ᠰᠠᠭᠤᠷᠢ ᠰᠠᠢᠨ ᠪᠤᠯ ᠰᠤᠩᠭᠤᠯᠳᠠ ᠤᠯᠠᠨ
2022-07-18 11:58:05
ᠵᠣᠬᠢᠶᠠᠭ᠍ᠴᠢ᠄
ᠨᠠᠨᠳᠢᠨ
ᠣᠩᠱᠢᠭ᠍ᠰᠠᠨ ᠣᠳᠠᠭ᠎ᠠ᠄
★★★☆☆

— ᠪᠠᠭᠰᠢ ᠡ᠂ ᠳᠠᠨ᠎ᠢ ᠪᠢᠳᠡ ᠰᠦᠷ ᠰᠠᠨᠠᠯ᠎ᠠ᠃

— ᠪᠠᠭᠰᠢ ᠡ᠂ ᠬᠡᠳᠦᠨ ᠲᠠᠮᠢᠷ᠎ᠤᠨ ᠬᠢᠴᠢᠶᠡᠯ᠎ᠢ ᠨᠦᠬᠦᠵᠦ ᠦᠭᠭᠦᠨ᠎ᠡ᠎ᠤᠤ ?

ᠴᠢᠬᠤᠯᠠ ᠶᠠᠪᠤᠳᠠᠯ᠎ᠢᠶᠡᠷ ᠬᠡᠳᠦᠨ ᠡᠳᠦᠷ ᠰᠠᠭᠠᠳᠠᠭᠰᠠᠨ ᠱ᠌ᠢᠷᠦᠨᠳᠠᠨ᠎ᠠ ᠪᠠᠭᠰᠢ᠎ᠶᠢᠨ ᠠᠷᠤ ᠦᠪᠦᠷ᠎ᠢᠶᠡᠷ ᠬᠡᠦᠬᠡᠳ᠎ᠤᠳ ᠳᠠᠭᠠᠵᠤ ᠦᠪᠡᠷ ᠦᠪᠡᠷ᠎ᠤᠨ ᠵᠤᠭᠤᠭ᠎ᠢᠶᠡᠨ ᠳᠡᠯᠭᠡᠵᠦ ᠪᠠᠭᠰᠢ᠎ᠳᠦ ᠪᠠᠨ ᠡᠷᠬᠡᠯᠡᠨ᠎ᠡ ᠁

