ᠲᠡᠳᠡᠨ᠎ᠤ 《ᠨᠠᠢᠵᠠ᠎ᠶᠢᠨ ᠲᠤᠭᠤᠷᠢᠭ》 ᠲᠸ᠋ ᠤᠷᠤᠬᠤ ᠤᠤ
2022-07-18 11:56:19
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠵᠤᠯᠠ ᠡᠭᠡᠴᠢ ᠡ᠄

ᠪᠢ ᠭᠠᠭᠴᠠᠭᠠᠷ ᠰᠠᠭᠤᠭᠠᠳ ᠨᠤᠮ ᠤᠩᠰᠢᠶ᠎ᠠ ᠬᠡᠬᠦ ᠪᠡᠷ ᠠᠩᠬᠢ᠎ᠶᠢᠨ ᠨᠦᠬᠦᠳ᠎ᠤᠨ᠎ᠢᠶᠡᠨ ᠶᠠᠷᠢᠯᠴᠠᠭᠠᠨ᠎ᠳᠦ ᠳᠠᠳᠠᠭᠳᠠᠭᠠᠳ ᠪᠠᠢᠨ᠎ᠠ᠃ ᠳᠡᠳᠡ ᠨᠢᠭᠡᠳᠦᠭᠡᠷ ᠤᠨ ᠡᠴᠡ ᠪᠠᠨ ᠰᠠᠢᠨ ᠳᠠᠭᠠᠷᠠᠯᠴᠠᠬᠤ ᠪᠤᠯᠤᠭᠰᠠᠨ ᠪᠦᠭᠡᠳ ᠳᠠᠭᠤᠤ᠂ ᠵᠢᠷᠤᠭ᠂ ᠺᠢᠨᠤ᠋ ᠭᠡᠳ ᠮᠠᠰᠢ ᠤᠯᠠᠨ ᠰᠤᠨᠢᠷᠬᠠᠯᠳᠠᠢ ᠵᠦᠢᠯ ᠵᠤᠭᠤᠭᠳᠠᠳᠠᠭ᠃ ᠪᠢ ᠳᠡᠳᠡᠨ᠎ᠤ 《ᠨᠠᠢᠵᠠ᠎ᠶᠢᠨ ᠳᠤᠭᠤᠷᠢᠭ》 ᠲᠦ᠍ ᠪᠠᠭᠳᠠᠵᠤ᠂ ᠳᠡᠳᠡᠨ ᠲᠠᠢ ᠶᠠᠷᠢᠶ᠎ᠠ ᠬᠦᠬᠡᠷᠦᠬᠡ ᠲᠠᠢ ᠰᠠᠢᠬᠠᠨ ᠶᠠᠪᠤᠯᠴᠠᠶ᠎ᠠ ᠭᠡᠵᠦ ᠪᠤᠳᠤᠳᠠᠭ᠂ ᠭᠡᠳᠡᠯ᠎ᠡ ᠡᠳᠦᠷ ᠬᠤᠨᠤᠭ ᠦᠩᠭᠡᠷᠡᠬᠦ ᠳᠤᠳᠤᠮ ᠪᠢ ᠶᠠᠭ ᠳᠡᠳᠡᠨ᠎ᠤ ᠶᠠᠷᠢᠯᠴᠠᠭᠠᠨ ᠳᠤᠮᠳᠠ ᠤᠷᠤᠵᠤ ᠴᠢᠳᠠᠬᠤ ᠦᠭᠡᠢ ᠪᠤᠯᠤᠭᠰᠠᠨ ᠰᠢᠭ᠋ ᠁ ᠳᠡᠳᠡ ᠨᠠᠮ᠎ᠠ ᠵᠢ ᠳᠤᠭᠤᠬᠤ ᠦᠭᠡᠢ ᠪᠤᠯᠬᠤᠷ ᠨᠠᠳᠠ᠎ᠳᠦ ᠡᠢᠮᠦ ᠳᠦᠷᠦᠭᠳᠡᠯ ᠦᠭᠴᠦ ᠪᠠᠢᠭ᠎ᠠ᠎ᠤᠤ ?

