— ᠮᠠᠨ᠎ᠤ ᠦ᠊ ᠵᠠᠬᠢᠷᠤᠯ
ᠨᠠᠰᠤ ᠵᠠᠯᠠᠭᠤ ᠪᠤᠯᠪᠠᠴᠤ ᠠᠵᠢᠯ᠎ᠳᠦ ᠪᠠᠨ ᠭᠠᠷᠮᠠᠭᠠᠢ᠂ ᠰᠤᠷᠭᠠᠭᠤᠯᠢ᠎ᠶᠢᠨ ᠪᠦᠳᠦᠭᠡᠨ ᠪᠠᠢᠭᠤᠯᠤᠯᠳᠠ᠂ ᠰᠤᠷᠤᠭᠴᠢᠳ᠎ᠤᠨ
ᠠᠮᠢᠳᠤᠷᠠᠯ ᠰᠤᠷᠤᠯᠭ᠎ᠠ᠂ ᠵᠠᠰᠠᠭ ᠵᠠᠬᠢᠷᠭᠠᠨ᠎ᠤ ᠠᠵᠢᠯ ᠭᠡᠳ ᠠᠯᠢ ᠪᠦᠬᠦᠨ᠎ᠢ ᠠᠮᠵᠢᠭᠤᠯᠵᠤ ᠶᠠᠪᠤᠳᠠᠭ ᠬᠠᠰᠢᠷ
ᠨᠢᠭᠡᠨ ᠰᠢᠤ !
— ᠳᠡᠢᠮᠦ ᠡ᠂ ᠪᠠᠭᠰᠢ
ᠨᠠᠷ᠎ᠤᠨ ᠬᠦᠯᠦᠰᠦ ᠤᠯᠭᠤᠮᠵᠢ᠎ᠳᠦ ᠰᠠᠨᠠᠭ᠎ᠠ ᠳᠠᠯᠪᠢᠬᠤ ᠡᠴᠡ ᠭᠠᠳᠠᠨ᠎ᠠ᠂ ᠰᠤᠷᠤᠭᠴᠢᠳ᠎ᠤᠨ ᠠᠯᠢ ᠨᠢᠭᠡ ᠨᠢ ᠬᠦᠴᠢᠷᠳᠡᠯ
ᠲᠠᠢ ᠪᠤᠯ ᠬᠠᠯᠠᠭᠤᠨ ᠭᠠᠷ᠎ᠢᠶᠡᠨ ᠰᠤᠩᠭᠠᠨ ᠳᠡᠮᠵᠢᠭᠰᠡᠨ ᠤᠳᠠᠭ᠎ᠠ᠎ᠴᠤ ᠪᠠᠭ᠎ᠠ ᠪᠤᠰᠤ ᠪᠠᠢᠳᠠᠭ ᠭᠡᠮᠡᠨ ᠰᠤᠷᠭᠠᠭᠤᠯᠢ᠎ᠶᠢᠨ
ᠪᠠᠭᠰᠢ ᠨᠠᠷ ᠱᠠᠭᠰᠢᠵᠠᠭᠠᠨᠠ᠃
ᠶᠠᠷᠢᠶᠠᠨ᠎ᠳᠡᠬᠢ
ᠡᠨᠡ ᠬᠦᠮᠦᠨ᠎ᠢ ᠦᠯᠵᠡᠢᠮᠦᠢ᠍ᠷᠡᠨ ᠭᠡᠳᠡᠭ᠂ ᠠᠷᠤ ᠬᠤᠷᠴᠢᠨ ᠬᠤᠰᠢᠭᠤᠨ᠎ᠤ ᠤᠤᠭᠠᠯ᠂ ᠤᠳᠤ ᠠᠷᠤ ᠬᠤᠷᠴᠢᠨ ᠬᠤᠰᠢᠭᠤᠨ᠎ᠤ
ᠬᠠᠨ ᠠᠭᠤᠯᠠ ᠪᠠᠭ᠎ᠠ ᠰᠤᠷᠭᠠᠭᠠᠤᠯᠢ᠎ᠶᠢᠨ ᠵᠠᠬᠢᠷᠤᠯ᠎ᠢᠶᠡᠷ ᠠᠵᠢᠯᠯᠠᠵᠤ ᠪᠤᠢ᠃ ᠳᠡᠷᠡ ᠪᠡᠷ 1998 ᠤᠨ᠎ᠳᠦ ᠲᠤᠰ ᠬᠤᠰᠢᠭᠤᠨ᠎ᠤ
ᠪᠠᠶᠠᠨᠨ᠌ᠦ᠋ᠨᠳᠦᠷ ᠲᠤᠰᠠᠭᠠᠷ ᠳᠤᠮᠳᠠᠳᠤ ᠰᠤᠷᠭᠠᠭᠤᠯᠢ᠎ᠳᠦ ᠠᠵᠢᠯ᠎ᠤᠨ ᠭᠠᠷᠤᠭ᠎ᠠ ᠡᠯᠭᠦᠭᠰᠡᠨ ᠡᠴᠡ ᠡᠬᠢᠯᠡᠨ ᠬᠤᠷᠢ
