ᠬᠤᠸᠠᠩ
ᠱᠢᠤᠢ ᠬᠤᠸᠠ 1926 ᠤᠨ᠎ᠳᠤ ᠭᠤᠸᠠᠩᠳᠦ᠋ᠩ
ᠮᠤᠵᠢ ᠵᠢᠨ ᠱᠠᠨ ᠸᠸᠢ ᠬᠤᠲᠠ᠎ᠳᠤ ᠲᠦᠷᠦᠵᠦ᠂ 1949 ᠤᠨ᠎ᠳᠤ ᠱᠠᠩᠬᠠᠢ ᠵᠠᠮ ᠬᠠᠷᠢᠯᠴᠠᠭᠠᠨ᠎ᠤ ᠶᠡᠭᠡ ᠰᠤᠷᠭᠠᠭᠤᠯᠢ ᠵᠢᠨ ᠤᠩᠭᠤᠴᠠ ᠦᠢᠯᠡᠳᠬᠦ ᠲᠤᠰᠬᠠᠢ
ᠮᠡᠷᠭᠡᠵᠢᠯ ᠵᠢᠡᠷ ᠲᠡᠬᠦᠰᠦᠭᠰᠡᠨ ᠡᠴᠡ ᠠᠪᠤᠭᠠᠳ ᠴᠦᠮ᠎ᠠ ᠵᠢᠨ ᠱᠤᠩᠭᠤᠯ ᠤᠩᠭᠤᠴᠠ ᠵᠢ ᠰᠤᠳᠤᠯᠤᠨ ᠦᠢᠯᠡᠳᠬᠦ ᠠᠵᠢᠯ
ᠬᠢᠵᠠᠢ᠃ ᠲᠡᠷᠡ ᠪᠤᠯ ᠮᠠᠨ᠎ᠤ ᠤᠯᠤᠰ᠎ᠤᠨ ᠴᠥᠮ᠎ᠡ᠎ᠶ᠋ᠢᠨ ᠱᠤᠩᠭᠤᠯ ᠣᠩᠭᠣᠴᠠ᠎ᠶ᠋ᠢᠨ ᠦᠢᠯᠡᠰ᠎ᠦᠨ ᠬᠣᠱᠢᠭᠤᠴᠢ ᠪᠠ
ᠰᠠᠭᠤᠷᠢᠯᠠᠭᠴᠢ᠂ ᠲᠡᠷᠡ ᠪᠡᠷ ᠤᠷᠢᠳ ᠬᠣᠵᠢᠳ ᠮᠠᠨ᠎ᠤ ᠤᠯᠤᠰ᠎ᠤᠨ ᠨᠢᠭᠡᠳᠦᠭᠡᠷ ᠦᠶ᠎ᠡ᠎ᠶ᠋ᠢᠨ ᠴᠥᠮ᠎ᠡ᠎ᠶ᠋ᠢᠨ ᠱᠤᠩᠭᠤᠯ
ᠣᠩᠭᠣᠴᠠ᠎ᠶ᠋ᠢᠨ ᠢᠨᠵᠧᠨᠧᠷᠢᠩ᠎ᠦᠨ ᠳᠡᠳ᠋ ᠶᠡᠷᠦᠩᠬᠡᠢ ᠲᠥᠯᠥᠪᠯᠡᠭ᠌ᠴᠢ ᠪᠠ ᠶᠡᠷᠦᠩᠬᠡᠢ ᠲᠥᠯᠥᠪᠯᠡᠭ᠌ᠴᠢ᠎ᠶ᠋ᠢᠨ
ᠲᠤᠱᠢᠶᠠᠯ᠎ᠢ ᠡᠭᠦᠷᠭᠡᠯᠡᠵᠦ᠍᠂ ᠮᠠᠨ᠎ᠤ ᠤᠯᠤᠰ᠎ᠤᠨ ᠨᠢᠭᠡᠳᠦᠭᠡᠷ ᠦᠶ᠎ᠡ᠎ᠶ᠋ᠢᠨ ᠴᠥᠮ᠎ᠡ᠎ᠶ᠋ᠢᠨ ᠱᠤᠩᠭᠤᠯ ᠣᠩᠭᠣᠴᠠ᠎ᠶ᠋ᠢ
ᠠᠮᠵᠢᠯᠲᠠ᠎ᠲᠠᠶ ᠰᠤᠳᠤᠯᠤᠨ ᠦᠢᠯᠡᠳᠴᠠᠢ᠃ 2020 ᠤᠨ᠎ᠤ 1
ᠰᠠᠷ᠎ᠠ᠎ᠳᠤ ᠤᠯᠤᠰ᠎ᠤᠨ
ᠰᠢᠨᠵᠢᠯᠡᠬᠦ ᠤᠬᠠᠭᠠᠨ ᠲᠸᠭᠨᠢᠭ ᠮᠡᠷᠭᠡᠵᠢᠯ᠎ᠤᠨ ᠬᠠᠮᠤᠭ᠎ᠤᠨ ᠲᠡᠭᠡᠳᠤ ᠱᠠᠩᠨᠠᠯ᠎ᠢ ᠬᠦᠷᠳᠡᠪᠡ᠃
