ᠬᠦᠪᠡᠬᠡᠳᠦ
ᠰᠢᠷᠠ ᠬᠤᠰᠢᠭᠤᠨᠤ ᠮᠤᠩᠭᠤᠯ ᠦᠨᠳᠦᠰᠦᠲᠡᠨᠤ ᠰᠤᠷᠭᠠᠭᠤᠯᠢ ᠵᠢᠨ 8.3 ᠠᠩᠬᠢ ᠬᠡᠬᠡᠨᠰᠤᠪᠤᠳ

ᠠᠷᠠᠳᠤᠨ
ᠰᠤᠷᠭᠠᠭᠤᠯᠢᠶ᠋ᠢᠨ ᠠᠯᠲᠠᠨ ᠪᠤᠱᠤᠭᠠᠶ᠋ᠢ ᠠᠯᠬᠤᠵᠤ ᠤᠷᠤᠭ᠍ᠰᠠᠨ ᠠᠩᠬᠠᠨᠤ ᠡᠳᠤᠷ ᠡᠴᠠ ᠡᠬᠢᠯᠡᠨ ᠠᠴᠢᠲᠤ ᠪᠠᠭ᠍ᠰᠢᠶ᠋ᠢᠨᠢᠶᠡᠨ ᠬᠢᠨᠠᠮᠠᠭᠠᠢ ᠵᠢᠯᠤᠭᠤᠳᠤᠯᠭᠠ
ᠳᠤᠤᠷᠠ 《ᠠ》 ᠦᠰᠦᠭᠢ ᠡᠬᠢᠯᠡᠨ ᠪᠢᠴᠢᠵᠦ᠍᠂
ᠠᠷᠠᠪ ᠲᠣᠭᠠᠶ᠋ᠢ ᠡᠬᠢᠯᠡᠨ ᠰᠤᠷᠴᠦ᠂ ᠠᠯᠢᠶᠠᠷᠬᠠᠨ ᠬᠦᠭᠡᠷᠤᠯᠳᠤᠵᠦ᠍ ᠪᠠᠢᠭ᠍ᠰᠠᠨ ᠪᠠᠭᠠ ᠨᠠᠰᠤᠪᠠᠨ ᠡᠷᠭᠢᠴᠡᠭᠦᠯᠦᠨ
ᠪᠤᠳᠤᠬᠤᠳᠤ ᠶᠤᠰᠤᠲᠠᠢ ᠰᠠᠢᠬᠠᠨ ᠰᠠᠨ᠃ ᠡᠳᠤᠷ ᠰᠠᠷᠠ ᠨᠢᠳᠦ ᠢᠷᠮᠡᠬᠦ ᠵᠠᠭᠤᠷᠠ ᠦᠩᠭᠡᠷᠡᠨ ᠤᠳᠴᠤ᠂ ᠨᠢᠭᠡ
ᠮᠡᠳᠡᠬᠦ᠌ ᠳ᠋ᠦ᠍ ᠪᠢ ᠴᠢᠨᠢ ᠠᠩᠬᠠ ᠨᠢᠭᠡᠶ᠋ᠢᠨ ᠰᠤᠷᠤᠭ᠍ᠴᠢ ᠪᠤᠯᠴᠢᠬᠠᠯᠠ᠃
ᠬᠤᠩᠭᠤᠷᠬᠠᠨ
ᠪᠠᠭᠠ ᠨᠠᠰᠤ ᠪᠠᠨ ᠰᠠᠨᠠᠭᠠᠯᠵᠠᠬᠤᠶᠠ ᠠᠩᠬᠠᠨᠤ ᠱᠠᠩᠨᠠᠯ ᠮᠢᠨᠢ ᠰᠦᠨᠢᠶ᠋ᠢᠨ ᠤᠳᠦᠨ ᠱᠢᠭ᠋ ᠨᠠᠳᠠ ᠤᠷᠤᠭᠤ
ᠮᠦᠰᠢᠶᠡᠵᠦ᠂ 《ᠰᠡᠳᠭᠢᠯ》 ᠢ᠋ ᠮᠢᠨᠢ ᠭᠡᠷᠡᠯᠳᠦᠭᠦᠯᠵᠦ᠍᠂
ᠱᠠᠩᠨᠠᠯ ᠲᠤᠰᠬᠤ ᠦᠶᠡᠶᠢᠨ ᠦᠵᠡᠭᠳᠡᠯ ᠨᠣᠮᠤᠨ ᠬ᠍ᠠᠭᠤᠳᠠᠰᠦ ᠱᠢᠭ᠋ ᠮᠢᠨᠤ ᠡᠮᠦᠨᠡ ᠳᠡᠯᠭᠡᠭ᠌ᠳᠡᠨᠡ ᠁