ᠱ᠌ᠢᠷᠦᠨᠳᠠᠨ᠎ᠠ ᠪᠠᠭᠰᠢ 2019 ᠤᠨ᠎ᠳᠦ ᠦᠪᠦᠷ ᠮᠤᠩᠭᠤᠯ᠎ᠤᠨ ᠪᠠᠭᠰᠢ᠎ᠶᠢᠨ ᠶᠡᠬᠡ ᠰᠤᠷᠭᠠᠭᠤᠯᠢ ᠡᠴᠡ ᠳᠡᠭᠦᠰᠦᠮᠡᠭᠴᠡ ᠵᠠᠷᠤᠳ ᠬᠤᠰᠢᠭᠤᠨ᠎ᠤ ᠦᠯᠵᠡᠢᠮᠦ᠋ᠷᠡᠨ ᠰᠤᠷᠭᠠᠭᠤᠯᠢ᠎ᠳᠦ ᠳᠠᠮᠢᠷ᠎ᠤᠨ ᠪᠠᠭᠰᠢ ᠪᠡᠷ ᠠᠵᠢᠯ᠎ᠤᠨ ᠭᠠᠷᠤᠭ᠎ᠠ ᠪᠠᠨ ᠡᠯᠭᠦᠵᠡᠢ᠃ ᠡᠬᠢᠨ᠎ᠳᠦ ᠪᠠᠨ《ᠡᠮᠡᠭᠳᠡᠢ ᠪᠠᠭᠰᠢ ᠢᠷᠡᠵᠦ ᠳᠠᠮᠢᠷ᠎ᠤᠨ ᠬᠢᠴᠢᠶᠡᠯ ᠤᠷᠤᠨ᠎ᠠ ᠭᠡᠨ᠎ᠡ》 ᠭᠡᠵᠦ ᠬᠡᠦᠬᠡᠳ᠎ᠤᠳ ᠭᠠᠢᠬᠠᠵᠤ ᠪᠠᠢᠭᠰᠠᠨ ᠪᠤᠯ ᠤᠳᠤ ᠪᠦᠷ ᠰᠠᠢᠨ ᠳᠠᠰᠴᠤ ᠪᠠᠭᠰᠢ᠎ᠳᠦ ᠪᠠᠨ ᠡᠷᠬᠡᠯᠡᠵᠡᠭᠡᠬᠦ ᠪᠤᠯᠪᠠ᠃ ᠰᠤᠷᠤᠭᠴᠢᠳ᠎ᠤᠨ᠎ᠢᠶᠡᠨ ᠬᠦᠷᠢᠶᠡᠯᠡᠯ᠎ᠢᠶᠡᠷ ᠱ᠌ᠢᠷᠦᠨᠳᠠᠨ᠎ᠠ ᠪᠠᠭᠰᠢ᠎ᠴᠤ ᠳᠠᠮᠢᠷ᠎ᠤᠨ ᠬᠢᠴᠢᠶᠡᠯ᠎ᠢᠶᠡᠨ ᠭᠤᠤᠯ ᠬᠢᠴᠢᠶᠡᠯ ᠲᠦᠷᠦᠯ ᠡᠴᠡ ᠳᠤᠤᠷ᠎ᠠ ᠦᠭᠡᠢ ᠴᠢᠬᠤᠯᠠᠴᠢᠯᠠᠨ ᠦᠵᠡᠳᠡᠭ ᠪᠠᠢᠯ᠎ᠠ᠃

— ᠬᠦᠮᠦᠨ ᠪᠤᠯᠭᠠᠨ ᠦᠪᠡᠷ ᠦᠪᠡᠷ᠎ᠤᠨ᠎ᠢᠶᠡᠨ ᠳᠦᠷᠦᠯᠬᠢ ᠠᠪᠢᠶᠠᠰ ᠪᠠᠢᠳᠠᠭ᠃ ᠤᠯᠠᠩᠬᠢ ᠨᠢ ᠳᠤᠮᠳᠠᠳᠤ ᠰᠤᠷᠭᠠᠭᠤᠯᠢ ᠵᠢᠨ ᠦᠶ᠎ᠡ᠎ᠳᠦ ᠮᠡᠳᠡᠭᠳᠡᠮ᠎ᠡ ᠢᠯᠡᠷᠡᠳᠡᠭ᠃ ᠵᠠᠷᠢᠮ ᠬᠡᠦᠬᠡᠳ ᠨᠢ ᠳᠠᠮᠢᠷ᠎ᠤᠨ ᠳᠦᠷᠦᠯ᠎ᠳᠦ ᠠᠪᠢᠶᠠᠰ ᠲᠠᠢ᠂ ᠭᠡᠳᠡᠯ᠎ᠡ ᠳᠤᠮᠳᠠᠳᠤ ᠰᠤᠷᠭᠠᠭᠤᠯᠢ᠎ᠳᠦ ᠤᠷᠤᠭᠠᠳ ᠰᠠᠭᠤᠷᠢ ᠮᠡᠷᠭᠡᠵᠢᠯ᠎ᠢ ᠡᠬᠢᠯᠡᠨ ᠰᠤᠷᠤᠶ᠎ᠠ ᠭᠡᠪᠡᠯ ᠵᠢᠭᠠᠬᠠᠨ ᠤᠷᠤᠢᠳᠠᠬᠤ ᠮᠠᠭᠠᠳ᠃ ᠳᠡᠢᠮᠦ ᠡᠴᠡ ᠪᠠᠭ᠎ᠠ ᠡᠴᠡ ᠨᠢ ᠰᠠᠭᠤᠷᠢ ᠵᠢ ᠨᠢ ᠪᠠᠳᠤ ᠳᠠᠯᠪᠢᠪᠠᠯ ᠳᠡᠳᠡᠨ᠎ᠤ ᠬᠤᠵᠢᠮ᠎ᠤᠨ ᠵᠠᠮ᠎ᠳᠦ ᠳᠤᠰᠠ ᠪᠤᠯᠬᠤ ᠪᠠᠢᠬ᠎ᠠ ᠭᠡᠵᠦ ᠱ᠌ᠢᠷᠦᠨᠳᠠᠨ᠎ᠠ ᠪᠠᠭᠰᠢ ᠶᠠᠷᠢᠨ᠎ᠠ᠃

