ᠬᠡᠤᠬᠡᠳ ᠪᠢᠳᠡᠨ᠎ᠤ ᠬᠦᠰᠡᠯ ᠮᠦᠷᠦᠭᠡᠳᠦᠯ
2022-07-18 10:59:59
ᠵᠣᠬᠢᠶᠠᠭ᠍ᠴᠢ᠄
ᠴᠤᠯᠮᠤᠨ
ᠣᠩᠱᠢᠭ᠍ᠰᠠᠨ ᠣᠳᠠᠭ᠎ᠠ᠄
★★★☆☆

ᠶᠡᠷᠦᠩᠬᠡᠢ ᠱᠦᠵᠢ ᠰᠢ ᠵᠢᠨ ᠫᠢᠩ ᠡᠴᠡ ᠬᠠᠷᠠᠬᠠᠨ ᠪᠠᠭ᠎ᠠ ᠡᠴᠡ ᠪᠠᠨ ᠨᠠᠮ᠎ᠤᠨ ᠦᠬᠡ ᠵᠢ ᠰᠤᠨᠤᠰᠴᠤ᠂ ᠬᠦᠰᠡᠯᠡᠩ᠎ᠢᠶᠡᠨ ᠪᠤᠢ ᠪᠤᠯᠭᠠᠵᠦ᠂ ᠶᠤᠰᠤ ᠰᠤᠷᠳᠠᠬᠤᠨ ᠤᠶᠤᠨ ᠤᠬᠠᠭᠠᠨ ᠪᠡᠶ᠎ᠠ ᠮᠠᠬᠠᠪᠤᠳ ᠭᠤᠸ᠎ᠠ ᠰᠠᠢᠬᠠᠨ ᠬᠦᠳᠡᠯᠮᠦᠷᠢ ᠪᠦᠬᠦ ᠲᠠᠯ᠎ᠠ ᠪᠠᠷ ᠬᠦᠭᠵᠢᠬᠰᠡᠨ ᠰᠢᠨ᠎ᠠ ᠴᠠᠭ᠎ᠤᠨ ᠰᠢᠯᠢᠳᠡᠭ ᠪᠠᠭᠠᠴᠤᠳ ᠪᠤᠯᠬᠤ ᠪᠠᠷ ᠴᠢᠷᠮᠠᠢᠭᠠᠷᠠᠢ ᠭᠡᠵᠦ ᠬᠡᠤᠬᠡᠳ ᠪᠢᠳᠡᠨ ᠳ᠋ᠤ ᠬᠦᠰᠡᠨ ᠨᠠᠢᠳᠠᠭᠰᠠᠨ ᠪᠢᠯᠡ᠃

2022 ᠤᠨ ᠬᠦᠷᠴᠦ ᠢᠷᠡᠯ᠎ᠠ᠂ ᠬᠡᠤᠬᠡᠳ ᠪᠢᠳᠠᠨ᠎ᠳᠤ ᠰᠢᠨ᠎ᠠ ᠬᠦᠰᠡᠯ ᠮᠦᠷᠦᠭᠡᠳᠦᠯ ᠪᠡᠯᠡᠭᠯᠡᠨ ᠬᠦᠷᠦᠭᠡᠳ ᠢᠷᠡᠯ᠎ᠠ᠃ ᠦᠩᠭᠡᠷᠡᠨ ᠤᠳᠬᠤ ᠬᠠᠭᠤᠴᠢᠨ ᠤᠨ ᠬᠦᠰᠡᠯ ᠮᠦᠷᠦᠭᠡᠳᠦᠯ᠎ᠳ᠋ᠸ᠋ ᠮᠢᠨᠢ ᠬᠦᠴᠦ ᠵᠠᠯᠭᠠᠭᠤᠯᠤᠬᠰᠠᠨ ᠪᠤᠯ ᠰᠢᠨ᠎ᠠ ᠤᠨ ᠮᠢᠨᠢ ᠬᠦᠰᠡᠯ ᠮᠦᠷᠦᠭᠡᠳᠦᠯ᠎ᠳᠤ ᠪᠠᠨ ᠬᠦᠷᠬᠦ ᠵᠢᠬᠦᠷ ᠬᠠᠢᠷᠠᠯᠠᠭᠠᠳ ᠢᠷᠡᠯ᠎ᠡ᠃ ᠡᠪ ᠬᠠᠮᠲᠤ ᠶᠤᠰᠤᠨ᠎ᠤ ᠵᠠᠯᠭᠠᠮᠵᠢᠯᠠᠭᠴᠢ ᠪᠤᠯᠤᠭᠰᠠᠨ ᠬᠡᠤᠬᠡᠳ ᠪᠢᠳᠠ ᠰᠢᠨ᠎ᠡ ᠤᠨ᠎ᠤ ᠰᠢᠨᠡᠬᠡᠨ ᠬᠦᠰᠡᠯ ᠮᠦᠷᠦᠭᠡᠳᠦᠯ ᠵᠦᠭ᠎ᠢᠶᠡᠨ ᠮᠤᠷᠳᠠᠨ᠎ᠠ᠃

ᠵᠢᠨ ᠮᠠᠩᠯᠠᠢ᠄ ᠲᠤᠮᠤ ᠨᠤᠮ᠎ᠤᠨ ᠰᠠᠩ᠎ᠢᠶᠡᠷ ᠠᠶᠠᠯᠠᠨ᠎ᠠ

ᠨᠤᠮ ᠪᠤᠯ ᠮᠡᠳᠡᠯᠭᠡ᠎ᠶᠢᠨ ᠴᠤᠩᠬᠤ᠃ ᠪᠢᠳᠠ ᠡᠷᠳᠡᠮ ᠮᠡᠳᠡᠯᠭᠡ᠎ᠶᠢᠨ ᠴᠤᠩᠬᠤ ᠵᠢ ᠨᠡᠭᠡᠭᠡᠮᠡᠨᠵᠢᠨ ᠰᠠᠶᠢ ᠶᠢᠷᠲᠢᠴᠤ ᠵᠢ ᠬᠠᠷᠠᠵᠦ ᠴᠢᠳᠠᠨ᠎ᠠ᠃ ᠳᠠᠷᠬᠠᠨ ᠮᠤᠤᠮᠢᠩᠭᠠᠨ ᠬᠤᠯᠪᠤᠭᠠᠲᠤ ᠬᠤᠰᠢᠭᠤᠨ᠎ᠤ ᠮᠤᠩᠭᠤᠯ ᠰᠤᠷᠭᠠᠭᠤᠯᠢ᠎ᠶᠢᠨ 5.2 ᠠᠩᠬᠢ᠎ᠶᠢᠨ ᠵᠢᠨ ᠮᠠᠩᠯᠠᠢ ᠪᠤᠯ ᠶᠠᠭ ᠨᠤᠮ ᠲᠤᠲᠤᠷ᠎ᠠ ᠡᠴᠡ ᠳᠡᠯᠡᠬᠡᠢ ᠵᠢ ᠬᠠᠷᠠᠵᠦ ᠪᠠᠢᠳᠠᠭ ᠨᠢᠭᠡᠨ ᠪᠢᠯᠡ᠃

