ᠵᠠᠰᠠᠬ᠎ᠤᠨ ᠣᠷᠲᠣᠨ᠎ᠤ ᠠᠵᠢᠯ᠎ᠤᠨ ᠢᠯᠡᠳᠭᠡᠯ ᠳ᠋ᠡᠬᠢ ᠡᠲᠡᠭᠡᠷ ᠦᠭᠡᠰ ᠣᠷᠮ᠎ᠠ ᠵᠣᠷᠢᠬ᠎ᠢ ᠬᠦᠪᠴᠢᠯᠡᠨ᠎ᠡ
2023-01-13 16:34:05
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

1. ᠭᠣᠣᠯᠲᠠᠯᠭ᠎ᠠ᠎ᠶᠢᠨ ᠭᠣᠣᠯᠲᠠᠯᠭ᠎ᠠ ᠪᠣᠯ ᠶᠡᠷᠦᠩᠬᠡᠢ ᠱᠦᠵᠢ ᠰᠢ ᠵᠢᠨ ᠫᠢᠩ᠎ᠤᠨ ᠦᠪᠦᠷ ᠮᠣᠩᠭᠣᠯ ᠳ᠋ᠦ ᠲᠣᠰᠢᠶᠠᠬᠰᠠᠨ ᠲᠠᠪᠣᠨ ᠶᠡᠬᠡ ᠡᠬᠦᠷᠭᠡ ᠎ᠶᠢ ᠰᠠᠢᠲᠣᠷ ᠪᠡᠶᠡᠯᠡᠬᠦᠯᠵᠦ ᠂  《ᠵᠢᠱᠶ᠋ᠶᠡᠴᠢ ᠦᠪᠡᠷᠲᠡᠭᠡᠨ ᠵᠠᠰᠠᠬᠣ ᠣᠷᠣᠨ》 ᠢ᠋ ᠰᠠᠢᠲᠣᠷ ᠪᠦᠲᠦᠭᠡᠨ ᠪᠠᠢᠭᠣᠯᠣᠨ᠎ᠠ᠃

2. ᠲᠠᠪᠣᠨ ᠵᠢᠯ᠎ᠤᠨ ᠴᠢᠷᠮᠠᠢᠯᠭ᠎ᠠ ᠪᠡᠷ ᠲᠠᠮᠵᠢᠨ ᠠᠵᠦ ᠠᠬᠣᠢ᠎ᠶᠢᠨ ᠶᠡᠷᠦᠩᠬᠡᠢ ᠬᠡᠮᠵᠢᠶ᠎ᠡ᠎ᠶᠢ ᠠᠬᠢᠭᠣᠯᠵᠦ 3 ᠲᠦᠮᠡᠨ ᠳ᠋ᠦᠩᠰᠢᠭᠣᠷ ᠲᠦᠬᠦᠷᠢᠭ᠎ᠤᠨ ᠶᠡᠬᠡ ᠪᠣᠭᠣᠮᠲᠠ᠎ᠶᠢ ᠰᠢᠪᠲᠣᠯᠵᠦ ᠂ ᠬᠦᠭᠵᠢᠯᠲᠡ᠎ᠶᠢᠨ ᠴᠢᠨᠠᠷ ᠴᠢᠨᠰᠠᠭ᠎ᠠ ᠰᠢᠨ᠎ᠡ ᠲᠡᠭᠲᠡᠷ ᠲᠦ᠍ ᠲᠠᠪᠰᠢᠵᠦ ᠂ 《ᠬᠣᠶᠠᠷ ᠬᠠᠯᠬᠠᠪᠴᠢ 》 ᠨᠡᠩ ᠪᠡᠬᠢᠵᠢᠵᠦ ᠂ 《ᠬᠣᠶᠠᠷ ᠰᠠᠭᠣᠷᠢᠨ》 ᠎ᠤ᠋ ᠬᠡᠮᠵᠢᠶ᠎ᠡ ᠴᠢᠨᠠᠷ ᠵᠡᠷᠭᠡ ᠪᠡᠷ ᠲᠡᠭᠡᠭᠰᠢᠯᠡᠨ ᠂  《ᠲᠠᠢᠴᠢᠨ ᠪᠡᠬᠢᠯᠡᠯᠲᠡ》 ᠎ᠶ᠋ᠢᠨ ᠦᠢᠯᠡᠲᠦᠯ ᠬᠦᠢᠴᠡᠳ ᠲᠣᠪᠣᠢᠵᠦ ᠂  《ᠵᠢᠱᠶ᠋ᠶᠡᠴᠢ ᠦᠪᠡᠷᠲᠡᠭᠡᠨ ᠵᠠᠰᠠᠬᠣ ᠣᠷᠣᠨ》 ᠭᠡᠬᠦ ᠡᠨᠡ ᠬᠦ᠌ ᠲᠣᠭ ᠎ᠢ  ᠤᠯᠠᠮ  ᠮᠠᠨᠲᠣᠭᠣᠯᠣᠨ᠎ᠠ᠃