ᠪᠠᠭᠠ
ᠰᠤᠷᠭᠠᠭᠤᠯᠢ ᠵᠢᠨ ᠭᠤᠷᠪᠠᠳᠤᠭᠠᠷ ᠤᠨᠳᠤ ᠪᠠᠢᠵᠦ᠍ ᠪᠢᠯᠡ᠃ ᠪᠠᠭᠰᠢ ᠮᠢᠨᠢ 《ᠭᠤᠷᠪᠠᠳᠤᠭᠠᠷ ᠤᠨ ᠪᠣᠯ
ᠬᠠᠮᠤᠭᠤᠨ ᠵᠠᠩᠭᠢᠯᠠᠭᠠᠶ᠋ᠢᠨ ᠴᠠᠭ ᠦᠶᠠ ᠮᠦᠨ᠂ ᠪᠢᠳᠡ ᠡᠨᠡ ᠬᠤᠭᠤᠴᠠᠭᠠ ᠡᠴᠦᠰ ᠱᠢᠯᠢᠳᠡᠭ ᠬᠢᠷᠢ ᠪᠦᠲᠦᠮᠵᠢ
ᠤᠯᠤᠬᠰᠡᠨ ᠰᠤᠷᠤᠭ᠍ᠴᠢᠳᠢ ᠱᠠᠩᠨᠠᠨᠠ》 ᠭᠡᠵᠦ᠍ ᠬᠡᠯᠡᠭ᠌ᠰᠡᠨᠨᠢ ᠨᠠᠳᠠ ᠭᠦᠨ ᠰᠠᠭᠤᠬᠳᠠᠵᠠᠢ᠃
ᠤᠴᠢᠷ ᠨᠢ ᠶᠡᠷᠦ ᠡᠴᠡ ᠱᠠᠩᠨᠠᠯ ᠤᠯᠵᠤ ᠦᠵᠡᠭᠡ ᠦᠭᠡᠢ ᠪᠢ ᠴᠢᠨᠢ ᠲᠡᠷᠡ ᠬᠦ᠌ ᠱᠠᠩᠨᠠᠯ ᠳ᠋ᠤ ᠰᠡᠮ ᠲᠤᠷᠠᠯᠠᠭᠰᠠᠨ
ᠶᠤᠮ᠃
ᠲᠡᠢᠨ
ᠬᠦ᠌ ᠪᠢ ᠡᠨᠡ ᠵᠢᠭᠠᠬᠠᠨ ᠬᠦᠰᠡᠯ ᠡᠴᠡᠪᠠᠨ ᠪᠤᠯᠵᠦ᠍᠂ ᠪᠠᠭ᠍ᠰᠢᠶ᠋ᠢᠨᠢᠶᠠᠨ ᠬᠢᠴᠢᠶᠡᠯ ᠲᠠᠢᠯᠪᠦᠷᠢᠯᠠᠬᠤᠶ᠋ᠢ
ᠨᠢᠮᠪᠠᠢ ᠰᠤᠨᠤᠰᠬᠤ ᠪᠤᠯᠵᠤ᠂ ᠦᠷᠭᠦᠯᠵᠢ ᠬᠢᠴᠢᠶᠡᠯ ᠡᠴᠡ ᠪᠠᠨ ᠬᠤᠴᠤᠷᠳᠠᠭ ᠮᠠᠭᠤ ᠵᠠᠩᠢᠶᠠᠨ ᠬᠠᠯᠠᠵᠦ᠍᠂ ᠨᠠᠭᠠᠳᠭᠤ
ᠪᠠᠨ ᠪᠠᠭᠠᠰᠭᠠᠵᠦ᠍ ᠨᠢᠭᠡ ᠬᠤᠭᠤᠴᠠᠭᠠ ᠵᠢᠨ ᠴᠢᠷᠮᠠᠢᠯᠭᠠ ᠪᠡᠷ ᠲᠠᠮᠵᠢᠨ ᠬᠤᠭᠤᠴᠠᠭᠠ ᠡᠴᠦᠰᠤᠨ ᠱᠢᠯᠭᠠᠯᠲᠠᠳᠤᠪᠠᠨ