《ᠲᠩᠷᠢ ᠭᠠᠵᠠᠷ᠎ᠢ ᠳᠣᠩᠰᠣᠯᠭᠠᠮ᠎ᠠ
ᠠᠵᠢᠯ᠎ᠢ ᠬᠢᠬᠦ ᠵᠢᠨ ᠲᠦᠯᠦᠭᠡ ᠤᠪᠤᠭ ᠨᠡᠷ᠎ᠡ᠎ᠪᠡᠨ ᠨᠢᠭᠤᠵᠤ ᠶᠠᠪᠤᠨ᠎ᠠ》
ᠬᠤᠸᠠᠩ
ᠱᠢᠤᠢ ᠬᠤᠸᠠ 《ᠴᠥᠮ᠎ᠡ᠎ᠶ᠋ᠢᠨ ᠱᠤᠩᠭᠤᠯ
ᠣᠩᠭᠣᠴᠠ》 ᠮᠡᠳᠤ 《ᠲᠠᠯᠠᠢ ᠵᠢᠨ ᠬᠦᠨ》 ᠳ᠋ᠤ ᠨᠢᠭᠤᠭᠳᠠᠵᠦ 30 ᠵᠢᠯ ᠨᠡᠷ᠎ᠡ ᠤᠰᠤ᠎ᠪᠡᠨ
ᠪᠤᠷᠤᠭᠤᠯᠠᠵᠤ ᠠᠵᠢᠯᠯᠠᠵᠤ ᠠᠮᠢᠳᠤᠷᠠᠬᠰᠠᠨ ᠶᠤᠮ᠃ ᠣᠷᠴᠢᠮ᠎ᠤᠨ ᠬᠡᠳᠦᠨ ᠵᠢᠯ᠎ᠡᠴᠡ ᠬᠦᠮᠦᠰ ᠰᠠᠶᠢ ᠲᠡᠭᠦᠨ᠎ᠢ ᠤᠢᠯᠠᠭᠠᠬᠤ
ᠪᠤᠯᠵᠠᠢ᠃
1958 ᠤᠨ᠎ᠳᠤ ᠬᠤᠸᠠᠩ ᠰᠢᠤᠢ
ᠬᠤᠸᠠ ᠪᠠᠭᠡᠵᠢᠩ᠎ᠳᠤ ᠠᠵᠢᠯ ᠵᠢᠡᠷ ᠬᠦᠷᠦᠭᠡᠳ ᠤᠯᠤᠰ ᠡᠴᠡ ᠲᠡᠬᠦᠨ᠎ᠢ ᠴᠦᠮ᠎ᠠ ᠵᠢᠨ ᠱᠤᠩᠭᠤᠯ ᠤᠩᠭᠤᠴᠠ ᠰᠤᠳᠤᠯᠤᠨ
ᠦᠢᠯᠡᠳᠬᠦ ᠠᠵᠢᠯ᠎ᠢ ᠵᠤᠬᠢᠶᠠᠨ ᠪᠠᠢᠭᠤᠯᠬᠤ᠎ᠳᠤ ᠤᠷᠤᠯᠴᠠᠭᠤᠯᠤᠭᠰᠠᠨᠢ ᠮᠡᠳᠡᠵᠠᠢ᠃ ᠡᠨᠡᠬᠦ ᠠᠵᠢᠯ᠎ᠢ ᠬᠢᠪᠠᠯ
ᠵᠠᠪᠠᠯ ᠴᠠᠭ ᠢᠮᠠᠭᠳᠠ ᠤᠯᠤᠰ᠎ᠤᠨ ᠨᠢᠭᠤᠴᠠ ᠵᠢ ᠪᠠᠳᠤ ᠬᠠᠮᠠᠭᠠᠯᠠᠵᠤ᠂ ᠨᠠᠰᠤᠨ ᠲᠤᠷᠰᠢᠳᠠ ᠬᠢᠬᠦ ᠮᠦᠷᠳᠡᠭᠡᠨ
ᠨᠠᠰᠤ ᠪᠡᠷ ᠵᠢᠡᠨ ᠨᠠᠷᠠ ᠤᠪᠤᠭ ᠵᠢᠡᠨ ᠨᠢᠭᠤᠵᠦ ᠨᠠᠷᠠ ᠦᠭᠡᠢ ᠪᠠᠭᠠᠳᠤᠷ ᠪᠤᠯᠬᠤ ᠬᠡᠷᠡᠭᠳᠡᠢ ᠪᠠᠢᠵᠠᠢ᠃ ᠡᠳᠡᠭᠡᠷ᠎ᠢ
ᠮᠡᠳᠡᠭᠰᠡᠨ ᠬᠤᠸᠠᠩ ᠰᠢᠤᠢ ᠬᠤᠸᠠ ᠦᠴᠦᠭᠡᠨᠴᠤ ᠲᠠᠳᠠᠭᠠᠯᠵᠠᠯ ᠦᠭᠡᠢ ᠵᠦᠪᠰᠢᠶᠠᠷᠠᠪᠠ᠃

1962 ᠤᠨ᠎ᠳᠤ ᠡᠭᠡᠨᠠᠷ ᠨᠢ
ᠪᠡᠭᠡᠵᠢᠩ᠎ᠳᠤ ᠠᠵᠢᠯ ᠰᠢᠯᠵᠢᠪᠡ᠃ ᠬᠡᠳᠦᠢᠪᠡᠷ ᠬᠡᠷ᠎ᠤᠨ ᠬᠦᠮᠦᠰ ᠲᠠᠢ ᠪᠠᠨ ᠨᠢᠭᠡ ᠭᠠᠵᠠᠷ᠎ᠲᠤ ᠪᠠᠢᠭᠰᠠᠨ᠎ᠴᠤ
ᠲᠡᠷᠡ ᠮᠦᠨᠬᠦ ᠬᠡᠷ᠎ᠲᠤ ᠪᠠᠨ ᠬᠠᠷᠢᠬᠤ ᠴᠢᠯᠦᠭᠡ ᠦᠭᠡᠢ ᠪᠠᠢᠵᠤ᠂ ᠦᠬᠢᠨ ᠨᠢ ᠲᠡᠬᠦᠨ᠎ᠢ 《ᠵᠤᠴᠢᠨ》ᠬᠡᠵᠦ ᠠᠨᠳᠠᠭᠤᠷᠠᠳᠠᠭ
ᠪᠠᠢᠯ᠎ᠠ᠃ ᠬᠤᠸᠠᠩ ᠰᠢᠤᠢ ᠬᠤᠸᠠ 1957 ᠤᠨ᠎ᠤ ᠴᠠᠭᠠᠨ ᠰᠠᠷ᠎ᠠ᠎ᠶᠢᠨ ᠰᠢᠨ᠎ᠠ ᠵᠢᠨ ᠨᠢᠭᠡᠨ᠎ᠳᠤ ᠭᠤᠸᠠᠩᠳᠦ᠋ᠩ ᠨᠤᠳᠤᠭ ᠡᠴᠡ ᠪᠠᠨ ᠰᠠᠯᠤᠭᠰᠠᠨ
ᠡᠴᠡ ᠬᠤᠢᠰᠢ ᠭᠤᠸᠠᠩᠳᠦ᠋ᠩ᠎ᠳᠤ ᠰᠠᠭᠤᠭ᠎ᠠ ᠠᠪᠤ ᠡᠵᠢ ᠠᠬᠠᠰ ᠵᠠᠬᠠᠰ ᠲᠠᠢ ᠪᠠᠨᠴᠤ ᠵᠦᠪᠭᠡᠨ ᠵᠠᠬᠢᠳᠠᠯ᠂ ᠴᠠᠬᠢᠯᠭᠠᠨ
ᠮᠡᠳᠡᠭᠡ ᠪᠡᠷ ᠬᠠᠷᠢᠯᠴᠠᠳᠠᠭ ᠲᠡᠳᠦᠢ ᠪᠠᠢᠪᠠ᠃ ᠲᠡᠬᠦᠨ᠎ᠢ ᠲᠠᠬᠢᠨ ᠡᠵᠢ ᠲᠠᠢ ᠪᠠᠨ ᠠᠭᠤᠯᠵᠠᠬᠤ᠎ᠳᠤ 1986 ᠤᠨ ᠤ 11 ᠰᠠᠷ᠎ᠠ ᠪᠤᠯᠤᠨ᠎ᠠ ᠬᠡᠳᠡᠭ᠎ᠢ
ᠲᠡᠷᠡ ᠦᠪᠡᠷ ᠵᠢᠡᠨᠴᠤ ᠪᠤᠳᠤᠵᠦ ᠤᠯᠤᠭᠰᠠᠨ ᠦᠭᠡᠢ᠃
《ᠪᠢᠳᠡ 1958 ᠣᠨ ᠡᠴᠡ ᠴᠥᠮ᠎ᠡ᠎ᠶ᠋ᠢᠨ
ᠱᠤᠩᠭᠤᠯ ᠣᠩᠭᠣᠴᠠᠰᠤᠳᠤᠯᠤᠨ ᠦᠢᠯᠡᠳᠦᠭᠰᠡᠨ ᠡᠴᠡ 2018 ᠤᠨ ᠳ᠋ᠤ ᠠᠵᠢᠯ᠎ᠠᠴᠠ᠎ᠪᠠᠨ ᠠᠮᠠᠷᠠᠬᠤ ᠪᠤᠯᠳᠠᠯ᠎ᠠ ᠪᠢ