ᠵᠤᠯᠠ ᠡᠭᠡᠴᠢ ᠡ᠂ ᠪᠢ ᠳᠡᠳᠡᠨ᠎ᠤ ᠨᠠᠢᠵᠠ᠎ᠶᠢᠨ ᠳᠤᠭᠤᠷᠢᠭ᠎ᠲᠦ ᠤᠷᠤᠬᠤ ᠪᠡᠷ ᠳᠤᠷᠰᠢᠵᠤ ᠦᠵᠡᠬᠦ᠎ᠤᠤ ?

                                                     ᠡᠭᠦᠨ᠎ᠡ ᠰᠤᠮᠢᠶ᠎ᠠ ᠡᠴᠡ

ᠰᠤᠮᠢᠶ᠎ᠠ ᠳᠡᠭᠦᠦ᠎ᠳᠦ

ᠶᠠᠭᠤᠨ᠎ᠤ ᠡᠮᠦᠨ᠎ᠡ ᠵᠤᠯᠠ ᠡᠭᠡᠴᠢ ᠨᠢ《ᠳᠡᠭᠦᠦ ᠮᠢᠨᠢ ᠳᠤᠷᠰᠢᠵᠤ ᠦᠵᠡᠭᠦ ᠨᠢ ᠵᠦᠢᠳᠡᠢ》ᠭᠡᠵᠦ ᠪᠠᠳᠤᠳᠠᠢ ᠬᠡᠯᠡᠶ᠎ᠡ᠃ ᠬᠦᠮᠦᠨ ᠪᠦᠬᠦᠨ ᠶᠠᠷᠢᠶ᠎ᠠ ᠬᠦᠭᠡᠷᠦᠬᠡ ᠲᠠᠢ ᠠᠮᠢᠳᠤᠷᠠᠯ᠎ᠳᠦ ᠳᠤᠷᠠᠳᠠᠢ᠃ ᠳᠡᠭᠦᠦ ᠮᠢᠨᠢ ᠲᠠ ᠨᠠᠢᠵᠠ ᠨᠠᠷ᠎ᠤᠨ᠎ᠢᠶᠡᠨ ᠵᠤᠭᠤᠭ᠎ᠲᠦ ᠰᠤᠨᠢᠷᠬᠠᠯ ᠳᠦᠷᠦᠳᠡᠭ ᠪᠤᠯ ᠵᠤᠷᠢᠭ᠎ᠢᠶᠡᠨ ᠬᠦᠪᠴᠢᠯᠡᠵᠦ᠄《ᠨᠠᠢᠵᠠ ᠨᠠᠷ ᠡ᠂ ᠪᠢ ᠲᠠ ᠨᠠᠷ᠎ᠤᠨ ᠶᠠᠷᠢᠯᠴᠠᠭᠠᠨ᠎ᠳᠦ ᠤᠷᠤᠯᠴᠠᠵᠤ ᠪᠤᠯᠬᠤ᠎ᠤᠤ ?》ᠭᠡᠵᠦ ᠰᠠᠨᠠᠭᠠᠴᠢᠯᠠᠭ᠎ᠠ ᠲᠠᠢ ᠪᠡᠷ ᠵᠤᠭᠤᠭ ᠡᠭᠦᠰᠬᠡᠵᠦ ᠪᠤᠯᠤᠨ᠎ᠠ᠃ ᠲᠠ ᠨᠦᠬᠦᠷᠰᠡᠭ᠎ᠢᠶᠡᠷ ᠤᠢᠷᠠᠳᠤᠬᠤ᠎ᠳᠦ ᠨᠠᠢᠵᠠ ᠨᠠᠷ ᠴᠢᠨᠢ᠎ᠴᠤ ᠳᠤᠷᠠᠳᠠᠢᠶ᠎ᠠ ᠬᠦᠯᠢᠶᠡᠨ ᠠᠪᠬᠤ ᠪᠠᠢᠬ᠎ᠠ ⁈