ᠳᠠᠮᠢᠷ᠎ᠤᠨ ᠬᠢᠴᠢᠶᠡᠯ ᠭᠡᠭᠴᠢ ᠰᠤᠯᠠ ᠵᠠᠳᠠᠭᠠᠢ ᠤᠷᠤᠳᠠᠭ ᠬᠢᠴᠢᠶᠡᠯ ᠪᠢᠰᠢ᠂ ᠳᠡᠭᠦᠨ᠎ᠳᠦ ᠦᠪᠡᠷ᠎ᠤᠨ᠎ᠢᠶᠡᠨ ᠤᠳᠬ᠎ᠠ ᠤᠴᠢᠷ᠂ ᠠᠯᠬᠤᠮ ᠳᠠᠷᠠᠭ᠎ᠠ ᠲᠠᠢ᠃

— ᠳᠠᠮᠢᠷ᠎ᠤᠨ ᠬᠢᠴᠢᠶᠡᠯ ᠨᠢ ᠬᠡᠦᠬᠡᠳ᠎ᠤᠨ ᠬᠠᠷᠢᠯᠴᠠᠬᠤ ᠴᠢᠳᠠᠪᠤᠷᠢ᠂ ᠶᠠᠷᠢᠵᠤ ᠢᠯᠡᠳᠬᠡᠬᠦ ᠴᠢᠳᠠᠪᠤᠷᠢ ᠵᠢ ᠳᠡᠭᠡᠭᠰᠢᠯᠡᠭᠦᠯᠬᠦ ᠎ᠳᠦ ᠮᠠᠰᠢ ᠳᠤᠰᠠᠳᠠᠢ᠃ 1 — 3 ᠤᠨ᠎ᠤ ᠰᠤᠷᠤᠭᠴᠢᠳ᠎ᠲᠦ ᠮᠦᠷᠯᠡᠨ ᠵᠢᠭᠰᠠᠬᠤ ᠮᠡᠳᠦ ᠬᠠᠮᠤᠭ ᠦᠨᠳᠦᠰᠦᠨ ᠵᠦᠢᠯ᠎ᠢ ᠵᠢᠭᠠᠵᠤ᠂ ᠤᠯᠠᠩᠬᠢ ᠨᠢ ᠪᠦᠷ ᠳᠤᠭᠯᠠᠭᠠᠮ᠎ᠢᠶᠡᠷ ᠭᠤᠤᠯᠳᠠᠨ᠎ᠠ᠂ 4 — 6 ᠤᠨ᠎ᠤ ᠰᠤᠷᠤᠭᠴᠢᠳ᠎ᠲᠦ ᠶᠠᠮᠠᠷ ᠨᠢᠭᠡᠨ ᠮᠡᠷᠭᠡᠵᠢᠯ ᠵᠢᠭᠠᠬᠤ ᠵᠢ ᠴᠢᠬᠤᠯᠠᠴᠢᠯᠠᠳᠠᠭ ᠭᠡᠵᠦ ᠱ᠌ᠢᠷᠦᠨᠳᠠᠨ᠎ᠠ ᠪᠠᠭᠰᠢ ᠳᠠᠨᠢᠯᠴᠠᠭᠤᠯᠤᠨ᠎ᠠ᠃