ᠭᠠᠷᠤᠢ ᠵᠢᠯ ᠦᠨᠳᠦᠰᠦᠨ ᠱᠠᠳᠤᠨ᠎ᠤ ᠰᠤᠷᠭᠠᠨ ᠬᠦᠮᠦᠵᠢᠯ᠎ᠤᠨ ᠦᠢᠯᠡᠰ ᠲᠸ᠋ ᠪᠡᠶ᠎ᠡ ᠰᠡᠳᠬᠢᠯ᠎ᠢᠶᠡᠨ ᠴᠢᠯᠡᠭᠡᠵᠦ
ᠢᠷᠡᠭᠰᠡᠨ ᠴᠸ᠋ ᠡᠷᠬᠢᠴᠡᠬᠦᠯᠦᠯ᠎ᠤᠨ ᠬᠤᠷᠤᠮ ᠪᠦᠷᠢ ᠳ᠋ᠤ ᠨᠢ ᠢᠳᠡᠭᠡᠯ ᠵᠢᠳᠭᠦᠯ᠂ ᠢᠨᠢᠶᠡᠳᠦ ᠬᠦᠷ᠂ ᠠᠮᠵᠢᠯᠳᠠ
ᠪᠦᠳᠦᠭᠡᠯ ᠵᠢᠭᠢᠷᠢᠭᠯᠡᠨ ᠦᠯᠡᠳᠡᠯ᠎ᠡ᠃
ᠤᠷᠭᠤᠭ᠎ᠠ
ᠮᠤᠳᠤ ᠵᠠᠢᠯᠠᠵᠤ ᠡᠬᠡ ᠰᠤᠷᠭᠠᠭᠤᠯᠢ ᠪᠠᠨ ᠴᠢᠮᠡᠯ᠎ᠡ
ᠪᠠᠶᠠᠨᠨ᠌ᠦ᠋ᠨᠳᠦᠷ
ᠲᠤᠰᠬᠠᠷ ᠳᠤᠮᠳᠠᠳᠤ ᠰᠤᠷᠭᠠᠭᠤᠯᠢ᠎ᠳᠦ ᠪᠠᠭᠰᠢᠯᠠᠭᠰᠠᠨᠤ ᠬᠢᠨᠢ ᠬᠤᠶᠠᠳᠡᠭᠢ ᠵᠢᠯ᠎ᠤᠨ ᠶᠠᠪᠤᠳᠠᠯ ᠪᠢᠯᠡ᠃
ᠰᠤᠷᠭᠠᠭᠤᠯᠢ᠎ᠶᠢᠨ
ᠬᠦᠷᠢᠶ᠎ᠡ ᠵᠢ ᠳᠤᠭᠤᠷᠢᠭᠠᠳ ᠶᠡᠷᠦ ᠨᠢ ᠶᠠᠭᠤ ᠨᠢᠭᠡ ᠳᠤᠳᠠᠭᠰᠠᠨ ᠰᠢᠭ᠋ ᠡᠯᠤᠢ ᠬᠤᠯᠤᠢ ᠰᠠᠨᠠᠬᠳᠠᠭᠠᠳ ᠪᠠᠢᠯ᠎ᠠ᠃《ᠡᠨᠳᠡ ᠡᠰᠡᠭᠦᠯ᠎ᠡ ᠬᠡᠳᠦᠨ
ᠰᠠᠭᠤᠷᠢ ᠮᠤᠳᠤ ᠵᠠᠢᠯᠠᠴᠢᠬᠠᠪᠠᠯ ᠳᠡᠭᠡᠷ᠎ᠡ ᠪᠤᠯᠪᠠᠤ ?》ᠭᠡᠵᠦ ᠪᠤᠳᠤᠭᠰᠠᠨ ᠦ᠊ ᠪᠠᠭᠰᠢ ᠳᠤᠤᠷᠠᠬᠠᠨ᠎ᠢᠶᠡᠨ ᠭᠠᠷ
ᠬᠦᠳᠡᠯᠦᠨ ᠬᠢᠪᠡ᠃ ᠳᠤᠬᠠᠢ᠎ᠶᠢᠨ ᠦᠶ᠎ᠡ᠎ᠳᠦ ᠦ᠊ ᠪᠠᠭᠰᠢ᠎ᠶᠢᠨ ᠬᠠᠷᠢᠭᠤᠴᠠᠭᠰᠠᠨ ᠠᠩᠬᠢ᠎ᠳᠦ 33 ᠰᠤᠷᠤᠭᠴᠢ ᠲᠠᠢ ᠪᠠᠢᠵᠠᠢ᠃
