《ᠵᠠᠰᠠᠭ᠎ᠤᠨ ᠣᠷᠳᠣᠨ᠎ᠤ ᠠᠵᠢᠯ᠎ᠤᠨ ᠢᠯᠡᠳᠭᠡᠯ᠎ᠳᠦ᠂ ᠬᠣᠲᠠ᠎ᠶ᠋ᠢᠨ ᠪᠡᠶ᠎ᠡ᠎ᠶ᠋ᠢᠨ ᠪᠠᠢᠴᠠᠭᠠᠯᠲᠠ᠎ᠶ᠋ᠢ ᠥᠷᠨᠢᠭᠦᠯᠵᠦ᠍᠂ ᠬᠣᠲᠠ᠎ᠶ᠋ᠢᠨ ᠱᠢᠨᠡᠴᠢᠯᠡᠯᠲᠡ᠎ᠶ᠋ᠢ ᠠᠬᠢᠭᠤᠯᠵᠤ᠂ ᠨᠠᠷᠢᠯᠢᠬ᠍ᠵᠢᠭᠤᠯᠤᠭ᠍ᠰᠠᠨ ᠬᠠᠮᠢᠶᠠᠷᠤᠯᠲᠠ᠎ᠶ᠋ᠢ ᠴᠢᠩᠭᠠᠳᠭᠠᠵᠤ᠂ ᠣᠷᠣᠱᠢᠨ ᠠᠮᠢᠳᠤᠷᠠᠬᠤ᠎ᠳᠤ ᠲᠣᠬᠢᠷᠠᠮᠵᠢᠲᠠᠶ᠂ ᠤᠶᠠᠨ ᠬᠠᠲᠠᠨ ᠴᠢᠨᠠᠷᠲᠠᠶ᠂ ᠣᠶᠤᠨᠴᠢ ᠬᠣᠲᠠ᠎ᠶ᠋ᠢ ᠵᠢᠱ᠌ᠢᠶ᠎ᠡ ᠦᠵᠡᠭᠦᠯᠦᠨ ᠪᠠᠢᠭᠤᠯᠤᠨ᠎ᠠ᠃ ᠡᠨᠡ ᠨᠢ ᠪᠢᠳᠡᠨ᠎ᠦ ᠬᠣᠲᠠ᠎ᠶ᠋ᠢᠨ ᠪᠦᠲᠦᠭᠡᠨ ᠪᠠᠢᠭᠤᠯᠤᠯᠲᠠ᠎ᠶ᠋ᠢᠨ ᠠᠵᠢᠯ᠎ᠢ ᠰᠠᠢᠲᠤᠷ ᠬᠢᠬᠦ᠌᠎ᠳᠦ ᠵᠢᠯᠣᠭᠣᠳᠣᠯᠭ᠎ᠠ ᠬᠠᠩᠭᠠᠭ᠍ᠰᠠᠨ ᠪᠠᠢᠨ᠎ᠠ》᠃ ᠲᠤᠬᠠᠢ᠎ᠶ᠋ᠢᠨ ᠲᠠᠯᠠᠪᠠᠢ᠎ᠳᠤ ᠵᠠᠰᠠᠭ᠎ᠤᠨ ᠣᠷᠳᠣᠨ᠎ᠤ ᠠᠵᠢᠯ᠎ᠤᠨ ᠢᠯᠡᠳᠭᠡᠯ᠎ᠢ ᠰᠣᠨᠣᠰᠤᠭᠠᠳ ᠥᠪᠡᠷᠲᠡᠭᠡᠨ ᠵᠠᠰᠠᠬᠤ ᠣᠷᠣᠨ᠎ᠤ ᠤᠯᠤᠰ ᠲᠦᠷᠦ᠍᠎ᠶ᠋ᠢᠨ ᠵᠥᠪᠯᠡᠯᠭᠡᠨ᠎ᠦ ᠭᠡᠱᠢᠭᠦᠨ᠂ ᠥᠪᠥᠷ ᠮᠣᠩᠭᠣᠯ᠎ᠤᠨ ᠲᠠᠷᠢᠶᠠᠯᠠᠩ᠎ᠤᠨ ᠶᠡᠬᠡ ᠰᠤᠷᠭᠠᠭᠤᠯᠢ᠎ᠶ᠋ᠢᠨ ᠠᠰᠫᠢᠷᠠᠨᠲ᠎ᠤᠨ ᠬᠦᠷᠢᠶᠡᠯᠡᠩ᠎ᠦᠨ ᠳᠡᠳ᠋ ᠳᠠᠷᠤᠭ᠎ᠠ ᠯᠢ ᠬᠤᠤ ᠮᠠᠰᠢ ᠤᠷᠮᠠᠱᠢᠨ ᠵᠣᠷᠢᠭ᠍ᠵᠢᠪᠠ᠃

《ᠬᠥᠬᠡᠬᠣᠲᠠ ᠪᠣᠯ ᠮᠠᠨ᠎ᠤ ᠣᠷᠣᠨ᠎ᠤ ᠴᠣᠷ᠎ᠤᠨ ᠭᠠᠭ᠍ᠴᠠ ᠤᠯᠤᠰ᠎ᠤᠨ ᠬᠣᠶᠠᠳᠤᠭᠠᠷ ᠪᠦᠯᠦᠭ᠎ᠦᠨ ᠬᠠᠢᠮᠢᠶᠠᠨ ᠬᠣᠲᠠ᠎ᠶ᠋ᠢᠨ ᠪᠥᠲᠥᠭᠡᠨ ᠪᠠᠢᠭᠤᠯᠤᠯᠲᠠ᠎ᠶ᠋ᠢᠨ ᠵᠢᠱ᠌ᠢᠶ᠎ᠡ ᠦᠵᠡᠭᠦᠯᠬᠦ᠌ ᠬᠣᠲᠠ ᠮᠥᠨ᠂ ᠠᠵᠢᠯ᠎ᠤᠨ ᠦᠷ᠎ᠡ ᠪᠦᠲᠦᠮᠵᠢ ᠢᠯᠡᠳᠲᠡ ᠪᠣᠯᠪᠠᠴᠤ᠌ ᠦᠶᠡᠷ᠎ᠦᠨ ᠬᠤᠭᠤᠴᠠᠭᠠᠨ᠎ᠳᠤ ᠬᠣᠲᠠ ᠳᠣᠲᠣᠷ᠎ᠠ ᠤᠰᠤᠲᠤᠬᠤ ᠦᠵᠡᠭ᠌ᠳᠡᠯ ᠮᠥᠨ ᠬᠦ᠌ ᠮᠠᠰᠢ ᠬᠦᠨᠳᠦ ᠨᠣᠴᠢᠲᠠᠶ ᠪᠠᠢᠨ᠎ᠠ》᠃ ᠯᠢ ᠬᠤᠤ ᠲᠠᠨᠢᠯᠴᠠᠭᠤᠯᠬᠤ᠎ᠳᠠᠭᠠᠨ᠂《ᠡᠨᠡ ᠤᠳᠠᠭ᠎ᠠ ᠬᠤᠷᠠᠯ᠎ᠳᠤ ᠣᠷᠣᠯᠴᠠᠬᠤ᠎ᠳᠠᠭᠠᠨ ᠪᠢ 〈ᠤᠶᠠᠨ ᠬᠠᠲᠠᠨ ᠴᠢᠨᠠᠷᠲᠠᠶ ᠬᠣᠲᠠ᠎ᠶ᠋ᠢᠨ ᠣᠢᠯᠠᠭᠠᠭ᠍ᠳᠠᠬᠤᠨ ᠳᠤᠤᠷᠠᠬᠢ ᠬᠣᠲᠠ᠎ᠶ᠋ᠢᠨ ᠪᠣᠷᠣᠭᠠᠨ ᠦᠶᠡᠷ᠎ᠤᠨ ᠬᠠᠮᠢᠶᠠᠷᠤᠯᠲᠠ᠎ᠶ᠋ᠢᠨ ᠱᠢᠰᠲ᠋ᠧᠮ᠎ᠢ ᠪᠠᠢᠭᠤᠯᠬᠤ〉 ᠲᠤᠬᠠᠶ ᠰᠠᠨᠠᠯ ᠳᠤᠷᠠᠳᠤᠯᠭ᠎ᠠ ᠠᠪᠴᠢᠷᠠᠯ᠎ᠠ》 ᠭᠡᠪᠡ᠃
ᠲᠡᠷᠡ᠂ ᠰᠠᠯᠠᠭ᠎ᠠ ᠮᠥᠴᠢᠷ ᠪᠣᠯᠤᠨ ᠪᠠᠢᠭᠤᠯᠤᠮᠵᠢ ᠠᠯᠤᠰᠯᠠᠭ᠍ᠰᠠᠨ ᠪᠣᠷᠣᠭᠠᠨ ᠦᠶᠡᠷ᠎ᠦᠨ ᠭᠠᠮᠱᠢᠭ᠎ᠤᠨ ᠰᠡᠷᠡᠮᠵᠢᠯᠡᠭᠦᠯᠦᠯ ᠬᠢᠭᠡᠳ ᠬᠠᠮᠢᠶᠠᠷᠤᠯᠲᠠ᠎ᠶ᠋ᠢᠨ ᠱᠢᠰᠲ᠋ᠧᠮ᠎ᠢ ᠪᠠᠢᠭᠤᠯᠬᠤ ᠬᠡᠷᠡᠭ᠌ᠲᠡᠶ᠃ ᠣᠯᠠᠨ ᠲᠠᠯ᠎ᠠ᠎ᠶ᠋ᠢᠨ ᠬᠦᠴᠦᠨ᠎ᠢ ᠨᠢᠭᠡᠳᠦᠯᠲᠡᠶ ᠲᠥᠯᠥᠪᠵᠢᠭᠦᠯᠦᠨ ᠪᠣᠷᠣᠭᠠᠨ᠎ᠤ ᠪᠠ ᠦᠶᠡᠷ᠎ᠦᠨ ᠭᠠᠮᠱᠢᠭ᠎ᠤᠨ ᠠᠶᠤᠯ ᠲᠦᠭ᠌ᠰᠢᠭᠦᠷᠢ᠎ᠶ᠋ᠢ ᠦᠨᠡᠯᠡᠨ ᠵᠢᠱ᠌ᠢᠬᠦ᠌᠂ ᠬᠢᠨᠠᠨ ᠬᠡᠮᠵᠢᠵᠦ᠍ ᠰᠡᠷᠡᠮᠵᠢᠯᠡᠭᠦᠯᠬᠦ᠌ ᠮᠡᠷᠭᠡᠵᠢᠯ ᠵᠢᠴᠢ ᠪᠠᠴᠢᠮ ᠪᠠᠢᠳᠠᠯ᠎ᠢ ᠠᠷᠭᠠᠴᠠᠭᠠᠬᠤ ᠲᠣᠭ᠍ᠲᠠᠴᠠ᠎ᠶ᠋ᠢ ᠪᠠᠢᠭᠤᠯᠵᠤ᠂ ᠬᠣᠲᠠ᠎ᠶ᠋ᠢᠨ ᠪᠣᠷᠣᠭᠠᠨ ᠦᠶᠡᠷ᠎ᠤᠨ ᠪᠠᠢᠳᠠᠯ᠎ᠢ ᠰᠡᠷᠭᠡᠢᠯᠡᠨ ᠡᠵᠡᠮᠳᠡᠬᠦ᠌᠎ᠶ᠋ᠢᠨ ᠤᠷᠢᠳᠴᠢᠯᠠᠨ ᠰᠡᠷᠭᠡᠢᠯᠡᠬᠦ᠌᠂ ᠤᠷᠢᠳᠴᠢᠯᠠᠨ ᠲᠥᠰᠦᠭᠡᠯᠡᠬᠦ᠌ ᠵᠢᠴᠢ ᠤᠷᠢᠳᠴᠢᠯᠠᠨ ᠰᠡᠷᠡᠮᠵᠢᠯᠡᠭᠦᠯᠬᠦ᠌᠎ᠶ᠋ᠢᠨ ᠲᠣᠭᠠᠴᠢᠯᠠᠯᠲᠠ᠂ ᠮᠡᠳᠡᠭᠡ ᠵᠠᠩᠭᠢᠵᠢᠯᠲᠠ᠎ᠵᠢᠨ ᠮᠡᠷᠭᠡᠵᠢᠯ᠎ᠦᠨ ᠬᠢᠷᠢ ᠲᠦᠪᠰᠢᠨ᠎ᠢ ᠳᠡᠭᠡᠭ᠌ᠰᠢᠯᠡᠭᠦᠯᠦᠨ᠂ ᠮᠡᠳᠡᠭᠡ ᠵᠠᠩᠭᠢ᠎ᠶ᠋ᠢ ᠬᠠᠮᠵᠢᠯᠴᠠᠭᠤᠯᠬᠤ᠂ ᠡᠷᠬᠡ ᠬᠠᠷᠢᠭᠤᠴᠠᠯᠭ᠎ᠠ᠎ᠶ᠋ᠢ ᠬᠠᠮᠵᠢᠯᠴᠠᠭᠤᠯᠬᠤ᠂ ᠡᠬᠢ ᠪᠠᠶᠠᠯᠢᠭ᠎ᠢ ᠬᠠᠮᠵᠢᠯᠴᠠᠭᠤᠯᠬᠤ᠎ᠶ᠋ᠢ ᠪᠡᠶᠡᠯᠡᠭᠦᠯᠬᠦ ᠬᠡᠷᠡᠭᠲᠡᠢ᠃ ᠪᠣᠷᠣᠭᠠᠨ ᠦᠶᠡᠷ᠎ᠦᠨ ᠤᠰᠤ᠎ᠶ᠋ᠢ ᠬᠠᠳᠠᠭᠠᠯᠠᠬᠤ ᠣᠷᠣᠨ ᠵᠠᠶ᠎ᠶ᠋ᠢ ᠪᠠᠢᠭᠤᠯᠵᠤ᠂ ᠬᠣᠲᠠ᠎ᠶ᠋ᠢᠨ ᠤᠰᠤᠨ ᠲᠤᠤᠷ ᠤᠰᠤᠨ ᠱᠢᠰᠲ᠋ᠧᠮ᠎ᠢ ᠨᠡᠪᠲᠡᠷᠡᠭᠦᠯᠵᠦ᠍᠂ ᠪᠣᠰᠣᠭ᠎ᠠ ᠴᠢᠭ᠌ᠯᠡᠯ᠎ᠦᠨ ᠵᠢᠷᠤᠭ ᠲᠦᠰᠦᠪ᠎ᠢ ᠴᠢᠩᠭᠠᠳᠭᠠᠬᠤ ᠬᠡᠷᠡᠭ᠌ᠲᠡᠶ᠃ ᠬᠣᠲᠠ᠎ᠶ᠋ᠢᠨ ᠬᠣᠭᠣᠯᠠᠶ ᠲᠤᠤᠷ᠎ᠤᠨ ᠲᠣᠭ᠎ᠠ ᠪᠠᠷᠢᠮᠲᠠ᠎ᠶ᠋ᠢᠨ ᠰᠠᠭᠤᠷᠢ᠎ᠶ᠋ᠢ ᠪᠥᠬᠥ᠌ ᠲᠠᠯ᠎ᠠ᠎ᠪᠠᠷ ᠢᠯᠭᠠᠷᠠᠭᠤᠯᠵᠤ᠂ ᠦᠶᠡᠷ ᠤᠰᠤᠲᠤᠯ᠎ᠢ ᠵᠠᠯᠠᠬᠤ ᠬᠠᠷᠰᠢ ᠰᠠᠭᠠᠳ᠂ ᠲᠠᠰᠤᠷᠬᠠᠶ ᠴᠡᠭ ᠪᠠ ᠪᠠᠯᠠᠶ ᠴᠡᠭ᠎ᠢ ᠲᠣᠳᠣᠷᠬᠠᠢᠯᠠᠵᠤ᠂ ᠬᠡᠷ ᠭᠠᠵᠠᠷ᠎ᠤᠨ ᠬᠥᠷᠥᠩᠭᠡ᠎ᠶ᠋ᠢ ᠨᠡᠭᠡᠭᠡᠨ ᠬᠥᠭ᠌ᠵᠢᠭᠦᠯᠬᠦ᠌ ᠵᠢᠴᠢ ᠬᠠᠭᠤᠴᠢᠨ ᠰᠠᠭᠤᠭᠠᠯᠢ ᠲᠣᠭᠣᠷᠢᠭ᠎ᠢ ᠥᠭᠡᠷᠡᠴᠢᠯᠡᠨ ᠱᠢᠨᠡᠳᠭᠡᠬᠦ᠌ ᠳᠤᠮᠳᠠ᠂ ᠬᠠᠳᠠᠭᠠᠯᠠᠬᠤ ᠲᠤᠭᠲᠠᠭᠠᠬᠤ ᠵᠢᠮ᠎ᠡ ᠬᠠᠤᠯᠢ᠂ ᠪᠣᠷᠣᠭᠠᠨ᠎ᠤ ᠤᠰᠤ᠎ᠶ᠋ᠢ ᠴᠤᠭ᠍ᠯᠠᠭᠤᠯᠬᠤ ᠵᠡᠷᠭᠡ ᠪᠣᠷᠣᠭᠠᠨ ᠦᠶᠡᠷ᠎ᠦᠨ ᠡᠬᠢ ᠪᠠᠶᠠᠯᠢᠭ᠎ᠢ ᠠᠱᠢᠭ᠍ᠯᠠᠬᠤ ᠮᠡᠷᠭᠡᠵᠢᠯ᠎ᠲᠡᠶ ᠤᠶᠠᠯᠳᠤᠭᠤᠯᠤᠨ᠂ ᠪᠠᠢᠭᠠᠯᠢ᠎ᠶ᠋ᠢᠨ ᠤᠰᠤᠨ᠎ᠤ ᠡᠷᠭᠢᠯᠲᠡ᠎ᠶ᠋ᠢᠨ ᠳᠤᠲᠠᠭᠤᠳᠠᠯ᠎ᠢ ᠭᠦᠶ᠋ᠴᠡᠳ ᠨᠥᠬᠥᠪᠥᠷᠢᠯᠡᠵᠦ᠍᠂ ᠬᠣᠲᠠ᠎ᠶ᠋ᠢᠨ ᠪᠣᠷᠣᠭᠠᠨ ᠦᠶᠡᠷ᠎ᠢ ᠰᠢᠢᠳᠪᠦᠷᠢᠯᠡᠬᠦ ᠤᠶᠠᠨ ᠬᠠᠲᠠᠨ ᠴᠢᠨᠠᠷ᠎ᠢ ᠳᠡᠭᠡᠭ᠌ᠰᠢᠯᠡᠭᠦᠯᠬᠦ ᠬᠡᠷᠡᠭᠲᠡᠢ ᠭᠡᠵᠦ ᠰᠠᠨᠠᠭᠤᠯᠪᠠ᠃