ᠴᠥᠮ᠎ᠡ᠎ᠶ᠋ᠢᠨ ᠱᠤᠩᠭᠤᠯ ᠣᠩᠭᠣᠴᠠ ᠵᠢᠨ ᠬᠠᠮᠢᠶ᠎ᠠ ᠪᠦᠬᠦᠢ ᠠᠵᠢᠯ ᠲᠥᠷᠥᠯ ᠡᠴᠡ ᠨᠢᠭᠡ ᠡᠳᠦᠷ ᠴᠦ᠍ ᠰᠠᠯᠵᠤ ᠥᠩᠭᠡᠷᠡᠭ᠌ᠰᠡᠨ
ᠦᠭᠡᠢ》 ᠭᠡᠵᠦ᠍ ᠬᠤᠸᠠᠩ ᠱᠢᠤᠢ
ᠬᠤᠸᠠ ᠴᠥᠮ᠎ᠡ᠎ᠶ᠋ᠢᠨ ᠱᠤᠩᠭᠤᠯ ᠣᠩᠭᠣᠴᠠ ᠯᠤᠭ᠎ᠠ ᠵᠢᠨ ᠨᠠᠰᠤᠨ ᠲᠤᠷᠱᠢᠳᠠ᠎ᠶ᠋ᠢᠨ ᠬᠤᠪᠢ ᠪᠠᠷᠢᠯᠳᠤᠯᠭ᠎ᠠ ᠪᠠᠨ
ᠶᠠᠷᠢᠵᠤ ᠪᠠᠢᠯ᠎ᠠ᠃ 《ᠲᠩᠷᠢ ᠭᠠᠵᠠᠷ᠎ᠢ ᠳᠣᠩᠰᠣᠯᠭᠠᠮ᠎ᠠ
ᠠᠵᠢᠯ᠎ᠢ ᠬᠢᠬᠦ ᠵᠢᠨ ᠲᠦᠯᠦᠭᠡ ᠤᠪᠤᠭ ᠨᠡᠷ᠎ᠡ᠎ᠪᠡᠨ ᠨᠢᠭᠤᠵᠤ ᠶᠠᠪᠤᠨ᠎ᠠ》ᠬᠡᠬᠦ ᠦᠭᠡ ᠨᠢ ᠬᠤᠸᠠᠩ
ᠱᠢᠤᠢ ᠬᠤᠸᠠ᠎ᠶ᠋ᠢᠨ ᠨᠢᠭᠡ ᠨᠠᠰᠤᠨ᠎ᠤ ᠵᠢᠩᠬᠢᠨᠢ ᠵᠢᠷᠤᠭ᠍ᠯᠠᠯ ᠪᠣᠯᠵᠠᠢ᠃
ᠴᠥᠮ᠎ᠡ᠎ᠶ᠋ᠢᠨ
ᠱᠤᠩᠭᠤᠯ ᠣᠩᠭᠣᠴᠠ᠎ᠶ᠋ᠢᠨ ᠰᠤᠳᠤᠯᠭᠠᠨ ᠳᠡᠭᠡᠷ᠎ᠡ ᠡᠴᠢᠨᠡᠨ ᠵᠢᠯ ᠪᠦᠬᠦ ᠰᠡᠳᠬᠢᠯ ᠪᠦᠬᠦ ᠵᠤᠷᠢᠭ᠎ᠢᠶᠡᠷ ᠵᠢᠡᠨ
ᠠᠵᠢᠯᠯᠠᠵᠦ᠂ ᠠᠯᠢᠪᠠ ᠪᠠᠨ ᠵᠤᠷᠢᠭᠤᠯᠤᠭᠰᠠᠨ᠎ᠳᠤ ᠪᠠᠨ ᠲᠠ ᠬᠠᠷᠠᠮᠰᠠᠳᠠᠭ ᠤᠤ ? ᠭᠡᠵᠦ᠍ ᠵᠠᠷᠢᠮ ᠬᠥᠮᠦᠨ
ᠲᠡᠭᠦᠨ ᠡᠴᠡ ᠠᠰᠠᠭᠤᠪᠠᠯ ᠲᠡᠷᠡ᠄ 《ᠪᠢᠳᠡ ᠪᠤᠯ ᠱᠢᠨᠵᠢᠯᠡᠬᠦ᠌ ᠤᠬᠠᠭᠠᠨ᠎ᠤ ᠰᠤᠳᠤᠯᠭᠠᠨ ᠬᠢᠳᠡᠭ
ᠬᠦᠮᠦᠰ ᠰᠢᠤ᠂ ᠬᠡᠷᠪᠡ ᠰᠡᠳᠭᠢᠯ ᠰᠠᠨᠠᠭ᠎ᠠ᠎ᠪᠠᠨ ᠲᠦᠪᠯᠡᠷᠡᠬᠦᠯᠬᠦ ᠦᠭᠡᠢ ᠪᠣᠯ ᠦᠷ᠎ᠡ ᠪᠦᠲᠦᠭᠡᠯ ᠭᠠᠷᠭᠠᠬᠤ᠎ᠳᠤ