ᠡᠳᠡᠭᠡᠷ ᠬᠦᠭᠡᠷᠦᠬᠦᠨ ᠬᠡᠤᠬᠡᠳ᠎ᠤᠳ ᠬᠡᠨ ᠨᠢ ᠬᠡᠨ᠎ᠢᠶᠡᠨ ᠳᠠᠭᠤᠳᠠᠵᠤ ᠤᠷᠢᠶᠠᠯᠠᠭᠰᠠᠨᠴᠤ ᠦᠭᠡᠢ ᠨᠢᠭᠡ ᠮᠡᠳᠡᠬᠦ᠎ᠳᠦ
ᠪᠦᠬᠦᠨ᠎ᠢᠶᠡᠷ᠎ᠢᠶᠡᠨ ᠬᠦᠷᠦᠯᠴᠡᠨ ᠢᠷᠡᠵᠡᠭᠡᠪᠡ᠃
— ᠬᠡᠨ ᠬᠦᠮᠦᠨᠴᠤ ᠵᠢᠭᠠᠵᠤ
ᠳᠤᠬᠢᠵᠤ ᠱᠠᠭᠠᠷᠳᠠᠭᠰᠠᠨ ᠦᠭᠡᠢ᠂ ᠬᠦᠮᠦᠨ ᠪᠤᠯᠭᠠᠨ 3 ᠰᠠᠭᠤᠷᠢ ᠮᠤᠳᠤ ᠵᠢ ᠰᠠᠢᠨ ᠳᠤᠷ᠎ᠠ ᠡᠴᠡ ᠪᠠᠨ ᠵᠠᠢᠯᠠᠯᠠ᠂
ᠳᠡᠭᠡᠵᠦ ᠠᠩᠬᠠᠨ᠎ᠤ 99 ᠰᠠᠭᠤᠷᠢ ᠮᠤᠳᠤ ᠲᠠᠢ ᠪᠤᠯᠤᠭᠰᠠᠨ ᠭᠡᠵᠦ ᠦ᠊ ᠪᠠᠭᠰᠢ
ᠡᠷᠭᠢᠴᠡᠭᠦᠯᠦᠯ᠎ᠤᠨ ᠬᠠᠭᠤᠳᠠᠰᠤ ᠪᠠᠨ ᠰᠡᠬᠦᠯ᠎ᠡ᠃
ᠵᠢᠷᠪᠢᠯᠵᠡᠨ
ᠬᠠᠷᠠᠭᠳᠠᠬᠤ ᠳᠤᠷᠠᠳᠬᠠᠯ᠎ᠤᠨ ᠵᠢᠷᠤᠭ ᠡᠢᠨᠬᠦ ᠳᠡᠯᠭᠡᠭᠳᠡᠵᠦ᠂ ᠳᠡᠭᠦᠨ᠎ᠳᠦ ᠨᠢ ᠬᠡᠤᠬᠡᠳ᠎ᠤᠨ ᠴᠠᠢᠯᠭᠠᠨ ᠴᠠᠭᠠᠪᠤᠷ᠂ ᠪᠠᠭᠰᠢ
ᠨᠠᠷ᠎ᠤᠨ ᠦᠨᠡᠨᠴᠢᠬᠡᠨ ᠵᠢᠳᠭᠦᠯ ᠲᠤᠷᠠᠢᠵᠤ ᠪᠠᠢᠯ᠎ᠠ᠃
ᠦᠨᠳᠦᠷ
ᠠᠭᠤᠯᠠ᠎ᠶᠢᠨ ᠬᠦᠳᠦᠯ ᠵᠤᠷᠢᠯ᠎ᠠ
ᠳᠡᠭᠷᠢ᠎ᠳᠦ
ᠨᠤᠬᠠᠢ ᠳᠤᠯᠢᠶᠠᠮᠠᠷ ᠡᠭᠦᠯᠡ ᠦᠭᠡᠢ ᠴᠡᠯᠮᠡᠭᠦᠨ ᠳᠤᠩᠭᠠᠯᠠᠭ ᠨᠢᠭᠡ ᠡᠳᠦᠷ ᠪᠠᠢᠯ᠎ᠠ᠃ ᠴᠤᠩᠬᠤᠨ ᠵᠠᠪᠰᠠᠷ᠎ᠢᠶᠡᠷ
ᠰᠡᠷᠢᠭᠦᠨ ᠰᠠᠯᠬᠢ ᠰᠡᠷ ᠰᠡᠷ ᠦᠯᠢᠶᠡᠵᠦ ᠰᠡᠳᠬᠢᠯ ᠰᠡᠷᠭᠦᠭᠡᠨ᠎ᠡ᠃ ᠦ᠊ ᠪᠠᠭᠰᠢ ᠬᠢᠴᠢᠶᠡᠯ ᠤᠷᠤᠵᠤ ᠪᠠᠢᠬᠤ᠎ᠳᠦ