3. ᠪᠢᠲᠡ ᠡᠷᠬᠡᠪᠰᠢ ᠢᠲᠡᠭᠡᠯ ᠵᠣᠷᠢᠬ ᠶ᠋ᠢᠡᠨ ᠪᠠᠲᠣᠳᠬᠠᠨ ᠂ ᠡᠷᠴᠢ ᠵᠣᠷᠢᠬ ᠶ᠋ᠢᠡᠨ ᠬᠦᠪᠴᠢᠯᠡᠨ ᠂ ᠬᠦᠴᠦ ᠪᠠᠨ ᠬᠠᠮᠲᠣᠳᠬᠠᠨ ᠂ ᠬᠦᠭᠵᠢᠯᠲᠡ᠎ᠶᠢ ᠭᠣᠢᠪᠢᠰᠢ ᠦᠭᠡᠢ ᠪᠠᠷᠢᠮᠲᠠᠯᠠᠵᠦ ᠂ ᠬᠦᠭᠵᠢᠯᠲᠡ᠎ᠶᠢ ᠲᠦᠷᠭᠡᠳᠭᠡᠬᠦ᠎ᠶᠢ ᠡᠷᠡᠰ ᠬᠡᠷᠡᠭᠵᠢᠬᠦᠯᠦᠨ ᠂ ᠬᠣᠯᠨ ᠵᠢᠨ ᠬᠠᠷᠠᠴᠠ ᠬᠡᠲᠦ᠎ᠶᠢᠨ ᠵᠣᠷᠢᠯᠲᠠ ᠪᠡᠷ ᠶᠡᠷᠦᠩᠬᠡᠢ ᠬᠡᠮᠵᠢᠶ᠎ᠡ᠎ᠶᠢ ᠨᠡᠮᠡᠭᠲᠡᠬᠦᠯᠵᠦ ᠂ ᠰᠠᠭᠣᠷᠢ ᠪᠠᠨ ᠵᠣᠵᠠᠭᠠᠳᠬᠠᠨ᠎ᠠ ᠃

4. ᠲᠡᠭᠡᠷ᠎ᠡ ᠪᠠ ᠲᠣᠣᠷ᠎ᠠ᠂ ᠬᠡᠰᠡᠭ ᠪᠣᠯᠣᠨ ᠲᠠᠯ᠎ᠠ᠎ᠶᠢ ᠲᠠᠢᠴᠢᠯᠠᠨ᠂ ᠰᠠᠯᠠᠭ᠎ᠠ ᠮᠦᠴᠢᠷ ᠪᠣᠯᠣᠨ ᠣᠷᠣᠨ ᠨᠣᠲᠣᠬ᠎ᠢ ᠬᠠᠮᠲᠣᠷᠠᠭᠣᠯᠣᠨ ᠠᠷᠠᠯᠵᠢᠶᠠᠴᠢᠨ ᠣᠷᠢᠬᠣ ᠢᠲᠡᠪᠬᠢᠵᠢᠯ᠎ᠢ ᠲᠠᠢᠴᠢᠯᠠᠨ᠂ ᠠᠷᠠᠯᠵᠢᠶᠠᠴᠢᠨ ᠣᠷᠢᠵᠦ ᠪᠡᠯᠡ ᠮᠦᠩᠬᠦ ᠣᠷᠣᠭᠣᠯᠣᠨ ᠠᠪᠴᠢᠷᠠᠬᠣ ᠬᠠᠯᠠᠮᠰᠢᠯ᠎ᠢ ᠪᠣᠢ ᠪᠣᠯᠭᠠᠨ᠎ᠠ᠃

5. ᠣᠲᠣᠬᠠᠨ᠎ᠤ ᠲᠣᠯᠭᠠᠮ ᠡᠬᠦᠷᠭᠡ ᠪᠣᠯ ᠬᠣᠲᠠᠯᠲᠣᠭᠠᠨ᠎ᠤ ᠵᠡᠭᠡᠯᠢ ᠂ ᠶᠠᠪᠠᠭᠠᠨ ᠵᠡᠭᠡᠯᠢ᠂ ᠲᠣᠮᠣ ᠬᠣᠲᠠᠯᠲᠣᠭ᠎ᠠ᠂ ᠵᠢᠵᠢᠭ ᠲᠡᠯᠭᠡᠬᠦᠷ᠎ᠢ ᠪᠦᠷ ᠡᠬᠦᠲᠡ ᠪᠠᠨ ᠨᠡᠭᠡᠭᠡᠵᠦ ᠬᠦᠭᠵᠢᠶᠡᠨᠲᠡᠢ ᠪᠣᠯᠭᠠᠬᠣ ᠶᠠᠪᠣᠲᠠᠯ ᠪᠣᠯᠣᠨ᠎ᠠ᠃ ᠲᠠᠷᠣᠢ ᠲᠦᠷᠭᠡᠨ ᠬᠡᠪ᠎ᠤᠨ ᠪᠠᠢᠲᠠᠯ ᠶ᠋ᠢᠡᠨ ᠰᠡᠷᠬᠦᠭᠡᠵᠦ ᠂ ᠬᠥᠷ ᠬᠥᠭᠵᠢᠭᠡᠨ  ᠲᠠᠢ ᠪᠣᠯᠭᠠᠬᠣ ᠬᠡᠷᠡᠭᠲᠡᠢ᠃