ᠮᠠᠰᠢ ᠬᠦᠴᠢᠷ ᠶᠤᠮ᠃ ᠡᠢᠮᠦ ᠡᠴᠡ ᠪᠢᠳᠡ ᠨᠢᠭᠡ ᠨᠠᠰᠤ᠎ᠪᠠᠨ ᠱᠢᠨᠵᠢᠯᠡᠬᠦ᠌ ᠤᠬᠠᠭᠠᠨ᠎ᠤ ᠰᠤᠳᠤᠯᠭᠠᠨ᠎ᠤ ᠠᠵᠢᠯ
ᠳ᠋ᠤ ᠵᠤᠷᠢᠭᠤᠯᠬᠤ ᠬᠡᠷᠡᠭ᠌ᠲᠡᠶ》 ᠭᠡᠳᠡᠭ ᠪᠠᠢᠯ᠎ᠠ᠃
ᠲᠤᠭᠯᠠᠭᠠᠮ᠎ᠤᠨ
ᠵᠠᠭ᠍ᠪᠤᠷ᠎ᠢᠶᠠᠷ ᠲᠣᠮᠣ ᠤᠯᠤᠰ᠎ᠤᠨ ᠬᠦᠨᠳᠦ ᠵᠡᠪᠰᠡᠭ᠎ᠤᠨ ᠦᠢᠯᠡᠰ᠎ᠢ ᠪᠦᠳᠦᠭᠡᠯᠠ
ᠳᠤᠮᠳᠠᠳᠤ
ᠤᠯᠤᠰ ᠶᠠᠭᠤᠨ᠎ᠳᠤ ᠴᠥᠮ᠎ᠡ᠎ᠶ᠋ᠢᠨ ᠱᠤᠩᠭᠤᠯ ᠣᠩᠭᠣᠴᠠ ᠦᠢᠯᠡᠳᠬᠦ᠌ ᠪᠤᠢ ? ᠬᠡᠬᠦ ᠠᠰᠠᠭᠤᠯᠲᠠ ᠵᠢ
ᠬᠤᠸᠠᠩ ᠱᠢᠤᠢ ᠬᠤᠸᠠ ᠲᠠᠢᠯᠪᠤᠷᠢᠯᠠᠬᠤ᠎ᠳᠤ ᠪᠠᠨ᠄《〈ᠠᠲ᠋ᠣᠮ᠎ᠤᠨ ᠪᠥᠮᠪᠥᠭᠡ᠎ᠶ᠋ᠢᠨ ᠳᠠᠢ᠌ᠨ᠎ᠢ ᠡᠰᠡᠷᠭᠦᠴᠡᠶ᠎ᠡ
ᠭᠡᠪᠡᠯ ᠡᠷᠬᠡᠪᠰᠢ ᠠᠲ᠋ᠣᠮ᠎ᠤᠨ ᠪᠥᠮᠪᠥᠭᠡ᠎ᠲᠡᠶ ᠪᠠᠢᠬᠤ ᠬᠡᠷᠡᠭ᠌ᠲᠡᠢ〉ᠬᠡᠬᠦ ᠦᠭᠡ ᠪᠠᠢᠳᠠᠭ᠃
ᠡᠬᠦᠨ ᠡᠴᠡ ᠭᠠᠳᠠᠨ᠎ᠠ ᠪᠢ ᠪᠠᠰᠠ ᠨᠢᠭᠡ ᠦᠭᠡ ᠨᠥᠬᠥᠪᠥᠷᠢᠯᠡᠶᠡ᠄ ᠪᠢᠳᠠ ᠵᠦᠪᠭᠡᠨ ᠠᠲ᠋ᠣᠮ᠎ᠤᠨ ᠪᠥᠮᠪᠥᠭᠡ᠎ᠲᠡᠶ
ᠪᠠᠢᠭᠠᠳ ᠪᠤᠯᠬᠤ ᠦᠭᠡᠢ᠂ ᠪᠠᠰᠠ ᠵᠠᠪᠠᠯ ᠴᠥᠮ᠎ᠡ᠎ᠶ᠋ᠢᠨ ᠱᠤᠩᠭᠤᠯ ᠣᠩᠭᠣᠴᠠ ᠪᠠᠢᠬᠤ ᠬᠡᠷᠡᠭ᠌ᠲᠡᠶ᠃ ᠴᠥᠮ᠎ᠡ᠎ᠶ᠋ᠢᠨ
ᠱᠤᠩᠭᠤᠯ ᠣᠩᠭᠣᠴᠠ ᠲᠠᠶ ᠪᠤᠯ ᠴᠥᠮ᠎ᠡ᠎ᠶ᠋ᠢᠨ ᠴᠣᠬᠢᠯᠲᠠ ᠲᠠᠭᠠᠷᠢᠯᠲᠠ ᠵᠢᠨ ᠡᠮᠦᠨ᠎ᠠ ᠪᠢᠳᠠ ᠥᠪᠡᠷ᠎ᠢ᠎ᠪᠡᠨ ᠬᠠᠮᠠᠭᠠᠯᠠᠵᠤ
ᠴᠢᠳᠠᠬᠤ ᠮᠦᠷᠳᠡᠭᠡᠨ ᠭᠡᠳᠡᠷᠭᠦ᠌ ᠳᠠᠭᠠᠷᠢᠯᠲᠠ ᠬᠢᠬᠦ ᠴᠢᠳᠠᠪᠤᠷᠢ᠎ᠲᠠᠶ ᠪᠤᠯᠤᠨ᠎ᠠ》 ᠬᠡᠵᠦ ᠬᠡᠯᠡᠭᠰᠡᠨ ᠪᠠᠢᠳᠠᠭ᠃