ᠬᠡᠷᠪᠡ ᠳᠡᠭᠡᠷᠡᠬᠢ ᠳᠦᠰᠦᠭᠡᠯᠡᠯ ᠪᠤᠷᠤᠭᠤ ᠪᠤᠯᠤᠭᠰᠠᠨ ᠪᠤᠯ ᠪᠤᠰᠤᠳ ᠵᠠᠮ᠎ᠢ ᠰᠦᠪᠡᠭᠴᠢᠯᠡᠵᠦ ᠪᠤᠯᠤᠨ᠎ᠠ᠃ ᠲᠠ ᠶᠠᠷᠢᠶᠠᠨ᠎ᠳᠦ ᠪᠠᠨ 《ᠨᠤᠮ ᠤᠩᠰᠢᠬᠤ》 ᠭᠡᠵᠦ ᠶᠠᠷᠢᠭᠰᠠᠨ ᠪᠠᠢᠳᠠᠭ᠃ ᠬᠡᠷᠪᠡ ᠨᠤᠮ ᠤᠩᠰᠢᠬᠤ ᠨᠢ ᠳᠠᠨ᠎ᠤ ᠵᠢᠩᠬᠢᠨᠢ ᠳᠤᠷ᠎ᠠ ᠰᠤᠨᠢᠷᠬᠠᠯ ᠪᠤᠯ ᠲᠠ ᠬᠢᠷᠠᠬᠠᠢ ᠪᠡᠷ ᠴᠢᠮ᠎ᠠ ᠲᠠᠢ ᠠᠳᠠᠯᠢ ᠨᠤᠮ ᠳᠡᠪᠳᠡᠷ᠎ᠲᠦ ᠪᠠᠬᠠᠳᠠᠢ ᠬᠦᠮᠦᠰ᠎ᠲᠦ 《ᠬᠠᠢᠯᠳᠠ》 ᠬᠢᠵᠦ ᠪᠤᠯᠤᠨ᠎ᠠ᠃ ᠠᠳᠠᠯᠢᠬᠠᠨ ᠳᠤᠷ᠎ᠠ ᠰᠤᠨᠢᠷᠬᠠᠯ ᠲᠠᠢ ᠬᠦᠮᠦᠰ ᠠᠮᠠᠷᠬᠠᠨ ᠨᠠᠢᠵᠠ ᠪᠤᠯᠵᠤ ᠴᠢᠳᠠᠳᠠᠭ᠃ ᠬᠡᠷᠪᠡ ᠲᠠ ᠦᠨᠡᠨ᠎ᠬᠦ ᠰᠠᠢᠨ ᠨᠠᠢᠵᠠ ᠡᠷᠢᠵᠦ ᠪᠠᠢᠪᠠᠯ ᠦᠪᠡᠷ᠎ᠢᠶᠡᠨ ᠬᠦᠳᠡᠯᠦᠩᠭᠦᠢ ᠪᠠᠢᠬᠤ ᠨᠢ ᠰᠠᠢᠨ ᠶᠤᠮ᠃