ᠡᠯᠡ ᠬᠢᠴᠢᠶᠡᠯ ᠲᠦᠷᠤᠯᠳᠤᠪᠠᠨ ᠴᠦᠮ ᠱᠢᠯᠢᠳᠡᠭ ᠬᠢᠷᠢ ᠪᠦᠲᠦᠮᠵᠢ ᠤᠯᠪᠠ᠃ ᠪᠢ ᠶᠠᠭ ᠪᠠᠯ ᠪᠤᠷᠠᠮ ᠠᠮᠳᠠᠯᠠᠭᠰᠠᠨ
ᠰᠢᠬ ᠪᠤᠯᠵᠦ᠍《ᠤᠳᠦ ᠴᠦ᠍ ᠨᠢᠭᠡ ᠱᠠᠩᠨᠠᠯ
ᠤᠯᠤᠨᠠ ᠳ᠋ᠠ !》 ᠭᠡᠵᠦ᠍ ᠰᠡᠮ ᠪᠠᠶᠠᠷᠯᠠᠵᠤ ᠰᠠᠭᠤᠯᠠ᠃ ᠤᠳᠠᠯ ᠦᠭᠡᠢ
ᠱᠠᠩᠨᠠᠨ ᠬᠦᠬᠢᠭᠦᠯᠬᠦ᠌ ᠡᠳᠦᠷ ᠪᠤᠯᠵᠦ᠍᠂ ᠪᠠᠭ᠍ᠰᠢ ᠮᠢᠨᠢ ᠵᠢᠭᠠᠬᠤ ᠲᠦᠰᠦᠪᠤᠨᠢᠶᠠᠨ ᠲᠤᠮᠳᠠ ᠨᠢᠭᠡ ᠤᠯᠠᠨ
ᠱᠠᠩᠨᠠᠯᠤᠨ ᠲᠡᠮᠳᠡᠭ ᠬᠠᠪᠴᠢᠭᠤᠯᠤᠨ ᠠᠪᠴᠤ ᠢᠷᠡᠪᠡ᠃ ᠪᠠᠬᠰᠢ ᠡᠴᠡ ᠱᠢᠯᠭᠠᠯᠲᠠᠶ᠋ᠢᠨ ᠲᠤᠬᠠᠢ ᠵᠢᠭᠠᠬᠠᠨ ᠳ᠋ᠦᠩᠨᠡᠵᠦ᠍ ᠶᠠᠷᠢᠴᠢᠬᠠᠭᠠᠳ ᠱᠠᠩᠨᠠᠯᠤᠨ ᠲᠡᠮᠳᠡᠭ ᠭᠠᠷᠳᠠᠭᠤᠯᠬᠤ
ᠪᠤᠯᠤᠯᠠ᠃ ᠪᠢ ᠶᠡᠭᠡ ᠬᠦᠭᠰᠡᠨ ᠰᠠᠨᠳᠤᠷᠴᠤ ᠠᠮᠢᠰᠭᠤᠯᠢᠶᠠᠨ ᠳᠠᠷᠤᠵᠤ ᠶᠠᠳᠠᠨ ᠪᠠᠢᠯᠠ᠃ ᠭᠡᠨᠡᠳᠲᠡ ᠪᠠᠭ᠍ᠰᠢ
ᠵᠢᠨ《ᠭᠡᠭᠡᠨᠰᠤᠪᠤᠳ !》 ᠭᠡᠬᠦ᠌ ᠡᠶᠡᠯᠳᠡᠭ ᠲᠠᠭᠤᠨᠢ
ᠨᠠᠮᠠᠶ᠋ᠢ ᠲᠡᠷᠡ ᠬᠦ᠌ ᠰᠠᠨᠳᠤᠷᠴᠤ᠌ ᠪᠠᠢᠭ᠍ᠰᠠᠨ ᠪᠠᠢᠳᠠᠯ ᠡᠴᠡ ᠲᠠᠭᠤᠳᠠᠨ ᠰᠡᠷᠢᠭᠡᠵᠦ᠂ ᠪᠢ ᠳᠠᠪᠬᠢᠨ ᠪᠤᠰᠴᠦ᠍
ᠱᠠᠩᠨᠠᠯᠢᠶᠠᠨ ᠲᠤᠰᠬᠤ ᠪᠠᠷ ᠭᠠᠷᠤᠯᠠ᠃
ᠪᠠᠭ᠍ᠰᠢᠶ᠋ᠢᠨᠢᠶᠠᠨ
ᠭᠠᠷ ᠡᠴᠡ ᠲᠡᠷᠡ 《ᠱᠠᠩᠨᠠᠯ》ᠢ᠋ ᠲᠤᠰᠴᠦ᠍ ᠠᠪᠬᠤ
