ᠪᠠᠷᠰᠤᠨ
ᠴᠢᠬᠢ ᠡᠪᠡᠰᠦ᠄ ᠤᠯᠠᠨ ᠨᠠᠰᠤᠳᠤ ᠤᠷᠭᠤᠮᠠᠯ᠂ 14 — 45cm ᠦᠨᠳᠦᠷ ᠤᠷᠭᠤᠳᠠᠭ᠃ ᠨᠠᠷᠢᠬᠠᠨ ᠤᠷᠲᠤ ᠮᠦᠷᠳᠡᠭᠡᠨ ᠤᠯᠠᠪᠲᠤᠷ ᠪᠤᠷᠤ ᠵᠡᠯᠡᠯᠡᠵᠦ ᠤᠷᠭᠤᠬᠤ
ᠡᠰᠢ ᠲᠠᠢ᠃ ᠨᠠᠪᠴᠢ ᠨᠢ ᠬᠡᠳᠦᠭᠡᠨ᠂ ᠪᠦᠷ ᠤᠵᠤᠭᠤᠷ ᠡᠴᠡ
ᠤᠷᠭᠤᠬᠤ ᠪᠤᠶᠤ ᠵᠠᠷᠢᠮᠳᠤ ᠪᠠᠨ ᠡᠰᠢᠨᠤ ᠬᠢᠨᠢ ᠳᠤᠤᠷᠠᠳᠤ ᠬᠡᠰᠡᠭ ᠲᠸ᠋ ᠨᠢᠭᠡ ᠬᠤᠶᠠᠷᠬᠠᠨ ᠨᠠᠪᠴᠢ ᠭᠠᠷᠳᠠᠭ᠃
ᠨᠠᠪᠴᠢᠨᠤ ᠳᠡᠭᠡᠲᠤ ᠲᠠᠯ᠎ᠠ ᠨᠢ ᠬᠦᠨ ᠨᠤᠭᠤᠭᠠᠨ᠂ ᠰᠤᠳᠠᠯᠤᠨ ᠳᠠᠭᠠᠤᠳᠤ ᠪᠠᠨ ᠴᠠᠭᠠᠨ ᠠᠷ ᠳᠠᠢ᠂ ᠠᠷᠤ ᠲᠠᠯ᠎ᠠ
ᠬᠢᠬᠡᠳ ᠨᠠᠪᠴᠢᠨᠤ ᠪᠠᠷᠢᠭᠤᠯ ᠨᠢ ᠪᠤᠷᠤ ᠤᠯᠠᠭᠠᠨ᠂ ᠢᠠᠠᠴᠢ ᠵᠢᠵᠢᠭ ᠪᠦᠮᠪᠦᠭᠡᠯᠢᠭ ᠲᠤᠯᠪᠤ ᠲᠠᠢ᠃ ᠴᠡᠴᠡᠭ ᠨᠢ
ᠶᠠᠭᠠᠨ ᠦᠩᠭᠡ ᠲᠠᠢ᠂ ᠴᠡᠴᠡᠭᠤᠨ ᠬᠡᠯᠲᠡᠰ ᠨᠢ ᠲᠠᠪᠤ᠂ ᠳᠤᠤᠷᠠᠳᠤ ᠲᠠᠯ᠎ᠠᠶᠢᠨ ᠬᠤᠶᠠᠷ ᠨᠢ ᠳᠡᠭᠡᠳᠦ ᠲᠠᠯ᠎ᠠᠶᠢᠨ
ᠭᠤᠷᠪᠠ ᠡᠴᠡ ᠪᠠᠨ 3 — 4 ᠳᠠᠬᠢᠨ ᠶᠡᠬᠡ᠃ ᠰᠡᠭᠦᠳᠡᠷᠯᠢᠭ
ᠴᠢᠬᠢᠭᠳᠡᠢ ᠭᠠᠵᠠᠷ᠂ ᠠᠭᠤᠯᠠᠨ ᠵᠢᠯᠠᠭᠠᠶᠢᠨ ᠭᠤᠷᠤᠬᠠᠶᠢᠨ ᠬᠦᠪᠡᠭᠡ ᠪᠤᠶᠤ ᠬᠠᠳᠠ ᠴᠢᠯᠠᠭᠤᠨ ᠳᠡᠭᠡᠷ᠎ᠠ
ᠤᠷᠭᠤᠳᠠᠭ᠃

ᠪᠠᠷᠰ