6. ᠠᠷᠭ᠎ᠠ ᠪᠦᠬᠦᠨ᠎ᠢ ᠰᠦᠪᠡᠭᠴᠢᠯᠡᠵᠦ ᠪᠠᠢᠭᠠᠳ ᠣᠯᠠᠨ ᠲᠦᠮᠡᠨ᠎ᠢ ᠵᠣᠭᠣᠰ ᠣᠯᠬᠣ ᠪᠤᠯᠤᠮᠵᠢ ᠲᠠᠢ ᠂ ᠵᠣᠭᠣᠰ ᠵᠠᠷᠣᠬᠣ᠎ᠳᠦ ᠢᠳᠡᠭᠡᠯ ᠲᠠᠢ᠂  ᠬᠡᠷᠡᠭᠯᠡᠭᠡ ᠬᠢᠬᠦ ᠵᠤᠭᠤᠰ ᠲᠠᠢ ᠪᠤᠯᠭᠠᠨ᠎ᠠ᠃

7. ᠨᠠᠢᠷ ᠨᠠᠭᠠᠲᠣᠮ ᠵᠡᠷᠭᠡ ᠠᠵᠢᠯᠯᠠᠭ᠎ᠠ᠎ᠶᠢ ᠣᠨᠴᠠᠭᠠᠢᠯᠠᠨ ᠬᠦᠷ ᠬᠦᠭᠵᠢᠶᠡᠨ ᠲᠡᠢ ᠦᠷᠨᠢᠬᠦᠯᠵᠦ ᠂ ᠲᠠᠭᠣᠣ ᠪᠦᠵᠢᠭ᠎ᠤᠨ ᠲᠠᠯᠠᠢ᠂ ᠮᠢᠬ᠎ᠠ ᠰᠦ᠎ᠶᠢᠨ ᠠᠩᠬᠢᠯᠣᠮ᠎ᠠ ᠦᠨᠦᠷ᠂ ᠡᠲᠡᠭᠡᠳ ᠭᠣᠴᠣ ᠦᠵᠡᠮᠵᠢ ᠪᠡᠷ ᠶ᠋ᠢᠡᠨ ᠲᠦᠷᠪᠡᠨ ᠵᠦᠭ ᠨᠠᠢ᠍ᠮᠠᠨ ᠵᠣᠪᠬᠢᠰ᠎ᠤᠨ ᠵᠢᠭᠣᠯᠴᠢᠯᠠᠭᠰᠠᠳ᠎ᠢ ᠲᠠᠲᠠᠬᠣ ᠬᠡᠷᠡᠭᠲᠡᠢ᠃ ᠦᠪᠦᠷ ᠮᠣᠩᠭᠣᠯ᠎ᠢ ᠬᠤᠪᠢ ᠵᠢᠨ ᠲᠡᠷᠭᠡ ᠵᠢᠯᠣᠭᠣᠲᠣᠨ ᠵᠢᠭᠣᠯᠴᠢᠯᠠᠬᠣ᠎ᠲᠡᠷᠢᠬᠦᠨ ᠰᠣᠩᠭᠣᠯᠲᠠ᠎ᠶᠢᠨ ᠭᠠᠵᠠᠷ᠂ ᠭᠡᠭᠡᠷ᠎ᠡ ᠪᠠᠭᠤᠳᠠᠯᠯᠠᠬᠤ ᠵᠢᠭᠤᠯᠴᠢᠯᠠᠯ᠎ᠤᠨ ᠰᠠᠢᠨ ᠰᠤᠩᠭᠤᠯᠳᠠ᠎ᠶᠢᠨ ᠭᠠᠵᠠᠷ᠂ ᠰᠡᠯᠡᠬᠦᠴᠡᠯ ᠵᠢᠭᠤᠯᠴᠢᠯᠠᠯ᠎ᠤᠨ ᠡᠷᠬᠡᠪᠡᠰᠢ ᠰᠤᠩᠭᠤᠬᠤ ᠭᠠᠵᠠᠷ᠂ ᠡᠷᠡᠬᠦᠯᠵᠢᠯ ᠰᠤᠪᠢᠯᠠᠯᠳᠠ᠎ᠶᠢᠨ ᠵᠢᠭᠤᠯᠴᠢᠯᠠᠯ᠎ᠤᠨ ᠰᠢᠯᠢᠳᠡᠭ ᠰᠤᠩᠭᠤᠯᠳᠠ᠎ᠶᠢᠨ ᠭᠠᠵᠠᠷ ᠪᠤᠯᠭᠠᠨ᠎ᠠ᠃