ᠳᠡᠷᠡᠪᠡᠷ᠂ ᠰᠤᠷᠭᠠᠭᠤᠯᠢ ᠎ᠶᠢᠨ ᠎ᠢᠶᠡᠨ ᠪᠦᠬᠡ᠎ᠶᠢᠨ ᠳᠤᠷ᠎ᠠ ᠰᠤᠨᠢᠷᠬᠠᠯ᠎ᠤᠨ ᠬᠢᠴᠢᠶᠡᠯ᠎ᠢ᠎ᠴᠤ ᠵᠢᠭᠠᠳᠠᠭ᠃ ᠵᠤᠭᠰᠤᠬᠤ᠂ ᠮᠡᠬᠡ ᠮᠡᠷᠭᠡᠵᠢᠯ᠂ ᠤᠨᠠᠵᠤ ᠰᠤᠷᠬᠤ᠂ ᠬᠠᠶᠠᠵᠤ ᠰᠤᠷᠬᠤ ᠭᠡᠳ ᠮᠠᠰᠢ ᠰᠢᠰᠲᠸᠮ ᠲᠠᠢ ᠪᠡᠷ ᠬᠢᠴᠢᠶᠡᠯᠯᠡᠳᠡᠭ᠃

— ᠦᠪᠡᠷ᠎ᠢᠶᠡᠨ ᠤᠨᠠᠵᠤ ᠴᠢᠳᠠᠮᠠᠨᠵᠢᠨ ᠰᠠᠶᠢ ᠪᠤᠰᠤᠳ᠎ᠢ ᠤᠨᠠᠭᠠᠵᠤ ᠴᠢᠳᠠᠳᠠᠭ᠂ ᠡᠨᠡ ᠪᠤᠯ ᠳᠠᠷᠤᠢ ᠳᠤᠷᠰᠢᠯᠭ᠎ᠠ᠃ ᠪᠠᠰᠠ ᠪᠤᠰᠤᠳ᠎ᠢ ᠤᠨᠠᠭᠠᠬᠤ᠎ᠳᠦ ᠪᠠᠨ ᠬᠠᠮᠠᠭᠠᠯᠠᠵᠤ ᠤᠨᠠᠭᠠᠬᠤ ᠬᠡᠷᠡᠭᠳᠡᠢ᠂ ᠴᠦᠯᠳᠦ ᠮᠦᠯᠳᠦ ᠪᠡᠷ ᠪᠤᠰᠤᠳ᠎ᠢ ᠬᠠᠶᠠᠬᠤ ᠨᠢ ᠪᠦᠬᠡ ᠵᠢᠨ ᠬᠦᠭᠡᠭᠡᠴᠡᠯᠳᠦᠯ ᠪᠢᠰᠢ ᠭᠡᠵᠦ ᠱ᠌ᠢᠷᠦᠨᠳᠠᠨ᠎ᠠ ᠪᠠᠭᠰᠢ ᠦᠪᠡᠷ᠎ᠤᠨ ᠵᠢᠭᠠᠬᠤ ᠤᠬᠠᠭᠠᠨ᠎ᠢᠶᠡᠨ ᠳᠠᠢᠯᠪᠤᠷᠢᠯᠠᠨ᠎ᠠ᠃