ᠤᠯᠤᠰᠤ᠄ ᠤᠯᠠᠨ ᠨᠠᠰᠤᠲᠤ ᠤᠷᠭᠤᠮᠠᠯ᠂ 45 — 80cm ᠦᠨᠳᠦᠷ ᠤᠷᠭᠤᠳᠠᠭ᠂ ᠪᠦᠳᠦᠬᠦᠨ ᠦᠨᠳᠦᠰᠦᠯᠢᠭ ᠡᠰᠢ ᠲᠠᠢ᠂ ᠤᠵᠤᠭᠤᠷ ᠡᠴᠡ ᠤᠷᠭᠤᠭᠰᠠᠨ ᠨᠠᠪᠴᠢ
ᠨᠢ ᠬᠤᠶᠠᠷ ᠡᠴᠡ ᠭᠤᠷᠪᠠᠳᠠᠨ ᠪᠤᠷᠪᠠᠯᠠᠭᠰᠠᠨ ᠨᠡᠢᠯᠡᠮᠡᠯ ᠨᠠᠪᠴᠢ ᠮᠦᠨ᠃ ᠵᠢᠵᠢᠭ ᠨᠠᠪᠴᠢ ᠨᠢ ᠤᠷᠲᠤᠯᠵᠢᠨ ᠵᠤᠤᠪᠠᠭᠠᠷᠰᠢᠭ
ᠪᠤᠶᠤ ᠦᠨᠳᠡᠭᠡᠯᠵᠢᠨ ᠬᠡᠯᠪᠡᠷᠢ ᠲᠠᠢ᠂ ᠨᠠᠪᠴᠢᠨᠤ ᠰᠤᠳᠠᠯ ᠨᠢ ᠠᠷᠪᠢᠨ ᠦᠰᠦ ᠲᠠᠢ᠂ ᠡᠰᠢᠳᠡᠬᠢ ᠨᠠᠪᠴᠢ ᠨᠢ
2 — 3 ᠪᠠᠢᠵᠤ᠂ ᠨᠡᠯᠢᠶᠡᠳ
ᠵᠢᠵᠢᠭ᠃ ᠴᠡᠴᠡᠭᠤᠨ ᠬᠡᠯᠲᠡᠰ ᠨᠢ ᠲᠠᠪᠤ᠂ ᠬᠦᠶᠦᠬᠡᠨ ᠪᠤᠷᠤ ᠤᠯᠠᠭᠠᠨ᠂ ᠤᠯᠠᠭᠠᠨ ᠪᠤᠶᠤ ᠴᠠᠭᠠᠪᠲᠤᠷ ᠦᠩᠭᠡ ᠲᠠᠢ᠃
ᠠᠭᠤᠯᠠᠶᠢᠨ ᠵᠢᠯᠠᠭ᠎ᠠ᠂ ᠭᠤᠷᠤᠬᠠᠨ ᠬᠦᠪᠡᠭᠡ᠂ ᠰᠡᠢᠷᠡᠭ ᠤᠢ ᠮᠤᠳᠤ᠂ ᠠᠭᠤᠯᠠᠶᠢᠨ ᠬᠠᠵᠠᠭᠤ᠂ ᠵᠠᠮᠤᠨ ᠬᠠᠵᠠᠭᠤ
ᠪᠠᠷ ᠤᠷᠭᠤᠳᠠᠭ᠃ ᠦᠨᠳᠦᠰᠦᠯᠢᠭ ᠡᠰᠢ᠂ ᠨᠠᠪᠴᠢ ᠨᠢ ᠡᠯᠳᠡᠭᠦᠷᠢᠶᠢᠨ ᠳᠦᠬᠦᠭᠡᠢ ᠡᠳ᠋ ᠪᠤᠯᠤᠨ ᠡᠮᠳ᠋ᠸ᠋ ᠤᠷᠤᠳᠠᠭ᠂
ᠪᠠᠰᠠ ᠦᠵᠡᠮᠦᠷᠢᠶᠢᠨ ᠴᠡᠴᠡᠭ ᠪᠤᠯᠳᠠᠭ᠃

2008-2023 © ᠳᠤᠮᠳᠠᠳᠤ ᠤᠯᠤᠰᠤᠨ ᠮᠤᠩᠭᠤᠯ ᠬᠡᠯᠡᠨᠤ ᠰᠤᠨᠢᠨ ᠮᠡᠳᠡᠭᠡᠨᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6635435
ᠢᠮᠧᠯ᠄tn@mgyxw.net 蒙ICP备10000005号