ᠬᠠᠮᠤᠭ᠎ᠤᠨ ᠠᠩᠬᠢᠯᠤᠮ᠎ᠠ ᠬᠤᠳᠠ — ᠭᠸᠷᠠᠰ
2022-07-01 11:33:40
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠠᠩᠬᠢᠯᠤᠮ᠎ᠠ ᠦᠨᠦᠷᠳᠦ ᠤᠰᠤ ᠵᠢ ᠬᠡᠯᠡᠬᠦ ᠲᠠᠢ ᠵᠡᠷᠭᠡ ᠬᠦᠮᠦᠰ ᠡᠩ ᠳᠡᠷᠢᠭᠦᠨ᠎ᠳᠦ ᠹᠷᠠᠨᠼᠢ ᠤᠯᠤᠰ᠎ᠤᠨ ᠫᠠᠷᠢᠰ ᠬᠤᠳᠠ ᠵᠢ ᠪᠤᠳᠤᠵᠤ ᠤᠯᠳᠠᠭ᠃ ᠦᠨᠡᠨᠳᠡᠭᠡᠨ ᠵᠢᠩᠬᠢᠨᠢ ᠠᠩᠬᠢᠯᠤᠮ᠎ᠠ ᠦᠨᠦᠷᠳᠦ ᠤᠰᠤ᠎ᠶᠢᠨ ᠦᠯᠦᠭᠡᠢ ᠪᠤᠯ ᠹᠷᠠᠨᠼᠢ ᠤᠯᠤᠰ᠎ᠤᠨ ᠡᠮᠦᠨ᠎ᠡ ᠬᠡᠰᠡᠭ᠎ᠲᠦ ᠪᠠᠢᠷᠢᠯᠠᠭᠰᠠᠨ ᠵᠢᠵᠢᠭ ᠬᠤᠳᠠ — ᠭᠸᠷᠠᠰ (Grasse) ᠪᠤᠯᠤᠨ᠎ᠠ᠃

ᠦᠩᠭᠡᠷᠡᠭᠰᠡᠨ ᠳ᠋ᠤ ᠭᠸᠷᠠᠰ ᠬᠤᠳᠠ ᠨᠢ ᠠᠷᠠᠰᠤᠨ ᠪᠡᠭᠡᠯᠡᠢ ᠬᠢᠬᠦ ᠪᠡᠷ ᠠᠯᠳᠠᠷᠰᠢᠵᠠᠢ᠃ ᠨᠢᠭᠡᠨ ᠡᠳᠦᠷ᠂ ᠠᠷᠠᠰᠤᠨ᠎ᠤ ᠮᠠᠭᠤᠬᠠᠢ ᠦᠨᠦᠷ᠎ᠲᠦ ᠬᠠᠯᠠᠰᠢᠷᠠᠭᠰᠠᠨ ᠡᠯᠳᠡᠭᠦᠷᠢᠴᠢᠳ ᠠᠷᠠᠰᠤᠨ ᠪᠡᠭᠡᠯᠡᠢ᠎ᠳᠦ ᠪᠠᠨ ᠦᠨᠦᠷ᠎ᠤᠨ ᠤᠬᠢ ᠬᠢᠵᠦ ᠤᠷᠤᠭᠤᠯᠪᠠ᠃ ᠰᠠᠨᠠᠭᠠᠨ ᠡᠴᠡ ᠭᠠᠳᠠᠭᠤᠷ ᠳᠡᠷᠡ᠎ᠬᠦ ᠠᠩᠬᠢᠯᠤᠮ᠎ᠠ ᠪᠡᠭᠡᠯᠡᠢ ᠨᠢ ᠬᠦᠮᠦᠰ᠎ᠤᠨ ᠪᠠᠬᠠᠷᠬᠠᠯ᠎ᠢ ᠶᠡᠬᠡᠳᠡ ᠤᠯᠵᠠᠢ᠃ ᠳᠡᠭᠦᠨ ᠡᠴᠡ ᠬᠤᠢᠰᠢ᠂ ᠬᠤᠨᠵᠢᠶ᠎ᠠ ᠤᠯᠤᠭᠰᠠᠨ ᠡᠯᠳᠡᠭᠦᠷᠢᠴᠢᠳ ᠪᠡᠭᠡᠯᠡᠢ ᠬᠢᠬᠦ ᠪᠠᠨ ᠪᠤᠯᠢᠵᠤ᠂ ᠡᠷᠬᠢᠮᠰᠦᠭ ᠬᠠᠳᠤᠭᠳᠠᠢ ᠨᠠᠷ᠎ᠲᠦ ᠦᠨᠦᠷᠳᠦ ᠤᠰᠤ ᠵᠤᠬᠢᠶᠠᠵᠤ ᠦᠭᠬᠦ ᠪᠤᠯᠪᠠ᠃ 1730 ᠤᠨ᠎ᠳᠦ ᠹᠷᠠᠨᠼᠢ ᠤᠯᠤᠰ᠎ᠤᠨ ᠬᠠᠮᠤᠭ ᠠᠩᠬᠠᠨ᠎ᠤ ᠦᠨᠦᠷᠳᠦ ᠤᠰᠤᠨ᠎ᠤ ᠺᠤᠮᠫᠠᠨᠢ ᠭᠸᠷᠠᠰ᠎ᠲᠦ ᠪᠠᠢᠭᠤᠯᠤᠭᠳᠠᠵᠤ᠂ ᠠᠩᠬᠢᠯᠤᠮ᠎ᠠ ᠦᠨᠦᠷᠳᠦ ᠤᠰᠤ᠎ᠶᠢᠨ ᠦᠯᠦᠭᠡᠢ ᠪᠤᠯᠬᠤ ᠠᠩᠬᠠᠨ᠎ᠤ ᠬᠦᠰᠢᠭᠡ ᠪᠠᠨ ᠰᠡᠬᠦᠪᠡ᠃

《ᠠᠯᠳᠠᠭᠰᠠᠨ ᠠᠭᠳᠠ ᠠᠷᠪᠠ ᠪᠤᠯᠬᠤ》 ᠭᠡᠳᠡᠭᠴᠢᠯᠠᠨ᠂ ᠮᠠᠭᠤᠬᠠᠢ ᠦᠨᠦᠷ᠎ᠲᠦ ᠬᠠᠰᠢᠷᠠᠭᠰᠠᠨ ᠡᠯᠳᠡᠭᠦᠷᠢᠴᠢᠳ ᠡᠢᠨ᠎ᠬᠦ ᠠᠮᠵᠢᠯᠳᠠ ᠤᠯᠤᠨ᠎ᠠ ᠭᠡᠳᠡᠭ᠎ᠢ ᠪᠤᠳᠤᠵᠤ᠎ᠴᠤ ᠦᠩᠭᠡᠷᠡᠭᠰᠡᠨ ᠦᠭᠡᠢ ᠪᠠᠢᠬ᠎ᠠ ᠡ !

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠦᠪᠦᠷ ᠮᠤᠩᠭᠤᠯ᠎ᠤᠨ ᠪᠠᠭᠠᠴᠥᠳ᠎ᠤᠨ ᠰᠤᠨᠢᠨ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号