8. ᠴᠢᠨᠠᠷ ᠰᠠᠢᠲᠠᠢ᠎ᠶᠢ ᠪᠠᠷᠢᠮᠲᠠᠯᠠᠵᠦ 《ᠬᠣᠶᠠᠷ ᠰᠠᠭᠣᠷᠢᠨ》 ᠎ᠢ᠋ ᠪᠦᠲᠦᠭᠡᠨ ᠪᠠᠢᠭᠣᠯᠵᠦ ᠂ ᠣᠯᠠᠮᠵᠢᠯᠠᠯᠲᠣ ᠠᠵᠦ ᠦᠢᠯᠡᠰ᠎ᠢ ᠰᠢᠨ᠎ᠡ ᠪᠡᠷ ᠠᠮᠢᠯᠠᠭᠣᠯᠣᠨ ᠂ ᠰᠢᠨ᠎ᠡ ᠠᠵᠦ ᠦᠢᠯᠡᠰ᠎ᠤᠨ ᠬᠦᠴᠦᠷᠬᠡᠭᠵᠢᠨ ᠪᠣᠵᠠᠭᠠᠢᠷᠠᠬᠣ ᠂ ᠲᠣᠯᠭᠠᠭᠣᠷᠢ ᠠᠵᠦ ᠦᠢᠯᠡᠰ᠎ᠤᠨ ᠬᠡᠯᠬᠢᠶᠡᠵᠢᠨ ᠪᠦᠯᠦᠭᠵᠢᠬᠦ ᠎ᠵᠢ ᠠᠬᠢᠭᠣᠯᠣᠨ᠎ᠠ᠃

9. 《ᠲᠣᠮᠲᠠᠲᠣ᠎ᠶᠢᠨ ᠠᠶᠠᠭᠠᠨ》  ᠳ᠋ᠦ ᠦᠯᠡᠮᠵᠢ ᠬᠦᠨᠡᠰᠦ ᠬᠠᠩᠭᠠᠵᠦ ᠂ ᠰᠢᠯᠢᠲᠡᠭ ᠠᠮᠣ ᠬᠠᠩᠭᠠᠵᠦ ᠂  ᠣᠬᠢ ᠰᠠᠢᠨ ᠰᠦ ᠬᠠᠩᠭᠠᠵᠦ ᠂ ᠰᠢᠮ᠎ᠡ ᠰᠠᠢᠲᠠᠢ ᠮᠢᠬ᠎ᠠ ᠬᠠᠩᠭᠠᠨ᠎ᠠ ᠃

10. ᠢᠯᠢ ᠂ ᠮᠸᠩ ᠨᠢᠦ ᠮᠡᠲᠦ᠎ᠶᠢᠨ ᠲᠣᠮᠣ ᠠᠵᠦ ᠠᠬᠣᠢᠯᠠᠯ᠎ᠤᠨ ᠦᠷᠢᠰᠦᠯᠳᠦᠨ ᠬᠦᠭᠵᠢᠬᠦ᠎ᠶ᠋ᠢ ᠲᠡᠮᠵᠢᠬᠦ ᠪᠡᠷ ᠪᠠᠷᠠᠬᠣ ᠦᠭᠡᠢ ᠨᠡᠩ ᠣᠯᠠᠨ ᠰᠦ᠎ᠶᠢᠨ ᠦᠢᠯᠡᠰ᠎ᠤᠨ ᠠᠵᠦ ᠠᠬᠣᠢᠯᠠᠯ ᠂ ᠮᠢᠬᠠᠨ᠎ᠤ ᠦᠢᠯᠡᠰ᠎ᠤᠨ ᠠᠵᠦ ᠠᠬᠣᠢᠯᠠᠯ ᠂ ᠲᠦᠮᠦᠰᠦᠨ᠎ᠤ ᠦᠢᠯᠡᠰ᠎ᠤᠨ ᠠᠵᠦ ᠠᠬᠣᠢᠯᠠᠯ ᠂ ᠢᠮᠠᠭᠠᠨ ᠨᠣᠣᠯᠣᠭᠣᠷ᠎ᠤᠨ ᠠᠵᠦ ᠠᠬᠣᠢᠯᠠᠯ ᠦᠨᠢᠷ ᠠᠭᠣᠲᠠᠮ ᠲᠠᠯ᠎ᠠ ᠨᠣᠲᠣᠬ ᠲᠦ᠍ 《ᠦᠩᠭᠡ᠎ᠶᠢᠨ ᠴᠡᠴᠡᠭ ᠵᠡᠷᠭᠡ  ᠪᠡᠷ ᠲᠡᠯᠭᠡᠷᠡᠬᠦ》 ᠎ᠶ᠋ᠢ ᠲᠡᠮᠵᠢᠨ᠎ᠡ᠃