ᠨᠢᠭᠡ ᠬᠡᠦᠬᠡᠨ ᠰᠤᠷᠤᠭᠴᠢ ᠴᠤᠩᠬᠤ ᠪᠡᠷ ᠬᠤᠯᠠ᠎ᠶᠢᠨ ᠠᠭᠤᠯᠠ ᠵᠢ ᠬᠠᠷᠠᠭᠠᠳ ᠮᠡᠯᠡᠷᠡᠨ᠎ᠡ᠃
— ᠳᠡᠷᠡ ᠦᠨᠳᠦᠷ ᠠᠭᠤᠯᠠᠨ᠎ᠳᠦ
ᠭᠠᠷᠴᠤ ᠮᠤᠳᠤ ᠠᠪᠠᠷᠢᠬᠤ ᠵᠢ ᠶᠡᠬᠡ ᠬᠦᠰᠡᠳᠡᠭ ᠪᠠᠢᠬᠤ ᠡ᠂ ᠳᠠᠩᠳᠠ ᠳᠡᠭᠡᠭᠡᠳ ᠮᠡᠯᠡᠷᠡᠳᠡᠭ ᠬᠡᠦᠬᠡᠳ ᠪᠠᠢᠯ᠎ᠠ
ᠭᠡᠵᠦ ᠦ᠊ ᠪᠠᠭᠰᠢ ᠢᠨᠢᠶᠡᠭᠰᠡᠨ᠎ᠢᠶᠡᠨ ᠵᠤᠭᠤᠭ᠎ᠢᠶᠡᠨ ᠳᠡᠯᠭᠡᠨ᠎ᠡ᠃
ᠬᠢᠴᠢᠶᠡᠯ
ᠲᠠᠭᠤᠰᠴᠤ ᠬᠤᠭᠤᠴᠠᠭ᠎ᠠ ᠳᠠᠷᠬᠠᠬᠤ᠎ᠶᠢᠨ ᠦᠶ᠎ᠡ ᠪᠡᠷ ᠦ᠊ ᠪᠠᠭᠰᠢ ᠦᠪᠡᠷ᠎ᠤᠨ ᠤᠨᠤᠳᠠᠭ ᠬᠠᠭᠤᠴᠢᠨ ᠮᠤᠲ᠋ᠤᠷ᠎ᠢᠶᠡᠨ
ᠭᠦᠶᠦᠯᠭᠡᠵᠦ ᠠᠩᠬᠢ᠎ᠶᠢᠨ ᠬᠡᠤᠬᠡᠳ᠎ᠢᠶᠡᠨ ᠬᠤᠶᠠᠷ ᠬᠤᠶᠠᠷ᠎ᠢᠶᠡᠷ ᠨᠢᠭᠡ ᠳᠤᠭᠤᠢᠯᠠᠩ ᠪᠤᠯᠭᠠᠵᠤ ᠮᠤᠲ᠋ᠤᠷ᠎ᠲᠦ
ᠪᠠᠨ ᠰᠤᠨᠳᠠᠯᠠᠭᠠᠳ ᠦᠨᠦ ᠠᠭᠤᠯᠠᠨ ᠤᠷᠤᠢ᠎ᠳᠦ ᠭᠠᠷᠭᠠᠭᠰᠠᠨ ᠭᠡᠨ᠎ᠡ᠃ 《ᠠᠯᠳᠠᠨ ᠡᠮᠡᠭᠡᠯ》 ᠭᠡᠳᠡᠭ ᠦᠨᠳᠦᠷ ᠠᠭᠤᠯᠠ᠎ᠶᠢᠨ
ᠤᠷᠤᠢ᠎ᠳᠦ ᠬᠡᠦᠬᠡᠳ᠎ᠤᠳ ᠵᠤᠭᠰᠤᠭᠠᠳ ᠠᠯᠤᠰ᠎ᠢ ᠪᠠᠷᠠᠯᠠᠨ᠎ᠠ᠂ ᠦᠰᠦᠷᠬᠢᠯᠡᠨ᠎ᠡ᠂ ᠲᠠᠭᠤᠯᠠᠨ᠎ᠠ᠂ ᠠᠭᠯᠠᠭ ᠲᠠᠯ᠎ᠠ
ᠵᠢ ᠲᠦᠭᠦᠷᠳᠡᠯ᠎ᠡ ᠬᠦᠬᠡᠷᠦᠯᠳᠦᠵᠡᠢ ᠁
— ᠳᠡᠷᠡ ᠡᠳᠦᠷ᠎ᠤᠨ ᠳᠤᠩᠭᠠᠯᠠᠭ᠂
ᠳᠡᠳᠡᠭᠡᠷ ᠬᠡᠦᠬᠡᠳ᠎ᠤᠨ ᠴᠠᠯᠬᠢᠮ᠎ᠠ ᠢᠨᠢᠶᠡᠳᠦ᠂ ᠲᠡᠷᠡ ᠬᠤᠯᠠ᠎ᠶᠢᠨ ᠬᠦᠭᠡᠷᠦᠬᠦᠨ ᠮᠦᠷᠦᠭᠡᠳᠦᠯ᠎ᠤᠳ ᠴᠤᠬᠤᠮ ᠪᠠᠶᠠᠷ ᠪᠠᠬᠠᠳᠤᠯ᠂ ᠬᠦᠰᠡᠯ