— ᠪᠢ ᠬᠠᠮᠤᠭ᠎ᠤᠨ ᠠᠩᠬ᠎ᠠ 《ᠳᠡᠯᠭᠡᠭᠦᠷ ᠡᠷᠬᠢᠯᠡᠭᠴᠢ ᠬᠦᠯᠦᠭᠡ 》ᠬᠡᠬᠦ ᠵᠢᠷᠤᠭᠲᠤ ᠨᠤᠮ᠎ᠢ ᠦᠵᠡᠭᠰᠡᠨ᠂ ᠲᠡᠬᠦᠨ᠎ᠡᠴᠡ ᠬᠤᠢᠰᠢ ᠮᠢᠩᠭᠠᠨ ᠨᠤᠮ ᠤᠩᠰᠢᠭᠠᠳ ᠪᠠᠢᠭ᠎ᠠ ᠶᠤᠮ᠃ 2021 ᠤᠨ᠎ᠳᠤ᠂ ᠪᠢ ᠭᠠᠵᠠᠷ ᠵᠦᠢ᠎ᠶᠢᠨ ᠲᠦᠷᠦᠯ᠎ᠤᠨ ᠨᠤᠮ ᠤᠩᠰᠢᠭᠰᠠᠨ᠃ 2022 ᠤᠨ᠎ᠳᠤ ᠬᠢᠴᠢᠶᠡᠯ᠎ᠢᠶᠡᠨ ᠰᠠᠢᠨ ᠰᠤᠷᠬᠤ ᠪᠠᠷ ᠪᠠᠷᠠᠬᠤ ᠦᠬᠡᠢ ᠰᠢᠨᠵᠢᠯᠡᠭᠡᠨ᠎ᠤ ᠲᠦᠷᠦᠯ᠎ᠤᠨ ᠨᠤᠮ ᠤᠩᠰᠢᠬᠤ ᠪᠡᠷ ᠨᠢᠭᠡᠨᠳᠡ ᠡᠬᠢᠯᠡᠴᠢᠬᠡᠭᠰᠡᠨ ᠶᠤᠮ᠃ ᠮᠦᠨ ᠴᠸ᠋ ᠪᠠᠰᠠ ᠠᠮᠠᠷᠠᠯᠳᠠ᠎ᠪᠠᠷ ᠮᠠᠨ᠎ᠤ ᠤᠯᠤᠰ᠎ᠤᠨ ᠲᠤᠮᠤ ᠲᠤᠮᠤ ᠨᠤᠮ᠎ᠤᠨ ᠰᠠᠩ᠎ᠢᠶᠡᠷ ᠠᠶᠠᠯᠠᠵᠦ ᠦᠵᠡᠬᠦ ᠬᠦᠰᠡᠯ ᠲᠡᠢ᠃

ᠠᠷᠤᠯᠤᠨ᠄ Python ᠎ᠢᠶᠡᠷ ᠫᠷᠤᠭ᠌ᠷᠠᠮ ᠨᠠᠢᠷᠠᠭᠤᠯᠵᠤ ᠰᠤᠷᠤᠨ᠎ᠠ


QQ图片20220718105740.png


《ᠬᠤᠵᠢᠮ ᠰᠢᠨᠵᠢᠯᠡᠬᠦ ᠤᠬᠠᠭᠠᠨᠳᠠᠨ ᠪᠤᠯᠵᠦ᠂ ᠬᠦᠨᠳᠦ ᠬᠦᠳᠡᠯᠮᠦᠷᠢ ᠬᠢᠵᠦ ᠪᠠᠢᠭ᠎ᠠ ᠬᠦᠮᠦᠰ᠎ᠢ ᠴᠢᠯᠦᠭᠡᠯᠡᠵᠦ ᠲᠡᠢᠯᠬᠦ ᠮᠠᠰᠢᠨ ᠬᠦᠮᠦᠨ ᠵᠤᠬᠢᠶᠠᠬᠤ ᠰᠠᠨᠠᠭᠠᠳᠠᠢ》ᠭᠡᠬᠦ ᠠᠯᠤᠰ᠎ᠤᠨ ᠪᠤᠳᠤᠯ ᠲᠠᠢ ᠪᠠᠭᠠᠷᠢᠨ ᠪᠠᠷᠠᠭᠤᠨ ᠬᠤᠰᠢᠭᠤᠨ᠎ᠤ᠎ᠳ᠋ᠠᠪᠠᠨ᠎ᠤ ᠮᠤᠩᠭᠤᠯ ᠦᠨᠳᠦᠰᠦᠲᠠᠨ᠎ᠤ ᠲᠤᠷᠰᠢᠯᠳᠠ᠎ᠶᠢᠨ ᠪᠠᠭ᠎ᠠ ᠰᠤᠷᠭᠠᠭᠤᠯᠢ᠎ᠶᠢᠨ 4.2 ᠠᠩᠬᠢ᠎ᠶᠢᠨ  ᠠᠷᠤᠯᠤᠨ ᠮᠠᠨᠢ 2021 ᠤᠨ᠎ᠳᠤ ᠪᠠᠨ ᠬᠤᠷᠢᠶᠠᠯᠳᠠ ᠡᠯᠪᠡ  ᠪᠠᠢᠯ᠎ᠠ᠃

