ᠮᠤᠷᠢ ᠳᠠᠯᠠᠪᠴᠢ ᠦᠭᠡᠢ ᠪᠤᠯᠤᠬᠰᠠᠨ ᠨᠢ
2022-07-18 11:41:53
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠡᠷᠲᠡ ᠤᠷᠢᠳᠤ ᠴᠠᠭ᠎ᠲᠤ᠂ ᠮᠣᠷᠢ ᠬᠤᠤᠰ ᠳᠠᠯᠠᠪᠴᠢ᠎ᠲᠠᠶ 《ᠲᠩᠷᠢ᠎ᠶ᠋ᠢᠨ ᠬᠦᠯᠦᠭ》 ᠭᠡᠰᠡᠨ ᠰᠠᠢᠬᠠᠨ ᠴᠤᠯᠠ ᠲᠠᠢ ᠪᠠᠢᠵᠤ᠂ ᠠᠭᠠᠷ ᠲᠩᠷᠢ ᠪᠡᠷ ᠨᠢᠰᠴᠦ᠍ ᠴᠢᠳᠠᠳᠠᠭ᠎ᠢᠶᠡᠷ ᠪᠠᠷᠠᠬᠤ ᠦᠭᠡᠢ ᠪᠠᠰᠠ ᠭᠠᠵᠠᠷ ᠳᠡᠭᠡᠷ᠎ᠡ ᠭᠦᠶᠦᠵᠦ᠍ ᠴᠢᠳᠠᠳᠠᠭ᠂ ᠤᠰᠤᠨ ᠳᠣᠲᠣᠷ᠎ᠠ ᠤᠮᠪᠠᠵᠤ ᠴᠢᠳᠠᠳᠠᠭ ᠮᠠᠰᠢ ᠰᠦᠷ ᠬᠦᠴᠦᠨ᠎ᠲᠡᠶ ᠠᠮᠢᠲᠠᠨ ᠪᠠᠢᠵᠠᠢ᠃ ᠬᠤᠷᠮᠤᠰᠲᠠ ᠲᠡᠭᠷᠢ ᠡᠴᠡ ᠮᠤᠷᠢ᠎ᠶᠢ ᠤᠷᠳᠤ ᠬᠠᠷᠰᠢ ᠰᠠᠬᠢᠳᠠᠭ ᠱᠢᠳᠠᠷ ᠮᠣᠷᠢ ᠪᠤᠯᠭᠠᠵᠤ᠂ ᠮᠠᠰᠢ ᠴᠢᠬᠤᠯᠠᠴᠢᠯᠠᠨ ᠦᠵᠡᠳᠡᠭ ᠪᠠᠢᠪᠠ᠃ ᠬᠤᠷᠮᠤᠰᠲᠠ ᠲᠡᠭᠷᠢ᠎ᠶᠢᠨ ᠤᠨᠴᠠᠭᠠᠢ ᠬᠠᠷᠠᠭᠠᠯᠵᠠᠯ᠎ᠢ ᠬᠦᠷᠳᠡᠭᠰᠡᠨ 《ᠲᠩᠷᠢ᠎ᠶ᠋ᠢᠨ ᠬᠦᠯᠦᠭ》 ᠠᠭᠠᠵᠢᠮ᠎ᠢᠶᠠᠷ ᠣᠮᠣᠷᠬᠠᠭ ᠰᠠᠬᠰᠠᠭᠤ ᠪᠣᠯᠵᠤ᠂ ᠦᠷᠭᠦᠯᠵᠢ ᠳᠤᠷ᠎ᠠ ᠵᠤᠷᠢᠭ᠎ᠢᠶᠡᠷ᠎ᠢᠶᠡᠨ ᠠᠭᠠᠰᠢᠯᠠᠳᠠᠭ ᠪᠤᠯᠪᠠ᠃