ᠭᠡᠲᠡᠯ᠎ᠡ
ᠴᠥᠮ᠎ᠡ᠎ᠶ᠋ᠢᠨ ᠱᠤᠩᠭᠤᠯ ᠣᠩᠭᠣᠴᠠ᠎ᠶ᠋ᠢ ᠦᠢᠯᠡᠳᠬᠦ ᠨᠢ ᠲᠡᠢᠮᠦ ᠯᠡ ᠠᠮᠠᠷᠬᠠᠨ ᠤᠴᠢᠷ ᠪᠢᠰᠢ᠃ ᠲᠤᠬᠠᠢ᠎ᠶ᠋ᠢᠨ ᠦᠶ᠎ᠡ᠎ᠶ᠋ᠢᠨ
ᠳᠤᠮᠳᠠᠳᠤ ᠤᠯᠤᠰ᠎ᠤᠨ ᠠᠵᠤ ᠦᠢᠯᠡᠳᠪᠦᠷᠢ᠎ᠶ᠋ᠢᠨ ᠰᠠᠭᠤᠷᠢ ᠪᠠᠭᠤᠷᠠᠢ ᠤᠴᠢᠷ ᠡᠴᠡ ᠴᠥᠮ᠎ᠡ᠎ᠶ᠋ᠢᠨ ᠱᠤᠩᠭᠤᠯ ᠣᠩᠭᠣᠴᠠ᠎ᠲᠠᠶ
ᠪᠣᠯᠤᠨ᠎ᠠ ᠬᠡᠳᠡᠭ ᠨᠢ ᠠᠷᠪᠠᠨ ᠵᠡᠬᠦᠳᠦᠨ᠎ᠳᠤ ᠦᠭᠡᠢ ᠤᠴᠢᠷ ᠪᠠᠢᠵᠠᠢ᠃
ᠲᠤᠬᠠᠶ᠎ᠶ᠋ᠢᠨ
ᠦᠶ᠎ᠡ᠎ᠳᠦ ᠮᠠᠨ᠎ᠤ ᠤᠯᠤᠰ᠎ᠲᠤ ᠭᠠᠳᠠᠭᠠᠳᠤ᠎ᠠᠴᠠ ᠬᠠᠷᠢᠵᠤ ᠢᠷᠡᠭ᠌ᠰᠡᠨ ᠬᠠᠮᠢᠶ᠎ᠠ ᠪᠦᠬᠦᠢ ᠴᠢᠳᠠᠪᠤᠷᠢᠲᠠᠨ ᠨᠢᠭᠡ
ᠴᠦ᠍ ᠪᠠᠢᠭ᠍ᠰᠠᠨ ᠥᠬᠡᠶ ᠮᠦᠷᠳᠡᠭᠡᠨ ᠡᠨᠡ ᠲᠠᠯ᠎ᠠ᠎ᠶ᠋ᠢᠨ ᠮᠡᠳᠡᠯᠭᠡ᠎ᠪᠡᠷ ᠴᠦ᠍ ᠲᠤᠩ ᠳᠤᠲᠠᠮᠠᠭ ᠪᠠᠢᠪᠠ᠃ 《ᠴᠥᠮ᠎ᠡ᠎ᠶ᠋ᠢᠨ ᠱᠤᠩᠭᠤᠯ
ᠣᠩᠭᠣᠴᠠ᠎ᠶ᠋ᠢᠨ ᠬᠠᠮᠢᠶ᠎ᠠ ᠪᠦᠬᠦᠢ ᠮᠡᠳᠡᠯᠭᠡ᠎ᠶ᠋ᠢ ᠪᠢᠳᠡ ᠨᠢᠭᠡᠴᠤ ᠮᠡᠳᠡᠬᠦ᠌ ᠦᠭᠡᠢ᠂ ᠦᠵᠡᠵᠦ᠍ ᠥᠩᠭᠡᠷᠡᠭ᠌ᠰᠡᠨ
ᠬᠥᠮᠦᠨᠴᠤ ᠦᠭᠡᠢ᠂ ᠰᠤᠷᠭᠠᠭᠤᠯᠢ᠎ᠳᠤ ᠴᠸ᠋ ᠡᠢᠮᠦ ᠬᠢᠴᠢᠶᠡᠯ ᠪᠠᠢᠳᠠᠭ ᠦᠭᠡᠢ᠃ ᠡᠭᠦᠨ ᠡᠴᠡ ᠭᠠᠳᠠᠨ᠎ᠠ᠂ ᠭᠠᠳᠠᠭᠠᠳᠤ᠎ᠶ᠋ᠢᠨ
ᠮᠡᠷᠭᠡᠵᠢᠯ᠎ᠦᠨ ᠴᠢᠩᠭ᠎ᠠ ᠪᠢᠲᠡᠭᠦᠮᠵᠢᠯᠡᠯ᠎ᠦᠨ ᠳᠣᠣᠷ᠎ᠠ ᠰᠤᠳᠤᠯᠤᠨ ᠦᠢᠯᠡᠳᠬᠦ᠌ ᠠᠵᠢᠯᠲᠠᠨ᠎ᠤ ᠭᠠᠷ᠎ᠲᠤ ᠴᠥᠮ᠎ᠡ᠎ᠶ᠋ᠢᠨ