— ᠪᠢ  Python᠂ Scratch Python᠂ IIustrator᠂ Photoshop  ᠵᠡᠷᠭᠡ ᠳᠦᠷᠪᠡᠨ ᠲᠦᠷᠦᠯ᠎ᠤᠨ ᠫᠷᠤᠭ᠌ᠷᠡᠮ ᠰᠤᠷᠴᠤ ᠪᠠᠢᠨ᠎ᠠ᠃ 2022 ᠤᠨ᠎ᠳᠤ ᠪᠢ ᠮᠠᠰᠢᠨ ᠬᠦᠮᠦᠨ᠎ᠤ ᠤᠷᠤᠯᠳᠤᠭᠠᠨ᠎ᠳᠤ ᠲᠡᠷᠢᠬᠦᠯᠡᠬᠦ ᠬᠦᠰᠡᠯ ᠲᠠᠢ᠂ ᠪᠠᠰᠠ ᠰᠤᠷᠤᠭᠰᠠᠨ ᠮᠡᠷᠭᠡᠵᠢᠯ᠎ᠢᠶᠡᠨ ᠳᠡᠭᠡᠭᠰᠢᠯᠡᠬᠦᠯᠵᠦ᠂ Scratch᠎ᠢᠶᠡᠷ ᠲᠦᠭᠦᠮᠬᠡᠨ ᠫᠷᠤᠭ᠌ᠷᠠᠮ ᠨᠠᠢᠷᠠᠭᠤᠯᠳᠠᠭ ᠪᠠᠢᠭᠰᠠᠨ ᠡᠴᠡ ᠪᠠᠨ  Python᠎ᠢᠶᠡᠷ ᠨᠡᠩ ᠲᠡᠭᠡᠳᠦ ᠮᠡᠷᠭᠡᠵᠢᠯ᠎ᠤᠨ ᠮᠠᠰᠢᠨ ᠬᠦᠮᠦᠨ᠎ᠤ ᠫᠷᠤᠭ᠌ᠷᠠᠮ ᠨᠠᠢᠷᠠᠭᠤᠯᠤᠶ᠎ᠠ ᠭᠡᠵᠦ ᠪᠤᠳᠤᠵᠦ ᠪᠠᠢᠨ᠎ᠠ᠃ Python᠎ᠪᠤᠯ ᠺᠤᠮᠫᠢᠥᠢ᠍ᠲ᠋ᠸᠷ᠎ᠤᠨ ᠫᠷᠤᠭ᠌ᠷᠠᠮ ᠨᠠᠢᠷᠠᠭᠤᠯᠬᠤ ᠬᠡᠯᠡᠨ᠎ᠤ ᠲᠦᠷᠦᠯ ᠪᠤᠯᠤᠨ᠎ᠠ᠂ ᠦᠨᠳᠦᠷ ᠮᠡᠷᠭᠡᠵᠢᠯ ᠱᠠᠭᠠᠷᠳᠠᠳᠠᠭ ᠰᠢᠦ᠃

ᠠᠮᠤᠷᠵᠠᠶᠠᠭ᠎ᠠ᠄ ᠰᠢᠯᠢᠳᠡᠭ ᠪᠦᠲᠤᠮᠵᠢ ᠪᠠᠷ ᠠᠩᠬ᠎ᠠ ᠳᠤᠮᠳᠠᠳᠤ ᠎ᠳᠤ ᠲᠠᠪᠰᠢᠨ᠎ᠠ

ᠰᠢᠯᠢᠩᠬᠤᠳᠠ᠎ᠶᠢᠨ ᠮᠤᠩᠭᠤᠯ ᠦᠨᠳᠦᠰᠦᠲᠠᠨ᠎ᠤ ᠪᠠᠭ᠎ᠠ ᠰᠤᠷᠭᠠᠭᠤᠯᠢ᠎ᠶᠢᠨ 6.4 ᠠᠩᠬᠢ᠎ᠶᠢᠨ ᠠᠮᠤᠷᠵᠠᠶᠠᠭ᠎ᠠ᠎ᠳᠤ ᠠᠪᠴᠤ ᠬᠡᠯᠡᠪᠡᠯ 2022 ᠤᠨ ᠪᠤᠯ ᠴᠢᠬᠤᠯᠠ ᠨᠢᠭᠡ ᠵᠢᠯ ᠪᠤᠯᠤᠨ᠎ᠠ᠃ ᠨᠢᠭᠡ᠎ᠳᠤ ᠲᠡᠷᠡ 13 ᠨᠠᠰᠤᠨ᠎ᠤ ᠵᠢᠯ ᠤᠷᠤᠨ᠎ᠠ᠂ ᠲᠠᠬᠢᠪᠠᠯ ᠲᠡᠷᠡ ᠪᠠᠰᠠ ᠪᠠᠭ᠎ᠠ ᠰᠤᠷᠭᠠᠭᠤᠯᠢ ᠪᠠᠨ ᠲᠡᠭᠦᠰᠴᠦ ᠠᠩᠬ᠎ᠠ ᠳᠤᠮᠳᠠᠳᠤ᠎ᠶᠢᠨ ᠰᠤᠷᠤᠭᠴᠢ ᠪᠤᠯᠬᠤ ᠭᠡᠵᠦ ᠪᠠᠢᠭ᠎ᠠ ᠰᠠᠨ᠃

— ᠢᠷᠡᠬᠦ ᠵᠢᠯ ᠪᠢ 13 ᠨᠠᠰᠤᠨ᠎ᠤ ᠵᠢᠯ ᠤᠷᠤᠨ᠎ᠠ᠃ ᠵᠢᠯ ᠤᠷᠤᠵᠦ ᠤᠬᠠᠭᠠᠨ ᠨᠡᠮᠡᠭᠳᠡᠬᠦ ᠲᠤᠯᠡ 13 ᠨᠠᠰᠤᠨ᠎ᠤ ᠵᠢᠯ᠎ᠢᠶᠡᠨ ᠳᠤᠷᠠᠳᠬᠠᠯ ᠳᠦᠬᠦᠷᠡᠩ ᠦᠩᠭᠡᠷᠡᠬᠦᠯᠤᠶ᠎ᠠ ᠭᠡᠵᠦ ᠪᠤᠳᠤᠵᠦ ᠪᠠᠢᠨ᠎ᠠ᠃ ᠪᠢ ᠰᠢᠲᠠᠷ᠎ᠠ ᠲᠤᠭᠯᠠᠬᠤ ᠳᠤᠷᠠᠳᠠᠢ᠃ 2021 ᠤᠨ᠎ᠳᠤ ᠰᠢᠲᠠᠷ᠎ᠠ᠎ᠶᠢᠨ ᠲᠠᠪᠤᠳᠤᠭᠠᠷ ᠳᠡᠰ᠎ᠢ ᠠᠪᠤᠭᠰᠠᠨ᠂ 2022 ᠤᠨ᠎ᠳᠤ ᠳᠡᠰ᠎ᠢᠶᠡᠨ ᠠᠬᠢᠭᠤᠯᠬᠤ ᠵᠢ ᠵᠤᠷᠢᠵᠦ ᠪᠠᠢᠨ᠎ᠠ᠃ ᠡᠨᠡ ᠨᠢ ᠮᠦᠨ ᠴᠸ᠋ ᠮᠢᠨᠤ 13 ᠨᠠᠰᠤᠨ᠎ᠤ ᠪᠡᠯᠡᠭ᠎ᠤᠨ ᠨᠢᠭᠡ ᠪᠤᠯᠤᠨ᠎ᠠ᠃ ᠳᠠᠬᠢᠪᠠᠯ᠂ ᠪᠢ ᠪᠠᠭ᠎ᠠ ᠰᠤᠷᠭᠠᠭᠤᠯᠢ᠎ᠶᠢᠨ ᠠᠮᠢᠳᠤᠷᠠᠯ᠎ᠢᠶᠡᠨ ᠳᠡᠬᠦᠰ ᠰᠠᠢᠬᠠᠨ ᠦᠩᠬᠡᠷᠡᠬᠦᠯᠵᠦ᠂ ᠰᠢᠯᠢᠳᠡᠭ ᠬᠢᠷᠢ ᠪᠦᠲᠦᠮᠵᠢ ᠪᠠᠷ ᠠᠩᠬ᠎ᠠ ᠳᠤᠮᠳᠠᠳᠤ᠎ᠳᠤ ᠲᠠᠪᠰᠢᠬᠤ ᠬᠦᠰᠡᠯ ᠲᠠᠢ᠃ ᠠᠩᠬ᠎ᠠ ᠳᠤᠮᠳᠠᠳᠤ᠎ᠳᠤ ᠰᠢᠨ᠎ᠠ ᠬᠢᠴᠢᠶᠡᠯ ᠲᠦᠷᠦᠯ ᠨᠡᠮᠡᠭᠳᠡᠳᠡᠭ ᠭᠡᠵᠦ ᠰᠤᠨᠤᠰᠤᠭᠰᠠᠨ᠂ ᠰᠢᠨ᠎ᠠ ᠬᠢᠴᠢᠶᠡᠯ ᠲᠦᠷᠦᠯ ᠰᠤᠷᠴᠤ᠂ ᠨᠡᠩ ᠤᠯᠠᠨ ᠮᠡᠳᠡᠯᠭᠡ ᠡᠵᠡᠮᠰᠢᠬᠦ ᠪᠤᠯᠤᠭᠰᠠᠨ᠎ᠳᠤ ᠪᠠᠨ ᠪᠠᠶᠠᠷ ᠳᠠᠢ ᠪᠠᠢᠨ᠎ᠠ᠃