QQ图片20220718110247.png


ᠨᠢᠭᠡᠨ ᠡᠳᠦᠷ ᠮᠤᠷᠢ ᠲᠩᠷᠢ᠎ᠶ᠋ᠢᠨ ᠣᠷᠳᠣᠨ᠎ᠠᠴᠠ ᠨᠢᠰᠦᠨ ᠭᠠᠷᠴᠤ᠌᠂ ᠭᠱᠡᠨ ᠵᠠᠭᠤᠷ᠎ᠠ ᠵᠡᠭᠦᠨ ᠳᠠᠯᠠᠢ᠎ᠳᠦ ᠬᠦᠷᠴᠡᠢ᠃ ᠠᠨᠭᠬ᠎ᠠ ᠤᠳᠠᠭ᠎ᠠ ᠮᠤᠷᠢ᠎ᠶᠢ ᠦᠵᠡᠭᠰᠡᠨ ᠵᠡᠬᠦᠨ ᠳᠠᠯᠠᠢ᠎ᠶᠢᠨ ᠣᠷᠳᠣᠨ᠎ᠤ ᠡᠭᠦᠳᠡ ᠰᠠᠬᠢᠭᠴᠢ ᠬᠤᠪᠢᠯᠭᠠᠨ ᠶᠠᠰᠤᠲᠤ ᠮᠡᠯᠡᠬᠡᠶ᠂ ᠰᠠᠮ ᠴᠡᠷᠢᠭ ᠨᠠᠶ᠋ᠮᠠᠯᠵᠢ ᠵᠠᠩᠵᠤᠨ ᠨᠠᠷ ᠲᠡᠭᠦᠨ᠎ᠢ ᠬᠠᠮᠲᠤ᠎ᠪᠠᠷ ᠬᠠᠰᠢᠨ ᠬᠣᠷᠢᠭ᠍ᠯᠠᠯ᠎ᠠ᠃ ᠦᠴᠦᠬᠡᠨ ᠠᠮᠢᠲᠠᠨ᠎ᠳᠤ ᠢᠩᠬᠢᠵᠦ᠍ ᠬᠠᠰᠢᠬᠳᠠᠬᠤ᠎ᠳᠤ ᠪᠠᠨ《ᠲᠩᠷᠢ᠎ᠶ᠋ᠢᠨ ᠬᠦᠯᠦᠭ》 ᠢᠴᠢᠩᠭᠦᠷᠡᠨ ᠬᠢᠯᠢᠩᠨᠡᠵᠦ᠍᠂ ᠬᠦᠯ᠎ᠢᠶᠡᠨ ᠨᠢᠭᠡ ᠲᠡᠢᠷᠦᠭᠰᠡᠨ ᠴᠢᠨᠢ ᠠᠷᠤ᠎ᠳᠤᠨᠢ ᠪᠠᠢᠬᠰᠠᠨ ᠬᠤᠪᠢᠯᠭᠠᠨ ᠭᠠᠪᠢᠷ᠎ᠠ᠎ᠶ᠋ᠢ ᠢᠰᠭᠦᠯᠵᠦ᠍  ᠤᠨᠠᠭᠠᠯ᠎ᠠ᠃

ᠤᠳᠠᠯ ᠦᠭᠡᠢ ᠡᠨᠡ ᠤᠴᠢᠷ᠎ᠢ ᠬᠤᠷᠮᠤᠰᠲᠠ ᠲᠡᠭᠷᠢ ᠤᠯᠵᠤ ᠮᠡᠳᠡᠭᠡᠳ ᠮᠠᠰᠢ ᠠᠭᠤᠷᠯᠠᠵᠤ᠂ ᠲᠡᠷᠡ ᠳᠠᠷᠤᠢ ᠵᠠᠷᠯᠢᠭ ᠪᠠᠭᠤᠯᠭᠠᠵᠤ 《ᠲᠩᠷᠢ᠎ᠶ᠋ᠢᠨ ᠬᠦᠯᠦᠭ》᠎ᠤᠨ ᠬᠤᠤᠰ ᠳᠠᠯᠠᠪᠴᠢ᠎ᠶᠢ ᠠᠪᠴᠤ᠌ ᠬᠠᠶᠠᠭᠤᠯᠤᠬᠰᠠᠨ ᠮᠦᠷᠲᠡᠭᠡᠨ 300 ᠵᠢᠯ᠎ᠢᠶᠡᠷ ᠺᠦᠨᠯᠦᠢ᠍ᠨ ᠠᠭᠤᠯᠠᠨ ᠳᠤᠤᠷ᠎ᠠ ᠳᠠᠷᠤᠬᠤ ᠪᠡᠷ ᠰᠢᠢᠳᠭᠡᠪᠡ᠃