ᠲᠡᠮᠡᠤᠯᠤᠯ ᠭᠡᠭᠴᠢ ᠶᠠᠭᠤ ᠪᠤᠯᠬᠤ ᠵᠢ ᠨᠠᠳᠠ ᠶᠠᠷᠢᠭᠰᠠᠨ᠃ ᠢᠩᠬᠢᠵᠦ ᠪᠠᠬᠰᠢ ᠰᠤᠷᠤᠬᠴᠢ ᠪᠢᠳᠡ ᠬᠠᠮᠳᠤ ᠪᠠᠷ
ᠪᠠᠢᠩᠭᠤ ᠨᠠᠭᠠᠳᠴᠤ ᠲᠤᠭᠯᠠᠵᠤ᠂ ᠬᠦᠭᠰᠡᠵᠦ ᠲᠤᠬᠳᠤᠯᠵᠤ ᠶᠠᠪᠤᠯ᠎ᠠ ᠭᠡᠮᠡᠨ ᠦ᠊ ᠪᠠᠭᠰᠢ ᠤᠶᠠᠷᠠᠩᠬᠠᠨ ᠶᠠᠷᠢᠨ᠎ᠠ᠃
ᠨᠤᠮ᠎ᠢᠶᠡᠷ
ᠭᠡᠭᠡᠷᠡᠭᠦᠯᠦᠨ᠎ᠡ
2017 ᠤᠨ᠎ᠳᠦ᠂ ᠦ᠊ ᠪᠠᠬᠰᠢ
ᠪᠠᠯᠴᠢᠷᠤᠳ ᠰᠤᠷᠭᠠᠭᠤᠯᠢ᠎ᠳᠦ ᠠᠵᠢᠯᠯᠠᠵᠤ ᠪᠠᠢᠭ᠎ᠠ ᠬᠤᠭᠤᠴᠠᠭᠠᠨ᠎ᠳᠦ ᠪᠠᠨ ᠬᠤᠰᠢᠭᠤᠨ᠎ᠤ《ᠬᠦᠳᠡᠭᠡ ᠳᠤᠰᠬᠤᠨ᠎ᠤ
ᠪᠠᠭᠠᠴᠤᠳ᠎ᠤᠨ ᠤᠷᠳᠤᠨᠢ ᠪᠦᠳᠦᠭᠡᠨ ᠪᠠᠢᠭᠤᠯᠬᠤ ᠳᠦᠯᠦᠪᠯᠡᠭᠡ》 ᠶ᠋ᠢᠨ ᠳᠡᠮᠵᠢᠯᠭᠡ ᠪᠡᠷ ᠰᠤᠷᠭᠠᠭᠤᠯᠢ᠎ᠳᠦ ᠪᠠᠨ ᠨᠤᠮ᠎ᠤᠨ
ᠰᠠᠩ ᠪᠠᠢᠭᠤᠯᠵᠠᠢ᠃
— ᠨᠢᠭᠡ ᠰᠤᠷᠭᠠᠭᠤᠯᠢ᠎ᠶᠢᠨ
ᠴᠢᠨᠠᠷ ᠴᠢᠨᠰᠠᠭ᠎ᠠ ᠵᠢ ᠠᠰᠠᠷ ᠪᠠᠷᠢᠯᠭ᠎ᠠ᠎ᠶᠢᠨ ᠭᠤᠤ᠎ᠠ ᠰᠠᠢᠬᠠᠨ᠎ᠢᠶᠡᠷ ᠪᠢᠰᠢ᠂ ᠬᠠᠷᠢᠨ ᠪᠠᠭᠰᠢ᠎ᠶᠢᠨ ᠡᠩᠨᠡᠭᠡ
ᠪᠤᠯᠤᠨ ᠨᠤᠮ᠎ᠤᠨ ᠰᠠᠩ᠎ᠢᠶᠡᠷ ᠪᠠᠷᠢᠮᠵᠢᠶᠠᠯᠠᠬᠤ ᠶᠤᠰᠤᠳᠠᠢ ᠭᠡᠵᠦ ᠦ᠊ ᠪᠠᠭᠰᠢ ᠦᠪᠡᠷ᠎ᠤᠨ ᠪᠠᠷᠢᠮᠳᠠᠯᠠᠯ᠎ᠢᠶᠡᠨ
ᠶᠠᠷᠢᠨ᠎ᠠ᠃
ᠬᠡᠳᠦᠨ
ᠳᠠᠯ᠎ᠠ᠎ᠶᠢᠨ ᠳᠤᠬᠢᠷᠠᠭᠤᠯᠤᠯᠳᠠ ᠳᠤᠤᠷ᠎ᠠ᠂ ᠪᠠᠯᠴᠢᠷᠤᠳ ᠰᠤᠷᠭᠠᠭᠤᠯᠢ᠎ᠳᠦ ᠰᠤᠷᠭᠠᠭᠤᠯᠢ᠎ᠶᠢᠨ ᠪᠦᠬᠦ ᠰᠤᠷᠤᠭᠴᠢᠳ᠎ᠢ