ᠱᠤᠩᠭᠤᠯ ᠣᠩᠭᠣᠴᠠᠨ᠎ᠤ ᠮᠡᠷᠭᠡᠵᠢᠯ᠎ᠦᠨ ᠯᠠᠪᠯᠠᠯᠲᠠ᠎ᠶ᠋ᠢᠨ ᠮᠠᠲ᠋ᠧᠷᠢᠶᠠᠯ ᠭᠡᠵᠦ᠍ ᠪᠠᠢᠬᠤ ᠴᠸ᠋ ᠦᠭᠡᠢ᠂ ᠪᠦᠷ
ᠴᠦ᠍ ᠥᠪᠡᠷ᠎ᠦᠨ ᠴᠢᠷᠮᠠᠢᠯᠭ᠎ᠠ᠎ᠪᠠᠷ᠎ᠢᠶᠠᠨ ᠡᠬᠢᠯᠡᠵᠦ ᠬᠢᠭᠰᠡᠨ》 ᠬᠡᠵᠦ ᠬᠤᠸᠠᠩ ᠰᠢᠤᠢ ᠬᠤᠸᠠ ᠶᠠᠷᠢᠯ᠎ᠠ᠃
ᠲᠡᠭᠡᠬᠦ᠎ᠳᠤ
ᠶᠠᠭ ᠰᠠᠶᠢᠬᠠᠨ ᠠᠮᠧᠷᠢᠺᠠ ᠪᠠ ᠳᠤᠮᠳᠠᠳᠤ ᠤᠯᠤᠰ᠎ᠤᠨ ᠱᠢᠶᠠᠩᠭᠠᠩ᠎ᠠᠴᠠ ᠢᠷᠡᠭᠰᠡᠨ ᠬᠣᠶᠠᠷ ᠬᠦᠮᠦᠨ《ᠸᠠᠱᠢᠩᠲ᠋ᠣᠨ ᠨᠡᠷᠡᠮᠵᠢᠲᠦ》 ᠴᠥᠮ᠎ᠡ᠎ᠶ᠋ᠢᠨ ᠱᠤᠩᠭᠤᠯ
ᠣᠩᠭᠣᠴᠠ ᠵᠢᠨ ᠬᠡᠦᠬᠡᠳ᠎ᠦᠨ ᠲᠣᠭ᠍ᠯᠠᠭᠠᠮ᠎ᠤᠨ ᠵᠠᠭ᠍ᠪᠤᠷ᠎ᠢ ᠠᠪᠴᠢᠷᠠᠵᠠᠢ᠃ ᠲᠣᠭ᠍ᠯᠠᠭᠠᠮ ᠨᠢ ᠳᠠᠭᠤᠷᠢᠶᠠᠮᠠᠯ
ᠵᠠᠬᠪᠤᠷ ᠪᠠᠢᠵᠤ᠂ ᠬᠠᠪᠲᠠᠰᠤ᠎ᠶ᠋ᠢ ᠨᠢ ᠰᠡᠬᠦᠵᠦ᠍ ᠪᠣᠯᠤᠨ᠎ᠠ᠃ 《ᠪᠢᠳᠡ ᠮᠠᠰᠢ ᠪᠠᠶᠠᠷᠯᠠᠭᠰᠠᠨ᠂ ᠲᠡᠳᠡᠭᠡᠷ᠎ᠢ ᠵᠠᠳᠠᠯᠵᠤ
ᠤᠭ᠍ᠰᠠᠷᠠᠭᠠᠳ ᠡᠨᠡ ᠬᠣᠶᠠᠷ ᠵᠠᠭ᠍ᠪᠤᠷ᠎ᠤᠨ ᠪᠣᠳᠠᠲᠠᠶ ᠪᠠᠢᠳᠠᠯ ᠨᠢ ᠮᠠᠨ᠎ᠤ ᠴᠤᠭ᠍ᠯᠠᠭᠤᠯᠤᠭ᠍ᠰᠠᠨ ᠮᠠᠲ᠋ᠧᠷᠢᠶᠠᠯ᠎ᠢᠶᠡᠷ
ᠪᠦᠷᠢᠯᠳᠦᠭᠰᠡᠨ ᠠᠮᠧᠷᠢᠺᠠ᠎ᠶ᠋ᠢᠨ ᠴᠥᠮ᠎ᠡ᠎ᠶ᠋ᠢᠨ ᠱᠤᠩᠭᠤᠯ ᠣᠩᠭᠣᠴᠠᠨ᠎ᠤ ᠶᠡᠷᠦᠩᠬᠡᠶ ᠪᠠᠢᠳᠠᠯ᠎ᠲᠠᠶ ᠠᠳᠠᠯᠢ ᠪᠠᠢᠬᠤ᠎ᠶ᠋ᠢ