ᠵᠠᠭᠤᠷᠠ ᠮᠢᠨᠦ᠍ ᠳᠤᠲᠤᠷᠠ ᠠᠯᠲᠠᠨ ᠮᠸᠲᠠᠯ ᠤᠯᠤᠭ᠍ᠰᠠᠨ ᠡᠴᠠ ᠢᠯᠡᠭᠦᠦ ᠰᠠᠢᠬᠠᠨ ᠰᠠᠨᠠᠭ᠍ᠳᠠᠵᠤ ᠪᠢᠯᠡ᠃ ᠡᠨᠡ
ᠪᠤᠯ ᠲᠠᠷᠤᠢ ᠮᠢᠨᠦ ᠬᠠᠮᠤᠭᠤᠨ ᠠᠩᠬᠠᠨᠤ ᠱᠠᠩᠨᠠᠯ ᠪᠤᠯᠤᠨᠠ᠃ ᠲᠡᠷᠡ ᠭᠱᠠᠨᠠ ᠨᠠᠳᠠᠳᠤ 《ᠬᠤᠵᠢᠮ ᠨᠡᠩ ᠢᠯᠡᠭᠦᠦ
ᠴᠢᠷᠮᠠᠢᠵᠦ᠍᠂ ᠨᠡᠩ ᠤᠯᠠᠨ ᠱᠠᠩᠨᠠᠯ ᠤᠯᠤᠨᠠ !》 ᠭᠡᠰᠡᠨ ᠪᠤᠳᠤᠯ ᠰᠤᠶᠤᠭᠠᠯᠠᠵᠦ᠍
ᠡᠬᠢᠯᠡᠭ᠌ᠰᠡᠨ ᠶᠤᠮ᠃ ᠲᠡᠭᠡᠭᠡᠳ ᠯᠠ ᠬᠢᠴᠢᠶᠠᠯ ᠲᠠᠷᠠᠬᠬᠤᠶ᠋ᠢ ᠲᠡᠰᠴᠦ᠍ ᠶᠠᠳᠠᠨ ᠬᠦᠯᠢᠶᠡᠭ᠌ᠰᠡᠭᠡᠷ ᠬᠤᠩᠬᠤᠨ
ᠳᠠᠭᠤᠲᠠᠢ ᠵᠡᠷᠭᠡᠴᠡᠨ ᠪᠤᠰᠴᠦ᠍ ᠨᠢᠭᠡᠯᠡ ᠠᠮᠢᠰᠭᠤᠭᠠᠪᠠᠷ ᠭᠡᠷ ᠤᠷᠤᠭᠤ ᠪᠠᠨ ᠭᠦᠶᠦᠪᠡ᠃ ᠪᠢ ᠭᠡᠷᠲᠤ ᠪᠠᠨ
ᠤᠷᠤᠮᠠᠭ᠍ᠴᠠ ᠱᠠᠩᠨᠠᠯᠢᠶᠠᠨ ᠠᠪᠤ ᠡᠵᠢᠳᠤ ᠪᠡᠨ ᠭᠠᠢᠬᠠᠭᠤᠯᠪᠠ᠃
ᠡᠵᠢ
ᠮᠢᠨᠢ ᠮᠢᠨᠦ᠍ ᠭᠠᠷᠠᠴᠠ ᠴᠢᠩᠭᠠ ᠠᠳᠭᠤᠴᠢᠬᠠᠭᠠᠳ᠂《ᠵᠠ᠂
ᠮᠠᠭᠤ ᠦᠬᠢᠨᠳᠤ ᠪᠡᠨ ᠪᠠᠶᠠᠷ ᠬᠦᠷᠭᠡᠶᠡ ! ᠴᠢᠷᠮᠠᠢᠯᠭᠠ ᠬᠦᠮᠦᠨᠢ
ᠭᠤᠮᠤᠳᠠᠭᠠᠬᠤ ᠦᠭᠡᠢ ᠭᠡᠳᠡᠭᠢᠶᠠᠷ ᠵᠠᠯᠭᠠᠭᠠᠳ ᠴᠢᠷᠮᠠᠢᠪᠡᠯ ᠪᠠᠰᠡ ᠤᠯᠠᠨ ᠤᠯᠠᠨ ᠱᠠᠩᠨᠠᠯ ᠤᠯᠤᠨᠠ ᠱᠢᠦ !》 ᠭᠡᠪᠡ᠃ ᠠᠪᠦ᠌ ᠮᠢᠨᠢ