11. 《ᠦᠪᠦᠷ ᠮᠣᠩᠭᠣᠯ ᠨᠡᠷᠡᠮᠵᠢᠳᠤ 》 ᠲᠦᠷᠦᠯ ᠲᠡᠮᠲᠡᠭ᠎ᠢ ᠱᠣᠭᠣᠵᠦ ᠂ ᠨᠡᠩ ᠣᠯᠠᠨ ᠰᠢᠯᠢᠲᠡᠭ ᠪᠦᠲᠦᠭᠡᠭᠲᠡᠬᠦᠨ᠎ᠢ ᠰᠢᠯᠢᠲᠡᠭ ᠲᠦᠷᠦᠯ ᠲᠡᠮᠲᠡᠭ ᠪᠣᠯᠭᠠᠨ ᠡᠬᠦᠳᠴᠦ ᠂ ᠨᠡᠷ᠎ᠡ ᠠᠯᠲᠠᠷᠰᠢᠯ᠎ᠢ ᠦᠷᠭᠡᠳᠭᠡᠨ ᠂ ᠵᠠᠬ᠎ᠠ ᠲᠡᠯᠭᠡᠬᠦᠷ᠎ᠢ ᠡᠵᠡᠯᠡᠵᠦ᠂ 《 ᠬᠠᠷᠠᠭ᠎ᠠ ᠠᠯᠲᠠᠮ᠎ᠠ ᠲᠠᠯ᠎ᠠ ᠨᠣᠲᠣᠬ ᠂ ᠬᠠᠯᠢᠭᠣᠷᠠᠨ ᠨᠠᠢᠭᠣᠬᠣ ᠡᠪᠡᠰᠦ ᠪᠡᠯᠴᠢᠭᠡᠷ ᠂ ᠠᠮᠢ ᠠᠬᠣᠢ᠎ᠶᠢᠨ ᠦᠪᠦᠷ ᠮᠣᠩᠭᠣᠯ ᠂ ᠪᠣᠬᠢᠷᠲᠣᠯ ᠦᠭᠡᠢ ᠦᠨᠦᠷ ᠠᠮᠲᠠ》 ᠭᠡᠬᠦ ᠠᠯᠲᠠᠷᠰᠢᠯ᠎ᠢ ᠲᠠᠭᠣᠷᠢᠰᠣᠭᠣᠯᠣᠨ᠎ᠠ᠃

12. ᠡᠷᠬᠡᠪᠰᠢ ᠰᠢᠨ᠎ᠡ ᠬᠥᠭᠵᠢᠯᠲᠡ ᠵᠢᠨ ᠣᠢᠯᠠᠭᠠᠭᠳᠠᠬᠤᠨ ᠂ ᠪᠦᠬᠦ ᠠᠵᠤ ᠦᠢᠯᠡᠰ ᠤ᠋ᠨ ᠬᠡᠯᠬᠢᠢ᠎ᠡ ᠵᠢᠨ ᠰᠡᠳᠭᠢᠬᠦᠢ ᠪᠡᠷ ᠨᠢᠭᠡ ᠲᠠᠯ᠎ᠠ ᠪᠠᠷ ᠰᠢᠨ᠎ᠡ ᠡᠨᠧᠷᠭᠢ ᠵᠢᠨ ᠨᠡᠭᠡᠭᠡᠨ ᠬᠥᠭᠵᠢᠭᠦᠯᠦᠯᠲᠡ ᠪᠦᠲᠦᠭᠡᠨ ᠪᠠᠢᠭᠤᠯᠤᠯᠲᠠ ᠵᠢ ᠠᠳᠭᠤᠵᠤ ᠂ ᠨᠦᠭᠦᠭᠡ ᠲᠠᠯ᠎ᠠ ᠪᠠᠷ ᠲᠣᠨᠣᠭᠯᠠᠯ ᠦᠢᠯᠡᠳᠬᠦ ᠦᠢᠯᠡᠰ ᠤ᠋ᠨ ᠬᠥᠭᠵᠢᠯᠲᠡ ᠵᠢ ᠠᠳᠭᠤᠨ᠎ᠠ᠃

13. ᠰᠠᠯᠬᠢᠨ ᠪᠠ ᠨᠠᠷᠠᠨ ᠤ᠋ ᠡᠨᠧᠷᠬᠢ ᠵᠢᠨ ᠤᠰᠤᠲᠥ᠋ᠷᠥᠭᠴᠢ ᠨᠥᠭᠡᠴᠡ ᠠᠵᠤ ᠦᠢᠯᠡᠰ ᠤ᠋ᠨ ᠪᠦᠯᠦᠭᠵᠢᠯ ᠪᠠ ᠬᠥᠬᠡᠬᠣᠲᠠ ᠪᠤᠭᠤᠲᠤ ᠣᠷᠳᠣᠰ ᠵᠢᠨ ᠳᠤᠨᠤᠭᠯᠠᠯ ᠦᠢᠯᠡᠳᠬᠦ ᠰᠠᠭᠤᠷᠢᠨ ᠢ᠋ ᠲᠥᠪᠯᠡᠷᠡᠭᠦᠯᠦᠨ ᠪᠠᠢᠭᠤᠯᠵᠤ ᠂ ᠰᠢᠨ᠎ᠡ ᠡᠨᠧᠷᠭᠢ ᠵᠢᠨ ᠬᠦᠷᠢᠶ᠎ᠡ ᠴᠠᠷᠠᠭᠠᠨ ᠳ᠋ᠦ᠍  《ᠠᠵᠤ ᠦᠢᠯᠡᠳᠪᠦᠷᠢ ᠵᠢᠨ ᠦᠪᠦᠷ ᠮᠤᠩᠭᠤᠯ 》  ᠢ᠋  ᠳᠠᠬᠢᠨᠳᠠ ᠪᠦᠳᠦᠭᠡᠨ ᠪᠠᠢᠭᠤᠯᠬᠤ ᠪᠠᠷ ᠴᠢᠷᠮᠠᠢᠨ᠎ᠠ᠃