ᠳᠡᠭᠦᠨ᠎ᠤ ᠵᠢᠭᠠᠨ ᠰᠤᠷᠭᠠᠬᠤ ᠤᠬᠠᠭᠠᠨ ᠨᠢ ᠦᠪᠡᠷ᠎ᠤᠨ ᠦᠩᠭᠡᠷᠡᠯᠳᠡ ᠲᠠᠢ ᠨᠢ ᠰᠢᠭᠤᠳ ᠬᠤᠯᠪᠤᠭ᠎ᠠ ᠲᠠᠢ ᠪᠢᠯᠡ᠃ ᠠᠩᠬ᠎ᠠ ᠳᠤᠮᠳᠠᠳᠤ᠎ᠳᠦ ᠪᠠᠢᠬᠤ᠎ᠳᠦ ᠪᠠᠨ ᠳᠡᠷᠡᠪᠡᠷ ᠪᠦᠬᠡ᠎ᠶᠢᠨ ᠤᠷᠤᠯᠳᠤᠭᠠᠨ᠎ᠳᠦ ᠤᠷᠤᠯᠴᠠᠵᠤ ᠤᠯᠠᠨ ᠱᠠᠩᠨᠠᠯ᠎ᠢᠶᠡᠷ ᠡᠩᠭᠡᠷ᠎ᠢᠶᠡᠨ ᠮᠢᠯᠢᠶᠠᠯᠭᠠᠵᠤ ᠪᠠᠢᠯ᠎ᠠ᠃ 14 ᠨᠠᠰᠤᠳᠠᠢ᠎ᠳᠦ ᠪᠠᠨ ᠦᠪᠦᠷ ᠮᠤᠩᠭᠤᠯ᠎ᠤᠨ ᠡᠮᠡᠭᠳᠡᠢ᠎ᠶᠢᠨ ᠴᠢᠯᠦᠭᠡᠳᠦ ᠪᠦᠬᠡ᠎ᠶᠢᠨ ᠠᠩᠬᠢ ᠳ᠋ᠤ ᠳᠤᠭᠤᠭᠳᠠᠵᠤ ᠡᠯᠰᠡᠭᠳᠡᠵᠡᠢ᠃ ᠬᠡᠳᠦᠢᠪᠡᠷ ᠳᠠᠪᠤᠨ ᠵᠢᠯ ᠰᠢᠷᠭᠠᠭᠤ ᠪᠤᠯᠪᠠᠰᠤᠷᠠᠭᠰᠠᠨ ᠪᠤᠯᠪᠠᠴᠤ ᠬᠠᠷᠠᠮᠰᠠᠯᠳᠠᠢ ᠨᠢ ᠨᠢᠭᠡᠨ ᠤᠳᠠᠭᠠᠨ᠎ᠤ ᠬᠦᠨᠳᠦ ᠰᠢᠷᠬᠠᠳᠤᠯ ᠡᠴᠡ ᠪᠤᠯᠵᠤ ᠱ᠌ᠢᠷᠦᠨᠳᠠᠨ᠎ᠠ ᠠᠷᠭ᠎ᠠ ᠪᠤᠰᠤ ᠮᠡᠷᠭᠡᠵᠢᠯ᠎ᠤᠨ ᠲᠠᠮᠢᠷᠴᠢᠨ᠎ᠤ ᠠᠩᠬᠢ ᠡᠴᠡ ᠪᠠᠨ ᠬᠠᠯᠠᠭᠳᠠᠪᠠ᠃ ᠬᠡᠪᠡᠴᠦ ᠵᠤᠷᠢᠭ ᠮᠤᠬᠤᠭᠰᠠᠨ ᠦᠭᠡᠢ ᠳᠡᠷᠡᠪᠡᠷ ᠦᠪᠦᠷ ᠮᠤᠩᠭᠤᠯ᠎ᠤᠨ ᠪᠠᠭᠰᠢ᠎ᠶᠢᠨ ᠶᠡᠬᠡ ᠰᠤᠷᠭᠠᠭᠤᠯᠢ᠎ᠶᠢᠨ ᠪᠡᠶ᠎ᠡ᠎ᠶᠢᠨ ᠳᠠᠮᠢᠷ᠎ᠤᠨ ᠳᠡᠭᠡᠳᠦ ᠰᠤᠷᠭᠠᠭᠤᠯᠢ᠎ᠶᠢᠨ ᠤᠨᠴᠠᠭᠠᠢᠯᠠᠨ ᠡᠯᠰᠡᠭᠰᠡᠨ ᠰᠤᠷᠤᠭᠴᠢ᠎ᠶᠢᠨ ᠬᠤᠪᠢ ᠪᠡᠷ ᠦᠨᠳᠦᠰᠦᠨ ᠠᠩᠬᠢ᠎ᠳᠦ ᠰᠤᠷᠤᠯᠴᠠᠵᠤ ᠪᠠᠭᠰᠢ ᠪᠤᠯᠬᠤ ᠠᠶᠠᠨ᠎ᠢᠶᠡᠨ ᠡᠯᠭᠦᠪᠡ᠃