ᠴᠡᠯᠡᠭᠡᠷ᠄ ᠤᠷᠭᠤᠮᠠᠯ᠎ᠤᠨ ᠵᠠᠭᠪᠤᠷ᠎ᠢᠶᠡᠨ ᠤᠯᠠᠨ ᠪᠤᠯᠭᠠᠨ᠎ᠠ


QQ图片20220718105800.png


《ᠭᠠᠵᠠᠷ ᠤᠷᠭᠤᠮᠠᠯ᠎ᠤᠨ ᠪᠤᠯᠠᠭ᠂ ᠭᠠᠯ ᠠᠮᠢᠳᠤᠷᠠᠯ᠎ᠤᠨ ᠪᠤᠯᠠᠭ》ᠭᠡᠳᠡᠭ᠃ ᠭᠠᠵᠠᠷ ᠳᠡᠯᠡᠬᠡᠢ ᠭᠠᠩᠭᠠᠩ ᠪᠠᠢᠭᠠᠯᠢ ᠪᠤᠯ ᠬᠦᠮᠦᠨ ᠪᠢᠳᠠᠨ᠎ᠤ ᠠᠮᠢᠳᠤᠷᠠᠨ ᠤᠷᠤᠰᠢᠬᠤ ᠤᠷᠤᠨ ᠪᠤᠯᠤᠨ᠎ᠠ᠃ ᠠᠯᠠᠱᠠ ᠪᠠᠷᠠᠭᠤᠨ ᠬᠤᠰᠢᠭᠤᠨ᠎ᠤ ᠰᠢᠭᠤᠳ ᠬᠠᠷᠢᠶ᠎ᠠ ᠮᠤᠩᠭᠤᠯ ᠦᠨᠳᠦᠰᠦᠲᠠᠨ᠎ᠤ ᠪᠦᠷᠢᠨ ᠪᠠᠭ᠎ᠠ ᠰᠤᠷᠭᠠᠭᠤᠯᠢ᠎ᠶᠢᠨ 4.1 ᠠᠩᠭᠢ᠎ᠶᠢᠨ ᠴᠡᠯᠡᠭᠡᠷ ᠪᠤᠯ ᠤᠷᠭᠤᠮᠠᠯ᠎ᠤᠨ ᠵᠠᠭᠪᠤᠷ ᠴᠤᠭᠯᠠᠭᠤᠯᠵᠦ ᠡᠬᠡ ᠪᠠᠢᠭᠠᠯᠢ᠎ᠶᠢᠨ᠎ᠢᠶᠡᠨ ᠪᠠᠶᠠᠨ ᠲᠠᠩᠰᠤᠭ᠎ᠢ ᠮᠡᠳᠡᠷᠡᠳᠡᠭ ᠨᠢᠭᠡᠨ᠃