14. ᠥᠷᠭᠡᠨ ᠠᠭᠤᠳᠠᠮ ᠲᠠᠯ᠎ᠠ ᠨᠤᠲᠤᠭ ᠤ᠋ᠨ ᠡᠯᠡᠰᠦᠷᠬᠡᠭ ᠭᠠᠵᠠᠷ ᠢ᠋  《ᠴᠢᠨᠳᠠᠮᠤᠨᠢ ᠡᠷᠳᠡᠨᠢ》  《ᠨᠡᠭᠦᠷᠡᠰᠦᠲᠥ᠋ᠷᠥᠭᠴᠢ ᠬᠤᠷᠠᠮᠳᠤᠭᠤᠯᠬᠤ ᠬᠥᠮᠥᠷᠭᠡ》  ᠪᠣᠯᠭᠠᠨ ᠬᠤᠪᠢᠷᠠᠭᠤᠯᠤᠨ᠎ᠠ᠃

15. ᠨᠣᠮᠢᠨ ᠨᠣᠭᠣᠭᠠᠨ ᠣᠢ ᠰᠢᠭᠤᠢ ᠵᠢ ᠠᠷᠠᠳ ᠣᠯᠠᠨ ᠤ᠋  《ᠵᠢᠮᠢᠰ ᠤ᠋ᠨ ᠰᠠᠭᠰᠤ》  《ᠴᠡᠴᠡᠭ ᠤ᠋ᠨ ᠰᠠᠭᠰᠤ》  《ᠬᠤᠯᠢᠰᠢᠨ ᠢᠳᠡᠰᠢᠨ᠎ᠤ ᠰᠠᠭᠰᠤ》  《ᠡᠮ ᠤ᠋ᠨ ᠰᠠᠭᠰᠤ 》  ᠪᠣᠯᠭᠠᠨ ᠴᠤᠭᠴᠠᠯᠠᠨ᠎ᠠ᠃

16. ᠠᠰᠢᠬᠳᠠᠢ ᠲᠥᠷᠥ ᠵᠢᠨ ᠪᠣᠳᠣᠯᠭ᠎ᠠ ᠂ ᠰᠠᠢᠨ ᠣᠷᠴᠢᠨ ᠨᠥᠬᠥᠴᠡᠯ ᠢ᠋ ᠠᠰᠢᠭᠯᠠᠨ ᠨᠡᠩ ᠣᠯᠠᠨ ᠴᠢᠳᠠᠪᠤᠷᠢᠲᠠᠨ ᠢ᠋ ᠲᠠᠳᠠᠨ᠎ᠠ᠃

17. ᠡᠯ᠎ᠡ ᠱᠠᠳᠤᠨ ᠤ᠋ ᠵᠠᠰᠠᠭ ᠤ᠋ᠨ ᠣᠷᠳᠣᠨ ᠴᠥᠮ ᠦᠨᠳᠦᠰᠦᠨ ᠱᠠᠳᠤᠨ ᠤ᠋ ᠶᠠᠪᠤᠳᠠᠯ ᠂ ᠣᠯᠠᠨ ᠲᠦᠮᠡᠨ᠎ᠦ᠌ ᠤᠴᠢᠷ ᠂ ᠠᠵᠤ ᠠᠬᠤᠢᠯᠠᠯ ᠤ᠋ᠨ ᠶᠠᠪᠤᠳᠠᠯ ᠢ᠋ ᠡᠳᠦᠷ ᠳᠤᠳᠤᠮ ᠤ᠋ᠨ ᠠᠵᠢᠯ ᠵᠢᠡᠨ ᠪᠤᠯᠭᠠᠵᠤ᠂ ᠵᠠᠪᠠᠯ ᠬᠢᠬᠦ ᠠᠵᠢᠯ ᠪᠣᠯᠭᠠᠵᠤ᠂ ᠬᠦᠴᠢᠷᠳᠡᠯ ᠠᠰᠠᠭᠤᠳᠠᠯ ᠳ᠋ᠤ᠌ ᠬᠠᠪᠰᠤᠷᠤᠯᠭ᠎ᠠ ᠦᠵᠡᠭᠦᠯᠵᠦ ᠂ ᠵᠣᠷᠢᠭᠲᠠᠢ ᠪᠠᠷ ᠭᠠᠷ ᠬᠥᠳᠡᠯᠵᠦ᠂ ᠠᠵᠤ ᠠᠬᠤᠢᠯᠠᠯ ᠪᠠ ᠣᠯᠠᠨ ᠲᠦᠮᠡᠨ ᠢ᠋ ᠤᠴᠢᠷ ᠶᠠᠪᠤᠳᠠᠯ ᠢ᠋ ᠪᠦᠲᠦᠭᠡᠬᠦ ᠳ᠋ᠦ᠍ ᠠᠮᠠᠷᠬᠠᠨ᠂ ᠤᠴᠢᠷ ᠶᠠᠪᠤᠳᠠᠯ ᠢ᠋ ᠪᠦᠲᠦᠭᠡᠵᠦ ᠳᠡᠢᠯᠭᠦ ᠂ ᠤᠴᠢᠷ ᠶᠠᠪᠤᠳᠠᠯ ᠢ᠋ ᠦᠯᠦ ᠰᠠᠭᠠᠲᠠᠭᠠᠬᠤ  ᠪᠤᠯᠭᠠᠨ᠎ᠠ᠃