ᠪᠠᠭᠳᠠᠭᠠᠵᠤ ᠳᠡᠢᠯᠬᠦ ᠳᠤᠰᠬᠠᠢ ᠨᠤᠮ᠎ᠤᠨ ᠰᠠᠩ ᠲᠠᠢ ᠪᠤᠯᠤᠭᠰᠠᠨ ᠪᠦᠭᠡᠳ ᠠᠩᠬᠢ ᠪᠤᠯᠭᠠᠨ ᠨᠤᠮ ᠲᠠᠢ᠂ ᠵᠢᠭᠠᠨ
ᠰᠤᠷᠭᠠᠯᠳᠠ᠎ᠶᠢᠨ ᠠᠰᠠᠷ᠎ᠤᠨ ᠦᠨᠴᠦᠭ ᠪᠤᠯᠤᠩ ᠪᠦᠬᠦᠨ᠎ᠳᠦ ᠨᠤᠮ ᠲᠠᠢ ᠪᠤᠯᠤᠭᠰᠠᠨ ᠶᠤᠮ᠃
— ᠦᠨᠦ ᠵᠢᠯ ᠬᠠᠨ ᠠᠭᠤᠯᠠ
ᠪᠠᠭ᠎ᠠ ᠰᠤᠷᠭᠠᠭᠤᠯᠢ᠎ᠳᠦ ᠠᠵᠢᠯ ᠰᠢᠯᠵᠢᠨ ᠢᠷᠡᠭᠰᠡᠨ᠎ᠤ ᠳᠠᠷᠠᠭ᠎ᠠ ᠪᠢ ᠨᠤᠮ᠎ᠤᠨ ᠰᠠᠩ᠎ᠤᠨ ᠪᠦᠳᠦᠭᠡᠨ ᠪᠠᠢᠭᠤᠯᠤᠯᠳᠠ ᠵᠢ ᠳᠡᠷᠢᠭᠦᠨ ᠪᠠᠢᠷᠢᠨ᠎ᠳᠦ
ᠳᠠᠯᠪᠢᠵᠤ ᠪᠠᠢᠨ᠎ᠠ᠃ ᠰᠤᠷᠤᠭᠴᠢᠳ᠎ᠢᠶᠡᠨ ᠭᠠᠷ ᠬᠦᠷᠦᠭᠰᠡᠨ ᠭᠠᠵᠠᠷ ᠪᠤᠯᠭᠠᠨ᠎ᠳᠦ ᠨᠤᠮ ᠲᠠᠢ᠂ ᠰᠡᠯᠡᠭᠦᠦ ᠴᠠᠭ
ᠪᠤᠯᠭᠠᠨ ᠨᠤᠮ ᠲᠠᠢ ᠬᠠᠮᠳᠤ ᠪᠠᠢᠯᠴᠠᠬᠤ ᠰᠠᠢᠬᠠᠨ ᠳᠠᠳᠬᠠᠯ ᠲᠠᠢ ᠬᠦᠮᠦᠵᠢᠭᠦᠯᠬᠦ ᠪᠤᠯ ᠮᠢᠨᠤ ᠬᠦᠭᠡᠭᠡᠴᠡᠯᠳᠦᠯ
ᠭᠡᠵᠦ ᠦ᠊ ᠪᠠᠭᠰᠢ ᠶᠠᠷᠢᠶ᠎ᠠ ᠪᠠᠨ ᠦᠷᠬᠦᠯᠵᠢᠯᠡᠭᠦᠯᠦᠨ᠎ᠡ᠃
ᠬᠢᠴᠢᠶᠡᠯ
ᠡᠴᠡ ᠪᠠᠨ ᠡᠷᠳᠡ ᠢᠷᠡᠭᠰᠡᠨ ᠬᠡᠦᠬᠡᠳ᠎ᠤᠳ ᠰᠤᠷᠭᠠᠭᠤᠯᠢ᠎ᠶᠢᠨ ᠡᠭᠦᠳᠡᠨ ᠳᠡᠭᠡᠷ᠎ᠡ ᠳᠡᠮᠡᠢᠷᠡᠵᠦ ᠵᠤᠭᠰᠤᠬᠤ ᠨᠢ
ᠴᠦᠬᠡᠷᠡᠵᠦ ᠬᠤᠶᠠᠷ ᠭᠤᠷᠪᠠ ᠪᠡᠷ ᠨᠤᠮ᠎ᠤᠨ ᠰᠠᠩ ᠵᠦᠭ ᠴᠤᠪᠤᠷᠠᠯᠳᠤᠬᠤ ᠪᠤᠯᠤᠭᠰᠠᠨ ᠨᠢ ᠦ᠊ ᠪᠠᠭᠰᠢ᠎ᠶᠢᠨ ᠪᠠᠰᠠ