ᠬᠡᠷᠪᠡ ᠲᠠ ᠭᠠᠭᠴᠠᠭᠠᠷᠳᠠᠯ ᠡᠴᠡ ᠠᠶᠤᠵᠤ ᠵᠦᠪᠬᠡᠨ ᠦᠩᠭᠡᠨ ᠳᠠᠯ᠎ᠠ᠎ᠶᠢᠨ ᠨᠠᠢᠵᠠ᠎ᠶᠢᠨ ᠳᠤᠭᠤᠷᠢᠭ ᠡᠷᠢᠵᠦ ᠪᠠᠢᠭ᠎ᠠ ᠪᠤᠯ ᠡᠭᠡᠴᠢ ᠨᠢ ᠳᠠᠨ᠎ᠳᠦ᠄ 《ᠢᠩᠬᠢᠵᠦ ᠬᠢᠭᠰᠡᠨ᠎ᠤ ᠴᠢᠬᠤᠯᠠ ᠦᠭᠡᠢ》 ᠭᠡᠵᠦ ᠬᠡᠯᠡᠮᠡᠷ ᠪᠠᠢᠨ᠎ᠠ᠃ ᠲᠠ ᠪᠤᠰᠤᠳ ᠲᠠᠢ ᠶᠠᠷᠢᠯᠴᠠᠬᠤ ᠵᠤᠷᠢᠭ ᠬᠠᠷᠠᠬᠠᠨ ᠭᠦᠢᠴᠡᠳ ᠦᠭᠡᠢ ᠪᠤᠯ ᠦᠪᠡᠷ᠎ᠢ ᠪᠠᠨ ᠠᠯᠪᠠᠳᠠᠭᠰᠠᠨ᠎ᠤ ᠴᠢᠬᠤᠯᠠ ᠦᠭᠡᠢ ᠰᠢᠤ᠃ ᠭᠠᠭᠴᠠᠭᠠᠷ ᠪᠠᠢᠬᠤ ᠨᠢ ᠳᠡᠷᠡ ᠴᠢᠭ᠎ᠢᠶᠡᠷ᠎ᠢᠶᠡᠨ ᠮᠠᠭᠤ ᠶᠠᠪᠤᠳᠠᠯ ᠪᠢᠰᠢ᠂ ᠮᠠᠰᠢ ᠤᠯᠠᠨ ᠬᠤᠷᠴᠠ ᠰᠡᠷᠡᠯ ᠭᠠᠭᠴᠠᠭᠠᠷ ᠪᠠᠢᠬᠤ᠎ᠳᠦ ᠪᠠᠭᠤᠳᠠᠭ᠃ ᠨᠢᠭᠡ ᠦᠯᠢᠭᠡᠷᠳᠦ ᠨᠤᠮ ᠤᠩᠰᠢᠬᠤ᠂ ᠨᠢᠭᠡᠨ ᠭᠤᠢᠳᠠ ᠳᠠᠭᠤᠤ ᠵᠢ ᠰᠤᠨᠢᠷᠬᠠᠬᠤ ᠨᠢ ᠪᠦᠷ ᠦᠪᠡᠷ᠎ᠢ ᠪᠠᠨ ᠪᠠᠶᠠᠰᠬᠠᠬᠤ ᠠᠷᠭ᠎ᠠ ᠪᠤᠯᠤᠨ᠎ᠠ᠃ ᠬᠡᠦᠬᠡᠳ ᠨᠠᠰᠤ ᠭᠡᠵᠦ ᠰᠠᠢᠬᠠᠨ᠂ ᠶᠠᠭᠤ ᠪᠦᠬᠦᠨ᠎ᠤ ᠲᠦᠯᠦᠭᠡ ᠰᠠᠨᠳᠤᠷᠴᠤ᠂ ᠪᠠᠴᠢᠮᠳᠠᠵᠤ᠂ ᠪᠤᠬᠢᠨᠢᠳᠤᠭᠠᠳ ᠪᠠᠢᠬᠤ ᠶᠡᠷᠦ ᠨᠢ ᠴᠢᠬᠤᠯᠠ ᠦᠭᠡᠢ ᠰᠢᠤ᠃ ᠲᠠ ᠦᠪᠡᠷ᠎ᠢᠶᠡᠨ ᠦᠪᠡᠷ᠎ᠤᠨ᠎ᠢᠶᠡᠨ ᠰᠠᠢᠨ ᠨᠠᠢᠵᠠ ᠪᠤᠯᠵᠤ ᠪᠤᠯᠳᠠᠭ᠎ᠢ ᠮᠡᠳᠡᠵᠦ ᠠᠪᠤᠭᠠᠷᠠᠢ !

       

ᠡᠭᠦᠨ᠎ᠡ ᠵᠤᠯᠠ ᠡᠭᠡᠴᠢ ᠡᠴᠡ ᠴᠢᠨᠢ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠹᠦ᠋ ᠭᠸᠨ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号