18. ᠠᠵᠤ ᠠᠬᠤᠢᠯᠠᠯᠲᠠᠨ ᠢ᠋ ᠭᠡᠷ ᠤ᠋ᠨ ᠬᠥᠮᠦᠨ ᠵᠢᠡᠨ ᠪᠣᠯᠭᠠᠵᠤ᠂ ᠦᠨᠡᠨ ᠰᠡᠳᠭᠢᠯ᠎ᠡᠴᠡ ᠪᠡᠨ ᠠᠵᠤ ᠠᠬᠤᠢᠯᠠᠯ ᠤ᠋ᠨ ᠵᠤᠪᠠᠨᠢᠯ᠎ᠢ ᠰᠢᠢᠳᠪᠦᠷᠢᠯᠡᠨ ᠦᠭᠴᠦ᠂ ᠤᠯᠤᠰ ᠤ᠋ᠨ ᠥᠮᠴᠢᠯᠡᠯ ᠤ᠋ᠨ ᠠᠵᠤ ᠠᠬᠤᠢᠯᠠᠯ ᠢ᠋ ᠵᠣᠷᠢᠭᠲᠠᠢ ᠪᠠᠷ ᠠᠵᠢᠯᠯᠠᠭᠤᠯᠵᠤ᠂ ᠠᠷᠠᠳ ᠤ᠋ᠨ ᠡᠵᠡᠩᠨᠡᠯᠳᠡ ᠵᠢᠨ ᠠᠵᠤ ᠠᠬᠤᠢᠯᠠᠯ ᠢ᠋ ᠵᠣᠷᠢᠭᠲᠠᠢ ᠪᠡᠷ ᠤᠷᠤᠭᠰᠢᠯᠠᠭᠤᠯᠵᠤ᠂ ᠭᠠᠳᠠᠭᠠᠳᠤ ᠵᠢᠨ ᠠᠵᠤ ᠠᠬᠤᠢᠯᠠᠯ ᠢ᠋ ᠵᠣᠷᠢᠭᠲᠠᠢ ᠪᠠᠷ ᠪᠡᠯᠡ ᠣᠷᠣᠭᠤᠯᠵᠤ᠂ ᠥᠪᠥᠷ ᠮᠣᠩᠭᠣᠯ ᠳ᠋ᠤ᠌ ᠪᠡᠯᠡ ᠣᠷᠣᠭᠤᠯᠤᠨ ᠦᠢᠯᠡᠰ ᠢ᠋ ᠮᠠᠨᠳᠤᠭᠤᠯᠬᠤ ᠬᠠᠯᠠᠭᠤᠨ ᠥᠷᠨᠢᠯᠲᠡ ᠭᠠᠷᠭᠠᠨ ᠂ ᠨᠤᠲᠤᠭ ᠲᠠᠭᠠᠨ ᠪᠤᠴᠠᠨ ᠦᠢᠯᠡᠰ ᠪᠤᠰᠬᠠᠬᠤ  ᠬᠠᠯᠠᠭᠤᠨ ᠥᠷᠨᠢᠯᠲᠡ ᠭᠠᠷᠭᠠᠨ᠎ᠠ᠃

19. ᠴᠠᠯᠢᠩ ᠥᠷᠢᠲᠦᠬᠦ ᠵᠢ ᠤᠷᠢᠳᠴᠢᠯᠠᠨ ᠰᠡᠷᠭᠡᠢᠯᠡᠵᠦ ᠴᠡᠭᠴᠡᠯᠡᠨ ᠵᠠᠰᠠᠬᠤ ᠠᠵᠢᠯ ᠢ᠋ ᠴᠢᠩᠭᠠᠳᠭᠠᠵᠤ ᠂ ᠬᠥᠯᠥᠰᠥᠨ ᠠᠵᠢᠯᠴᠢᠨ ᠤ᠋ ᠬᠦᠯᠦᠰᠤ ᠤᠯᠭᠤᠮᠵᠢ ᠵᠢ ᠨᠢᠭᠡ ᠮᠥᠩᠭᠥ ᠴᠦ᠍ ᠬᠤᠢᠰᠢᠯᠠᠭᠤᠯᠵᠤ ᠪᠣᠯᠬᠤ ᠦᠭᠡᠢ᠃