ᠨᠢᠭᠡᠨ ᠪᠠᠬᠠᠳᠤᠯ ᠪᠤᠯᠵᠠᠢ᠃
ᠬᠤᠯᠠ
ᠶᠠᠪᠤᠵᠤ ᠬᠤᠷᠸ᠎ᠠ ᠵᠢ ᠲᠠᠨᠢᠭᠤᠯᠤᠨ᠎ᠠ
ᠰᠤᠷᠤᠭᠴᠢᠳ᠎ᠤᠨ᠎ᠢᠶᠡᠨ
ᠬᠤᠯᠠ ᠶᠠᠪᠤᠵᠤ ᠬᠤᠷᠸ᠎ᠠ ᠵᠢ ᠲᠠᠨᠢᠬᠤ᠂ ᠤᠯᠠᠨ᠎ᠢ ᠦᠵᠡᠵᠦ ᠨᠢᠳᠦ ᠨᠡᠭᠡᠬᠡᠬᠦ ᠵᠢ ᠦ᠊ ᠪᠠᠬᠰᠢ ᠮᠠᠰᠢ ᠴᠢᠬᠤᠯᠠᠴᠢᠯᠠᠳᠠᠭ᠃
2019 ᠤᠨ᠎ᠳᠦ᠂ ᠲᠡᠷᠡ ᠪᠡᠷ
60 ᠭᠠᠷᠤᠢ ᠬᠡᠦᠬᠡᠳ ᠲᠠᠢ
ᠪᠠᠨ ᠬᠠᠮᠳᠤ ᠪᠡᠭᠡᠵᠢᠩ ᠬᠤᠳᠠ ᠵᠢ ᠵᠤᠷᠢᠵᠤ᠂ ᠤᠷᠳᠤ ᠴᠠᠭᠠᠨ ᠬᠡᠷᠡᠮ᠂ ᠲᠢᠶᠠᠨ ᠠᠨ ᠮᠸᠨ ᠠᠭᠤᠳᠠᠮ ᠳᠠᠯᠠᠪᠠᠢ
ᠪᠡᠷ ᠳᠤᠭᠤᠷᠢᠵᠤ᠂ ᠦᠰᠪᠦᠷᠢ᠎ᠶᠢᠨ ᠪᠠᠭᠠᠴᠤᠳ ᠲᠸ᠋ ᠡᠬᠡ ᠤᠯᠤᠰ᠎ᠤᠨ᠎ᠢᠶᠡᠨ ᠪᠠᠶᠠᠨ ᠬᠦᠴᠦᠷᠭᠡᠭ᠂ ᠦᠩ ᠲᠠᠩᠰᠤᠭᠢ
ᠮᠡᠳᠡᠷᠡᠭᠦᠯᠪᠡ᠃ ᠦᠩᠭᠡᠷᠡᠭᠰᠡᠨ᠎ᠳᠦ ᠦ᠊ ᠪᠠᠭᠰᠢ ᠪᠠᠰᠠ ᠭᠤᠷᠪᠠᠨ ᠭᠠᠴᠠᠭᠠᠨ᠎ᠤ ᠶᠠᠳᠠᠭᠤ ᠡᠴᠡ ᠠᠩᠬᠢᠵᠢᠷᠠᠭᠤᠯᠬᠤ
ᠠᠵᠢᠯ᠎ᠳ᠋ᠤ ᠤᠷᠤᠯᠴᠠᠵᠤ ᠪᠠᠢᠵᠠᠢ᠃ ᠭᠠᠴᠠᠭᠠᠨ᠎ᠤ ᠨᠠᠮ᠎ᠤᠨ ᠡᠭᠦᠷ ᠲᠠᠢ ᠬᠠᠮᠵᠢᠨ ᠶᠠᠳᠠᠭᠤ ᠬᠦᠴᠢᠷᠳᠡᠯᠳᠡᠢ ᠠᠢᠯᠢ
ᠳᠤᠰᠠᠯᠠᠵᠤ ᠳᠡᠮᠵᠢᠬᠦ ᠡᠴᠡ ᠭᠠᠳᠠᠨ᠎ᠠ᠂ ᠰᠤᠷᠤᠭᠴᠢᠳ᠎ᠢᠶᠡᠨ ᠳᠠᠭᠠᠭᠤᠯᠤᠨ ᠳᠤᠬᠠᠢ᠎ᠶᠢᠨ ᠭᠠᠵᠠᠷ᠎ᠲᠦ ᠤᠷᠠᠨ ᠰᠠᠢᠬᠠᠨ᠎ᠤ