200 ᠭᠠᠷᠤᠶ ᠵᠢᠯ᠎ᠦᠨ ᠬᠢᠨᠢ ᠳᠠᠷᠠᠭ᠎ᠠ ᠮᠤᠷᠢ ᠮᠦᠨ ᠯᠡ ᠺᠦᠨᠯᠦᠢ᠍ᠨ ᠠᠭᠤᠯᠠᠨ ᠳᠤᠤᠷ᠎ᠠ ᠳᠠᠷᠤᠬᠳᠠᠬᠰᠠᠭᠠᠷ ᠪᠠᠢᠬᠤ᠎ᠶᠢ ᠦᠵᠡᠭᠰᠡᠨ ᠲᠩᠷᠢ᠎ᠶ᠋ᠢᠨ ᠣᠷᠳᠣᠨ᠎ᠤ ᠬᠠᠰ ᠮᠣᠷᠢᠨ᠎ᠤ ᠬᠦᠷᠢᠶᠡᠯᠡᠩ᠎ᠦᠨ ᠰᠠᠬᠢᠭᠤᠯᠰᠤᠨ ᠲᠡᠬᠦᠨ᠎ᠢ ᠦᠷᠦ ᠡᠪᠡᠳᠴᠤ᠂ ᠠᠭᠤᠯᠠᠨ ᠳᠤᠤᠷ᠎ᠠ ᠡᠴᠡ ᠮᠤᠯᠳᠤᠷᠠᠵᠤ ᠭᠠᠷᠬᠤ ᠠᠷᠭ᠎ᠠ ᠵᠢᠭᠠᠵᠤ ᠦᠭᠬᠦᠯ᠎ᠡ᠃

ᠨᠢᠭᠡᠨ ᠡᠳᠦᠷ᠂ ᠬᠦᠮᠦᠨ ᠲᠦᠷᠦᠯᠬᠢᠲᠡᠨ ᠺᠦᠨᠯᠦᠢ᠍ᠨ ᠠᠭᠤᠯᠠᠨ᠎ᠤ ᠬᠠᠪᠢ ᠪᠡᠷ ᠦᠨᠭᠭᠡᠷᠡᠬᠦ ᠲᠠᠭᠠᠷᠠᠪᠠ᠃ ᠡᠬᠦᠨ᠎ᠢ ᠮᠡᠳᠡᠭᠰᠡᠨ ᠮᠤᠷᠢ ᠶᠡᠬᠡᠲᠡ ᠪᠠᠶᠠᠷᠯᠠᠨ ᠶᠡᠬᠡ ᠳᠠᠭᠤᠨ᠎ᠢᠶᠠᠷ᠄《ᠴᠠᠢᠯᠭᠠᠨ ᠰᠡᠳᠭᠢᠯᠲᠦ ᠬᠥᠮᠦᠨ ᠲᠦᠷᠦᠯᠬᠢᠲᠡᠨ ᠮᠢᠨᠢ ᠡ᠂ ᠬᠤᠷᠳᠤᠨ ᠢᠷᠡᠵᠦ᠍ ᠨᠠᠮ᠎ᠠ᠎ᠶ᠋ᠢ ᠠᠪᠤᠷᠠᠭᠠᠴᠢ᠂ ᠪᠢ ᠳᠤᠷᠠᠲᠠᠶ᠎ᠠ ᠲᠠᠨ᠎ᠲᠠᠶ ᠬᠠᠮᠲᠤ ᠬᠥᠮᠦᠨ᠎ᠦ ᠶᠢᠷᠲᠢᠨᠴᠦ᠍᠎ᠳᠦ ᠣᠴᠢᠵᠤ ᠨᠠᠰᠤᠨ ᠲᠤᠷᠱᠢᠳᠠ ᠲᠠᠨ᠎ᠳᠤ ᠬᠦᠴᠦ᠍᠎ᠪᠡᠨ ᠡᠷᠭᠦᠨ᠎ᠡ》 ᠭᠡᠵᠦ᠍ ᠠᠮᠠᠯᠠᠪᠠ᠃ ᠡᠬᠦᠨ᠎ᠢ ᠰᠤᠨᠤᠰᠤᠬᠰᠠᠨ ᠬᠦᠮᠦᠨ ᠲᠦᠷᠦᠯᠬᠢᠲᠡᠨ ᠮᠤᠷᠢ᠎ᠶᠢ ᠦᠷᠦ᠍ ᠡᠪᠡᠳᠴᠤ ᠲᠡᠬᠦᠨ᠎ᠢ ᠶᠠᠭᠠᠬᠢᠵᠤ ᠠᠪᠤᠷᠠᠬᠤ᠎ᠶᠢ ᠠᠰᠠᠭᠤᠯ᠎ᠠ᠃ ᠮᠤᠷᠢ᠄《ᠠᠭᠤᠯᠠᠨ ᠤᠷᠤᠢ ᠳᠡᠭᠡᠷ᠎ᠠ ᠨᠢᠭᠡ ᠲᠤᠭᠤᠷ᠎ᠤᠨ ᠮᠣᠳᠣ ᠪᠠᠢᠳᠠᠭ᠂ ᠲᠡᠬᠦᠨ᠎ᠢ ᠤᠬᠳᠤᠯᠵᠤ ᠬᠠᠶᠠᠪᠠᠯ ᠪᠤᠯᠴᠢᠬᠠᠨ᠎ᠠ》 ᠭᠡᠬᠦ᠎ᠳᠤ᠂ ᠦᠨᠦ ᠬᠦᠮᠦᠨ ᠠᠭᠤᠯᠠᠨ ᠤᠷᠤᠢ᠎ᠳᠤ ᠠᠪᠠᠷᠢᠨ ᠭᠠᠷᠴᠤ ᠨᠦᠭᠦᠭᠡ ᠲᠤᠭᠤᠷ᠎ᠤᠨ ᠮᠤᠳᠤ᠎ᠶᠢ ᠤᠬᠳᠤᠯᠤᠮᠠᠬᠴᠠ ᠮᠣᠷᠢ ᠺᠦᠨᠯᠦᠢ᠍ᠨ ᠠᠭᠤᠯᠠᠨ ᠲᠤᠤᠷ᠎ᠠ᠎ᠠᠴᠠ ᠦᠰᠦᠷᠭᠢᠯᠡᠨ ᠭᠠᠷᠴᠤ ᠢᠷᠡᠪᠡ᠃

ᠡᠢᠨᠬᠦ ᠮᠤᠷᠢ ᠠᠮᠢ᠎ᠶᠢ ᠨᠢ ᠠᠪᠤᠷᠠᠭ᠍ᠰᠠᠨ ᠠᠴᠢ᠎ᠳᠤ ᠲᠠᠯᠠᠷᠬᠠᠬᠤ᠎ᠶ᠋ᠢᠨ ᠲᠥᠯᠥᠭᠡ ᠬᠥᠮᠦᠨ᠎ᠦ ᠶᠢᠷᠲᠢᠨᠴᠦ᠍᠎ᠳᠦ ᠢᠷᠡᠵᠦ᠍᠂ ᠨᠢᠭᠡ ᠨᠠᠰᠤ᠎ᠪᠠᠷ᠎ᠢᠶᠠᠨ ᠬᠦᠮᠦᠨ ᠲᠦᠷᠦᠯᠬᠢᠲᠡᠨ᠎ᠳᠤ ᠬᠦᠴᠦ ᠪᠠᠨ ᠡᠷᠬᠦᠬᠦ ᠪᠤᠯᠵᠠᠢ᠃ ᠮᠤᠷᠢ ᠡᠩ᠎ᠦᠨ ᠦᠶ᠎ᠡ᠎ᠳᠦ ᠠᠨᠵᠢᠰᠤ ᠴᠢᠷᠴᠦ᠍᠂ ᠡᠳ᠋ ᠪᠣᠳᠠᠰ ᠠᠴᠢᠵᠤ᠂ ᠶᠠᠳᠠᠷᠠᠯ ᠵᠦᠳᠡᠷᠡᠯ᠎ᠢ ᠬᠦᠯᠢᠴᠡᠨ ᠲᠡᠰᠪᠦᠷᠢᠯᠡᠳᠡᠭ᠂ ᠳᠠᠢ᠌ᠨ᠎ᠦ ᠦᠶ᠎ᠡ᠎ᠳᠦ᠂ ᠬᠤᠶᠠᠭ ᠳᠤᠭᠤᠯᠠᠭ᠎ᠠ ᠬᠡᠳᠦᠷᠴᠦ᠂ ᠡᠵᠡᠨ᠎ᠲᠡᠶ᠎ᠪᠡᠨ ᠦᠬᠦᠵᠦ᠍ ᠰᠡᠬᠡᠬᠦ᠌᠎ᠪᠡᠨ ᠬᠠᠮᠲᠤᠳᠭᠠᠨ᠂ ᠲᠠᠢᠨ᠎ᠤ ᠲᠠᠯᠠᠪᠤᠷ᠎ᠲᠤ ᠰᠢᠭᠤᠷᠬᠠᠢᠯᠠᠨ ᠲᠠᠭᠠᠷᠢᠵᠤ ᠤᠳᠠᠭ᠎ᠠ ᠳᠠᠷᠠᠭᠠᠯᠠᠨ ᠭᠠᠪᠢᠶ᠎ᠠ ᠪᠠᠢᠭᠤᠯᠪᠠ᠃ ᠲᠡᠭᠦᠨ᠎ᠡᠴᠡ ᠬᠣᠢᠰᠢ᠂ ᠮᠣᠷᠢ ᠪᠣᠯᠤᠨ ᠬᠥᠮᠦᠨ ᠲᠦᠷᠦᠯᠬᠢᠲᠡᠨ ᠰᠠᠯᠤᠰᠢ ᠦᠭᠡᠢ ᠰᠠᠢᠨ ᠨᠠᠢᠵᠠ ᠪᠣᠯᠤᠯᠴᠠᠪᠠ᠃

ᠰᠡᠬᠦᠯᠡᠷ ᠨᠢ᠂ ᠬᠤᠷᠮᠤᠰᠲᠠ ᠲᠩᠷᠢ ᠠᠷᠪᠠᠨ ᠬᠣᠶᠠᠷ ᠵᠢᠯ᠎ᠦᠨ ᠠᠮᠢᠲᠠᠨ᠎ᠢ ᠰᠣᠩᠭᠤᠬᠤ ᠦᠶ᠎ᠡ᠎ᠳᠤ ᠶᠠᠯ᠎ᠠ ᠪᠠᠨ ᠲᠠᠢᠯᠵᠤ᠂ ᠬᠦᠮᠦᠨ ᠲᠦᠷᠦᠯᠬᠢᠲᠡᠨ᠎ᠳᠤ ᠠᠴᠢ ᠲᠤᠰᠠ ᠬᠦᠷᠭᠡᠵᠦ ᠶᠠᠪᠤᠭ᠎ᠠ ᠮᠤᠷᠢ᠎ᠶᠢ ᠪᠤᠳᠤᠵᠤ ᠤᠯᠤᠭᠠᠳ ᠠᠷᠪᠠᠨ ᠬᠤᠶᠠᠷ ᠵᠢᠯ᠎ᠳᠤ ᠤᠷᠤᠭᠤᠯᠪᠠ ᠭᠡᠨ᠎ᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠹᠦ᠋ ᠭᠸᠨ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号