ ᠬᠠᠷ᠎ᠠ ᠬᠦᠷᠮ᠎ᠡ ᠡᠮᠦᠰᠦᠭᠰᠡᠨ ᠪᠢ 《ᠬᠠᠴᠢᠨ》 ᠪᠠᠢᠭᠰᠠᠨ ᠡᠴᠡ ᠪᠦᠬᠦ ᠶᠠᠪᠤᠳᠠᠯ ᠡᠬᠢᠯᠡᠭᠰᠡᠨ ᠪᠠᠢᠯᠬᠦᠢ᠃

ᠭᠡᠳᠡᠯ᠎ᠡ ᠪᠢ ᠬᠠᠷ᠎ᠠ ᠬᠦᠷᠮ᠎ᠡ᠎ᠶᠢᠨ ᠤᠷᠰᠢᠭ ᠡᠴᠡ ᠪᠤᠯᠵᠤ ᠶᠠᠷᠰᠢᠭ ᠲᠦᠪᠡᠭ ᠠᠪᠴᠢᠷᠠᠭᠰᠠᠨ ᠭᠡᠵᠦ ᠶᠡᠷᠦ ᠭᠤᠨᠢᠭᠯᠠᠵᠤ ᠭᠤᠳᠤᠷᠠᠵᠤ ᠦᠩᠭᠡᠷᠡᠭᠰᠡᠨ ᠦᠭᠡᠢ᠃ ᠬᠠᠷ᠎ᠠ ᠬᠦᠷᠮ᠎ᠡ ᠡᠮᠦᠰᠴᠢᠬᠡᠯ᠎ᠡ ᠭᠡᠳ ᠪᠢ ᠳᠦᠷᠦᠭᠦᠦ ᠭᠦᠶᠦᠬᠦ ᠪᠡᠷ᠎ᠢᠶᠡᠨ ᠯᠡ ᠭᠦᠶᠦᠵᠦ ᠴᠢᠳᠠᠭᠰᠠᠨ ᠭᠡᠵᠦ ᠪᠤᠳᠤᠳᠠᠭ ᠯᠠ ᠪᠠᠢᠯ᠎ᠠ ᠁

ᠴᠠᠭ ᠴᠠᠭ᠎ᠢᠶᠡᠷ᠎ᠢᠶᠡᠨ ᠪᠠᠢᠳᠠᠭ ᠦᠭᠡᠢ᠂ ᠴᠠᠭᠢᠯᠳᠠᠭ ᠬᠦᠬᠡ ᠪᠡᠷ᠎ᠢᠶᠡᠨ ᠪᠠᠢᠳᠠᠭ ᠦᠭᠡᠢ᠃ ᠡᠷᠭᠢᠨ ᠳᠤᠭᠤᠷᠢᠨ᠎ᠤ ᠠᠯᠢᠪᠠ ᠪᠦᠬᠦᠨ ᠬᠤᠪᠢᠷᠠᠵᠤ ᠪᠠᠢᠭ᠎ᠠ ᠪᠤᠯᠪᠠᠴᠤ ᠬᠡᠦᠬᠡᠳ ᠪᠦᠬᠦᠳᠡ᠎ᠶᠢᠨ ᠴᠠᠯᠬᠢᠮ᠎ᠠ ᠢᠨᠢᠶᠡᠳᠦ ᠯᠡ ᠳᠡᠷᠡ ᠬᠡᠪ᠎ᠢᠶᠡᠷ᠎ᠢᠶᠡᠨ ᠮᠦᠩᠭᠡᠵᠢᠨ᠎ᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠦᠪᠦᠷ ᠮᠤᠩᠭᠤᠯ᠎ᠤᠨ ᠪᠠᠭᠠᠴᠥᠳ᠎ᠤᠨ ᠰᠤᠨᠢᠨ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号