— ᠦᠨᠳᠦᠰᠦᠨ ᠱᠠᠳᠤᠨ᠎ᠤ ᠵᠢᠷ᠎ᠤᠨ ᠨᠢᠭᠡᠨ ᠳᠠᠮᠢᠷ᠎ᠤᠨ ᠪᠠᠭᠰᠢ ᠪᠤᠯᠤᠭᠰᠠᠨ᠎ᠤ ᠬᠤᠪᠢ᠎ᠳᠦ᠂ ᠪᠢ ᠦᠪᠡᠷ᠎ᠤᠨ ᠦᠩᠭᠡᠷᠡᠯᠳᠡ ᠪᠡᠷ᠎ᠢᠶᠡᠨ ᠳᠠᠮᠵᠢᠨ ᠰᠤᠷᠤᠭᠴᠢᠳ᠎ᠲᠦ ᠪᠠᠨ ᠦᠪᠡᠷ᠎ᠤᠨ ᠠᠪᠢᠶᠠᠰ ᠲᠸ᠋ ᠪᠠᠨ ᠳᠤᠬᠢᠷᠠᠭᠰᠠᠨ ᠵᠠᠮ᠎ᠢ ᠰᠤᠩᠭᠤᠪᠠᠯ ᠬᠦᠮᠦᠨ᠎ᠤ ᠠᠮᠢᠳᠤᠷᠠᠯ᠎ᠤᠨ ᠠᠶᠠᠨ ᠮᠠᠰᠢ ᠰᠢᠯᠤᠭᠤᠨ ᠪᠠᠢᠳᠠᠭ ᠭᠡᠳᠡᠭ᠎ᠢ ᠮᠡᠳᠡᠭᠦᠯᠬᠦ ᠭᠡᠰᠡᠨ ᠶᠤᠮ᠃ ᠪᠠᠰᠠ᠂ ᠳᠠᠮᠢᠷ᠎ᠤᠨ ᠮᠡᠷᠭᠡᠵᠢᠯ᠎ᠢ ᠰᠠᠢᠨ ᠵᠢᠭᠠᠵᠤ᠂ ᠬᠤᠵᠢᠮ᠎ᠤᠨ ᠠᠮᠢᠳᠤᠷᠠᠯ᠎ᠳᠦ ᠨᠢ ᠢᠯᠡᠭᠦᠦ ᠨᠢᠭᠡ ᠰᠤᠩᠭᠤᠯᠳᠠ᠎ᠶᠢᠨ ᠬᠢᠨᠢ ᠰᠠᠭᠤᠷᠢ ᠵᠢ ᠳᠠᠯᠪᠢᠬᠤ ᠵᠢ ᠬᠦᠰᠡᠨ᠎ᠡ ᠭᠡᠵᠦ ᠱ᠌ᠢᠷᠦᠨᠳᠠᠨ᠎ᠠ ᠪᠠᠭᠰᠢ ᠤᠷᠮᠠᠳᠠᠢ ᠶᠠᠷᠢᠵᠤ ᠪᠠᠢᠯ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠹᠦ᠋ ᠭᠸᠨ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号