— ᠪᠢ ᠡᠪᠡᠰᠦ ᠤᠷᠭᠤᠮᠨᠯ᠎ᠤᠨ ᠵᠠᠭᠪᠤᠷ ᠴᠤᠭᠯᠠᠭᠤᠯᠬᠤ ᠳᠤᠷᠠᠳᠠᠢ᠃ ᠤᠳᠤ ᠨᠢᠭᠡᠨᠳᠡ 50 ᠭᠠᠷᠤᠢ ᠵᠠᠭᠪᠤᠷ ᠴᠤᠭᠯᠠᠭᠤᠯᠤᠭᠰᠠᠨ᠃ ᠤᠷᠭᠤᠮᠠᠯ᠎ᠤᠨ ᠵᠠᠭᠪᠤᠷ ᠴᠤᠭᠯᠠᠭᠤᠯᠬᠤ ᠳᠤᠮᠳᠠ ᠡᠴᠡ ᠪᠢ ᠡᠬᠡ ᠪᠠᠢᠭᠠᠯᠢ ᠪᠠᠨ ᠬᠠᠢᠷᠠᠯᠠᠬᠤ ᠵᠢ ᠮᠡᠳᠡᠭᠰᠡᠨ᠂ ᠨᠤᠲᠤᠭ ᠤᠰᠤᠨ᠎ᠤ ᠪᠠᠨ ᠡᠪᠡᠰᠦ ᠤᠷᠭᠤᠮᠠᠯ ᠲᠠᠢ ᠲᠠᠨᠢᠯᠴᠠᠭᠰᠠᠨ᠃ ᠬᠤᠷᠠᠭᠠᠨ ᠴᠢᠬᠢ᠂ ᠳᠠᠤᠯᠠᠢ᠎ᠶᠢᠨ ᠲᠠᠩᠨᠠᠢ᠂ ᠨᠤᠬᠠᠢ᠎ᠶᠢᠨ ᠬᠤᠰᠢᠭᠤ ᠮᠡᠲᠦ᠎ᠶᠢᠨ ᠤᠷᠭᠤᠮᠠᠯ᠎ᠢ ᠲᠠᠨᠢᠭᠰᠠᠨ᠃ ᠬᠦᠮᠡᠯᠢ ᠲᠠᠭᠠᠨ᠎ᠠ ᠤᠨᠳᠤᠤ ᠪᠠᠢᠳᠠᠭ᠂ ᠬᠦᠮᠡᠯᠢ᠎ᠶᠢᠨ ᠡᠰᠢ ᠨᠢ ᠰᠢᠯᠤᠭᠤᠨ᠂ ᠪᠦᠭᠡᠷᠡᠩᠬᠡᠢ ᠪᠦᠭᠡᠳ ᠬᠢᠯᠦᠭᠡᠷ᠂ ᠲᠠᠭᠠᠨ᠎ᠠ᠎ᠶᠢᠨ ᠭᠤᠤᠯ᠎ᠤᠨ ᠬᠠᠢᠷᠰᠤᠯᠢᠭ ᠡᠰᠢ ᠨᠢ ᠶᠡᠷᠦ᠎ᠳᠤ ᠪᠠᠨ ᠬᠠᠲᠠᠭᠰᠠᠨ ᠪᠠᠢᠳᠠᠭ᠂ ᠤᠯᠠᠨ ᠰᠠᠯᠠᠭᠠᠯᠠᠭᠰᠠᠨ ᠳᠡᠭᠡᠰᠦ ᠮᠡᠲᠦ ᠰᠠᠬᠠᠯ ᠦᠨᠳᠦᠰᠦ ᠲᠠᠢ᠃ ᠪᠠᠰᠠ ᠵᠠᠷᠢᠮ ᠤᠷᠭᠤᠮᠠᠯ ᠴᠦᠬᠡᠷᠡᠨ ᠬᠤᠪᠤᠷᠳᠠᠵᠦ ᠪᠠᠢᠭ᠎ᠠ ᠵᠢ ᠮᠡᠳᠡᠭᠰᠡᠨ᠃ 2022 ᠤᠨ᠎ᠳᠤ ᠪᠢ ᠳᠡᠬᠦᠦ ᠲᠠᠢ ᠪᠠᠨ ᠬᠠᠮᠲᠤ ᠭᠤᠴᠢ ᠭᠠᠷᠤᠢ ᠡᠪᠡᠰᠦ ᠤᠷᠭᠤᠮᠠᠯ᠎ᠤᠨ ᠵᠠᠭᠪᠤᠷ᠎ᠢ ᠨᠡᠮᠡᠵᠦ ᠴᠤᠭᠯᠠᠭᠤᠯᠤᠶ᠎ᠠ ᠭᠡᠵᠦ ᠪᠤᠳᠤᠵᠦ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠹᠦ᠋ ᠭᠸᠨ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号