ᠲᠤᠭᠯᠠᠯᠳᠠ ᠭᠠᠷᠭᠠᠵᠤ ᠬᠢᠴᠢᠶᠡᠯ᠎ᠤᠨ ᠭᠠᠳᠠᠨᠠᠬᠢ ᠠᠮᠢᠳᠤᠷᠠᠯ᠎ᠢ ᠨᠢ ᠪᠠᠶᠠᠯᠢᠭᠵᠢᠭᠤᠯᠵᠤ ᠪᠠᠢᠯ᠎ᠠ᠃ ᠤᠯᠠᠨ᠎ᠢ
ᠦᠵᠡᠵᠦ ᠨᠢᠳᠦ ᠨᠡᠭᠡᠭᠡᠭᠰᠡᠨ ᠬᠡᠦᠬᠡᠳ᠎ᠤᠳ ᠵᠤᠬᠢᠶᠠᠨ ᠪᠢᠴᠢᠯᠭᠡ ᠪᠠᠨᠴᠤ ᠦᠷᠭᠡᠨ ᠬᠠᠷᠠᠭᠠᠰᠤ ᠲᠠᠢ ᠪᠢᠴᠢᠬᠦ
ᠪᠤᠯᠤᠭᠰᠠᠨ ᠨᠢ ᠦ᠊ ᠪᠠᠭᠰᠢ᠎ᠶᠢᠨ ᠪᠠᠰᠠ ᠨᠢᠭᠡᠨ ᠪᠠᠬᠠᠷᠬᠠᠯ ᠪᠤᠯᠤᠭᠰᠠᠨ ᠪᠢᠯᠡ᠃ ᠡᠢᠨᠬᠦ ᠠᠵᠢᠯ᠎ᠳᠦ ᠪᠠᠨ ᠬᠠᠷᠢᠭᠤᠴᠠᠯᠭ᠎ᠠ
ᠲᠠᠢ ᠦ᠊ ᠪᠠᠭᠰᠢ ᠮᠠᠨᠢ ᠦᠨᠦ ᠵᠢᠯ᠎ᠤᠨ ᠤᠯᠠᠭᠠᠨᠬᠠᠳᠠ ᠬᠤᠳᠠ᠎ᠶᠢᠨ ᠨᠠᠢ᠍ᠮᠠᠳᠤᠭᠠᠷ ᠬᠤᠭᠤᠴᠠᠭᠠᠨ᠎ᠤ ᠠᠷᠠᠳ᠎ᠤᠨ
ᠲᠦᠯᠦᠭᠡᠯᠡᠭᠴᠢᠳ᠎ᠤᠨ ᠶᠡᠬᠡ ᠬᠤᠷᠠᠯ ᠳ᠋ᠸ᠋ ᠬᠤᠰᠢᠭᠤᠨ᠎ᠤ ᠪᠠᠨ ᠴᠤᠷ᠎ᠤᠨ ᠭᠠᠭᠴᠠ ᠰᠤᠷᠭᠠᠨ ᠬᠦᠮᠦᠵᠢᠯ᠎ᠤᠨ ᠰᠢᠰᠲᠸᠮ᠎ᠤᠨ
ᠲᠦᠯᠦᠭᠡᠯᠡᠭᠴᠢ᠎ᠶᠢᠨ ᠬᠤᠪᠢ ᠪᠡᠷ ᠤᠷᠤᠯᠴᠠᠭᠰᠠᠨ ᠶᠤᠮ᠃
— ᠪᠠᠭᠰᠢ ᠬᠦᠮᠦᠨ ᠪᠤᠯᠤᠭᠰᠠᠨ᠎ᠤ
ᠬᠤᠪᠢ᠎ᠳᠦ ᠬᠠᠮᠢᠶᠠᠷᠤᠯᠳᠠ᠂ ᠵᠢᠭᠠᠨ ᠰᠤᠷᠭᠠᠯᠳᠠ᠎ᠶᠢᠨ ᠤᠷ᠎ᠠ ᠴᠢᠳᠠᠪᠤᠷᠢ ᠪᠠᠨ ᠲᠠᠰᠤᠷᠠᠯᠳᠠ ᠦᠭᠡᠢ ᠳᠡᠭᠡᠭᠰᠢᠯᠡᠭᠦᠯᠵᠦ᠂
ᠨᠡᠢᠭᠡᠮ ᠵᠢᠷᠤᠮ᠎ᠤᠨ ᠰᠢᠯᠢᠳᠡᠭ ᠵᠠᠯᠭᠠᠮᠵᠢᠯᠠᠭᠴᠢ ᠵᠢ ᠬᠦᠮᠦᠵᠢᠭᠦᠯᠬᠦ ᠪᠡᠷ ᠴᠠᠭ ᠢᠮᠠᠭᠳᠠ ᠴᠢᠷᠮᠠᠢᠨ᠎ᠠ ᠭᠡᠵᠦ
ᠦ᠊ ᠵᠠᠬᠢᠷᠤᠯ ᠢᠳᠡᠭᠡᠯ ᠳᠡᠭᠦᠯᠳᠡᠷ ᠶᠠᠷᠢᠵᠤ ᠪᠠᠢᠯ᠎ᠠ᠃