20. ᠨᠠᠮ ᠠᠷᠠᠳ ᠲᠦᠮᠡᠨ᠎ᠦ᠌ ᠲᠥᠯᠥᠭᠡ ᠵᠢᠳᠭᠦᠨ ᠳᠡᠮᠡᠴᠡᠭᠦ ᠳ᠋ᠦ᠍ ᠪᠢ ᠭᠠᠪᠢᠶ᠎ᠠ ᠳᠤᠭᠠᠴᠢᠬᠤ ᠦᠭᠡᠢ ᠂ ᠠᠵᠢᠯ ᠶᠠᠪᠤᠳᠠᠯ ᠬᠢᠵᠦ ᠦᠢᠯᠡᠰ ᠪᠦᠳᠦᠭᠡᠭᠦ ᠳ᠋ᠤ᠌ ᠠᠮᠢ ᠪᠡᠶ᠎ᠡ ᠪᠡᠨ ᠴᠦᠯᠡᠵᠤ ᠂ ᠪᠡᠷᠭᠡ ᠵᠢ ᠲᠤᠭᠤᠯᠤᠨ ᠬᠦᠴᠢᠷ ᠢ᠋ ᠳᠠᠪᠠᠬᠤ ᠳ᠋ᠤ᠌ ᠯᠠᠪᠲᠠᠢ ᠮᠢᠨᠦ ᠣᠶᠤᠨ ᠰᠠᠨᠠᠭᠠᠨ ᠤ᠋ ᠵᠢᠳᠭᠦᠯ ᠪᠤᠢ᠃

21. ᠶᠠᠮᠠᠷᠪᠠ ᠤᠴᠢᠷ ᠶᠠᠪᠤᠳᠠᠯ ᠢ᠋ ᠬᠢᠬᠦ ᠳ᠋ᠦ᠍ ᠶᠠᠭᠤᠨ ᠤ᠋ ᠤᠷᠢᠳ ᠠᠷᠠᠳ ᠤᠯᠠᠨ ᠶᠠᠭᠤ ᠬᠡᠷᠡᠭᠴᠡᠭᠡ ᠲᠡᠢ ᠪᠠᠢᠬᠤ ᠂ ᠶᠠᠭᠤ ᠬᠦᠰᠡᠵᠦ ᠪᠠᠢᠬᠤ ᠵᠢ ᠪᠣᠳᠣᠯᠬᠢᠯᠠᠨ᠂ ᠣᠯᠠᠨ ᠲᠦᠮᠡᠨ᠎ᠦ᠌ ᠵᠤᠭᠰᠤᠴᠠ ᠡᠴᠡ ᠰᠠᠢᠲᠤᠷ ᠵᠥᠪᠳᠡᠯᠴᠡᠵᠦ ᠬᠠᠮᠲᠤ ᠪᠠᠷ ᠰᠢᠢᠳᠪᠦᠷᠢᠯᠡᠵᠤ᠂ ᠣᠯᠠᠨ ᠲᠦᠮᠡᠨᠴᠢ ᠱᠤᠭᠤᠮ ᠵᠢᠠᠷ ᠶᠠᠪᠤᠬᠤ ᠳ᠋ᠤ᠌ ᠲᠦᠰᠢᠭᠯᠡᠨ ᠶᠡᠬᠡ ᠶᠠᠪᠤᠳᠠᠯ ᠢ᠋ ᠪᠦᠲᠦᠭᠡᠵᠦ᠂ ᠪᠣᠳᠠᠲᠤ ᠶᠠᠪᠤᠳᠠᠯ ᠢ᠋ ᠬᠢᠵᠤ ᠂ ᠠᠷᠠᠳ ᠤ᠋ᠨ ᠬᠦᠴᠦᠨ ᠢ᠋ ᠨᠢᠭᠲᠠᠷᠠᠭᠤᠯᠵᠤ᠂ ᠠᠷᠠᠳ ᠤ᠋ᠨ ᠰᠡᠳᠭᠢᠯ ᠢ᠋ ᠤᠯᠤᠨ᠎ᠠ᠃

22. ᠤᠬᠠᠭᠠᠯᠠᠨ ᠰᠡᠳᠦᠭᠰᠡᠨ ᠬᠡᠷᠡᠭ ᠶᠠᠪᠤᠳᠠᠯ ᠢ᠋ ᠲᠦᠷᠭᠡᠨ ᠬᠦᠳᠡᠯᠦᠯᠴᠡᠵᠤ᠂ ᠡᠷᠲᠡ᠎ᠡᠴᠡ ᠭᠠᠷᠳᠠᠨ᠂ ᠲᠦᠷᠭᠡᠨ ᠬᠢᠵᠤ᠂ ᠲᠣᠭᠲᠠᠭᠠᠭᠰᠠᠨ ᠬᠡᠷᠡᠭ ᠶᠠᠪᠤᠳᠠᠯ ᠢ᠋ ᠴᠢᠩᠭ᠎ᠠ ᠠᠳᠭᠤᠨ ᠲᠦᠷᠭᠡᠨ ᠰᠢᠢᠳᠪᠦᠷᠢᠯᠡᠵᠤ᠂ ᠦᠷ᠎ᠡ ᠪᠦᠲᠦᠮᠵᠢ ᠣᠯᠵᠤ᠂ ᠦᠷ᠎ᠡ  ᠳ᠋ᠦᠩ ᠲᠡᠢ  ᠪᠣᠯᠭᠠᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠠᠨᠠᠷ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号