ᠱᠠᠩᠨᠠᠯᠢ ᠮᠢᠨᠢ ᠬᠠᠷᠠᠨ ᠬᠠᠷᠠᠨ ᠪᠠᠶᠠᠰᠴᠤ᠌ ᠪᠠᠷᠠᠭᠤᠨ ᠦᠷᠦᠭᠡᠨᠤ ᠳᠤᠮᠳᠠ ᠬᠡᠷᠡᠮ ᠳᠡᠭᠡᠷᠡ ᠨᠠᠭᠠᠪᠠ᠃
ᠰᠡᠭᠦᠯᠳᠡᠵᠦ᠍ ᠢᠷᠡᠭᠡᠳ ᠡᠨᠡ ᠬᠡᠷᠨᠮᠨᠢ ᠮᠢᠨᠦ᠍ 《ᠱᠠᠩᠨᠠᠯᠤᠨ ᠬᠡᠷᠡᠮ》 ᠪᠤᠯᠤᠭ᠍ᠰᠠᠨ ᠪᠢᠯᠡ᠃
ᠡᠳᠦᠷ
ᠬᠤᠨᠤᠭ ᠭᠡᠵᠦ᠍ ᠬᠠᠷᠪᠤᠭ᠍ᠰᠠᠨ ᠰᠤᠮᠤ ᠮᠡᠲᠦ ᠲᠦᠷᠭᠡᠨ ᠦᠩᠭᠡᠷᠡᠵᠦ᠍᠂ ᠪᠢ ᠴᠦ᠍ ᠦᠪᠡᠷᠤᠨ ᠬᠡᠷᠨᠮ ᠳᠦᠭᠦᠷᠠᠩ
ᠨᠠᠭᠠᠭᠰᠠᠨ ᠱᠠᠩᠨᠠᠯᠤᠳ ᠲᠠᠢ ᠪᠤᠯᠤᠯᠠ᠃ 《ᠤᠷᠭᠢᠯᠳᠤ ᠭᠠᠷᠬᠤ ᠤᠮᠤᠭ ᠵᠤᠷᠢᠭ ᠪᠠᠢᠪᠠᠰᠦ ᠤᠷᠴᠢᠯᠠᠩ
ᠳᠡᠯᠡᠬᠡᠢ ᠳ᠋ᠤ ᠪᠡᠷᠬᠡ ᠶᠠᠪᠤᠳᠠᠯ ᠠᠯᠠᠭᠠ》 ᠭᠡᠳᠡᠭᠢᠶᠠᠷ᠂ ᠪᠢ ᠡᠨᠡ ᠬᠡᠷᠡᠮ ᠳᠦᠭᠦᠷᠡᠩ ᠨᠠᠭᠠᠨᠰᠠᠨ
ᠱᠠᠩᠨᠠᠯᠤᠳᠢᠶᠠᠨ ᠦᠵᠡᠬᠦ᠌ ᠪᠦᠷᠢ ᠴᠢᠷᠮᠠᠢᠨ ᠰᠤᠷᠬᠤ ᠵᠤᠷᠢᠭ ᠡᠷᠴᠢᠯᠡᠭᠳᠡᠨ ᠴᠢᠩᠭᠠᠷᠠᠵᠦ᠍᠂ ᠬᠦᠴᠢᠷ ᠪᠡᠷᠬᠡᠱᠢᠶᠡᠯ
ᠲᠤᠯᠭᠠᠷᠠᠬᠤ ᠪᠦᠷᠢ 《ᠪᠢ ᠯᠠᠪ ᠳᠡᠢᠯᠤᠨᠠ᠂
ᠯᠠᠪ ᠴᠢᠳᠠᠨᠠ !》 ᠭᠡᠰᠡᠨ ᠪᠤᠳᠤᠯᠢᠶᠠᠷ ᠮᠡᠷᠡᠢᠨ ᠴᠢᠷᠮᠠᠢᠳᠠᠭ ᠪᠤᠯᠤᠬᠰᠠᠨ
ᠰᠠᠨ᠃
ᠳᠤᠷᠠᠰᠤᠯᠳᠤ
ᠮᠦᠩᠬᠡᠷᠡᠬᠦ᠌ ᠠᠩᠬᠠᠨᠤ ᠮᠢᠨᠢ ᠱᠠᠩᠨᠠᠯ ᠡ᠃