ᠣᠯᠵᠤ ᠮᠡᠳᠡᠪᠡ᠃ ᠲᠡᠭᠡᠭᠡᠳ ᠪᠢᠳᠡ ᠢᠲᠡᠭᠡᠯ᠎ᠲᠡᠶ ᠪᠣᠯᠤᠭ᠍ᠰᠠᠨ》 ᠭᠡᠵᠦ᠍ ᠬᠤᠸᠠᠩ ᠱᠢᠤᠢ ᠬᠤᠸᠠ ᠬᠡᠯᠡᠪᠡ᠃
ᠰᠤᠳᠤᠯᠬᠤ
ᠵᠢᠨ ᠲᠠᠭᠠᠤ ᠲᠤᠷᠰᠢᠵᠦ᠂ ᠲᠦᠯᠦᠪᠯᠡᠬᠦ ᠵᠢᠨ ᠲᠠᠭᠠᠤ ᠦᠨᠳᠦᠰᠦᠨ ᠪᠦᠳᠦᠭᠡᠨ ᠪᠠᠢᠭᠤᠯᠤᠯᠲᠠ ᠬᠢᠵᠦ᠂ ᠦᠢᠯᠡᠳᠪᠦᠷᠢᠯᠡᠬᠦ
ᠵᠢᠨ ᠲᠠᠭᠠᠤ ᠰᠤᠸᠠᠮᠫᠠᠨ ᠪᠠ ᠪᠤᠳᠤᠯᠭ᠎ᠠ ᠵᠢᠨ ᠱᠤᠭᠤᠮ᠎ᠳᠤ ᠲᠦᠰᠢᠭᠯᠡᠨ ᠶᠡᠭᠡ ᠬᠡᠮᠵᠢᠶᠠᠨ᠎ᠤ ᠪᠤᠳᠤᠯᠭ᠎ᠠ ᠪᠠ
ᠲᠤᠷᠰᠢᠯᠲᠠ ᠪᠡᠷ ᠲᠠᠮᠵᠢᠨ᠂ ᠬᠤᠸᠠᠩ ᠰᠢᠤᠢ ᠬᠤᠸᠠ ᠬᠠᠮᠳᠤ ᠠᠵᠢᠯᠯᠠᠭᠰᠠᠳ ᠲᠠᠢ ᠪᠠᠨ ᠡᠴᠦᠰ᠎ᠲᠤ ᠪᠠᠨ ᠵᠤᠷᠢᠭᠰᠠᠨ᠎ᠳᠤ
ᠪᠠᠨ ᠬᠦᠷᠦᠯ᠎ᠡ᠃ 1970 ᠣᠨ᠎ᠤ 12 ᠰᠠᠷ᠎ᠠ᠎ᠶ᠋ᠢᠨ 26 ᠤ᠋ ᠡᠳᠦᠷ᠂ ᠳᠤᠮᠳᠠᠳᠤ
ᠤᠯᠤᠰ᠎ᠤᠨ ᠠᠩᠬᠠᠳᠠᠭ᠍ᠴᠢ ᠴᠥᠮ᠎ᠡ᠎ᠶ᠋ᠢᠨ ᠱᠤᠩᠭᠤᠯ ᠣᠩᠭᠣᠴᠠ ᠤᠷᠤᠭ᠍ᠰᠢᠲᠠᠢ᠎ᠪᠠᠷ ᠤᠰᠤᠨ᠎ᠳᠤ ᠪᠠᠭᠤᠪᠠ᠃ 1974 ᠣᠨ᠎ᠤ 8 ᠰᠠᠷ᠎ᠠ᠎ᠶ᠋ᠢᠨ 1 ᠤ᠋ ᠡᠳᠦᠷ᠂ ᠳᠤᠮᠳᠠᠳᠤ
ᠤᠯᠤᠰ᠎ᠤᠨ ᠠᠩᠬᠠᠳᠠᠭ᠍ᠴᠢ ᠴᠥᠮ᠎ᠡ᠎ᠶ᠋ᠢᠨ ᠱᠤᠩᠭᠤᠯ ᠣᠩᠭᠣᠴᠠ 《ᠴᠠᠩ ᠵᠧᠩ ᠨᠢᠭᠡᠳᠦᠭᠡᠷ》 ᠬᠡᠮᠡᠨ ᠨᠡᠷᠡᠢᠳᠦᠭ᠌ᠳᠡᠵᠦ᠍᠂
ᠳᠠᠯᠠᠢ᠎ᠶ᠋ᠢᠨ ᠴᠡᠷᠢᠭ᠎ᠦᠨ ᠪᠠᠢᠯᠳᠤᠭᠠᠨ᠎ᠤ ᠵᠢᠭ᠍ᠰᠠᠭᠠᠯ᠎ᠳᠤ ᠵᠢᠩᠬᠢᠨᠢ᠎ᠪᠡᠷ ᠣᠷᠣᠪᠠ᠃
(ᠠᠷᠠᠳ᠎ᠤᠨ ᠰᠦᠯᠵᠢᠶ᠎ᠠ
ᠡᠴᠡ ᠨᠠᠢᠷᠠᠭᠤᠯᠤᠨ ᠠᠪᠤᠪᠠ)