《ᠤᠶᠠᠨ ᠬᠠᠳᠠᠨ ᠴᠢᠨᠠᠷᠲᠠᠢ ᠬᠤᠳᠠ᠎ᠶ᠋ᠢ ᠴᠣᠭ᠍ᠴᠠᠯᠠᠬᠤ᠎ᠳᠤ᠂ ᠰᠠᠭᠤᠷᠢ ᠲᠥᠬᠥᠭᠡᠷᠦᠮᠵᠢ᠂ ᠡᠳ᠋ ᠪᠣᠳᠠᠰ᠎ᠤᠨ ᠨᠥᠭᠡᠴᠡ᠂ ᠠᠵᠤ ᠦᠢᠯᠡᠰ᠎ᠦᠨ ᠬᠥᠭ᠌ᠵᠢᠯᠲᠡ ᠵᠡᠷᠭᠡ〈ᠬᠠᠲᠠᠭᠤ ᠡᠬᠢ ᠪᠠᠶᠠᠯᠢᠭ〉᠎ᠢ᠋ ᠨᠠᠷᠢᠨ ᠨᠢᠭ᠍ᠲᠠ ᠪᠠᠢᠷᠢᠱᠢᠭᠤᠯᠬᠤ ᠴᠢᠬᠤᠯᠠᠲᠠᠢ᠎ᠪᠠᠷ ᠪᠠᠷᠠᠬᠤ ᠦᠬᠡᠢ᠂ ᠠᠷᠠᠳ ᠤᠯᠠᠨ᠎ᠤ ᠪᠣᠯᠪᠠᠰᠤᠷᠠᠩᠭᠤᠢ ᠪᠤᠳᠤᠯ ᠰᠡᠳᠭᠢᠯ ᠢ ᠬᠥᠮᠦᠵᠢᠭᠦᠯᠬᠦ᠌᠂ ᠨᠡᠢᠭᠡᠮ ᠲᠣᠭᠣᠷᠢᠭ᠎ᠤᠨ ᠵᠣᠬᠢᠶᠠᠨ ᠪᠠᠢᠭᠤᠯᠬᠤ ᠴᠢᠳᠠᠪᠤᠷᠢ᠎ᠶ᠋ᠢ ᠳᠡᠭᠡᠭ᠌ᠰᠢᠯᠡᠭᠦᠯᠬᠦ᠌ ᠵᠡᠷᠭᠡ 〈ᠵᠥᠭᠡᠯᠡᠨ ᠲᠤᠯᠭᠠᠭᠤᠷᠢᠯᠠᠯ〉 ᠢ᠋ ᠴᠤ᠌ ᠪᠣᠢᠵᠢᠭᠤᠯᠬᠤ ᠴᠢᠬᠤᠯᠠᠲᠠᠢ ᠶᠤᠮ》᠃ ᠯᠢ ᠬᠤᠤ᠂ 《ᠪᠢᠳᠡ ᠬᠠᠢᠮᠢᠶᠠᠨ ᠬᠣᠲᠠ᠎ᠶ᠋ᠢᠨ ᠵᠢᠱ᠌ᠢᠶ᠎ᠡ ᠦᠵᠡᠭᠦᠯᠬᠦ᠌ ᠪᠥᠲᠥᠭᠡᠨ ᠪᠠᠢᠭᠤᠯᠤᠯᠲᠠ᠎ᠶ᠋ᠢ ᠰᠠᠢᠲᠤᠷ ᠬᠢᠵᠦ᠍᠂ ᠪᠥᠬᠥ᠌ ᠣᠷᠣᠨ᠎ᠳᠤ ᠬᠠᠭᠤᠯᠪᠤᠷᠢᠯᠠᠵᠤ ᠳᠡᠯᠭᠡᠷᠡᠭᠦᠯᠵᠦ᠍ ᠪᠣᠯᠬᠤ ᠲᠤᠷᠱᠢᠯᠭ᠎ᠠ ᠬᠠᠩᠭᠠᠵᠤ᠂ ᠬᠣᠲᠠ᠎ᠶ᠋ᠢ ᠣᠷᠣᠱᠢᠨ ᠠᠮᠢᠳᠤᠷᠠᠬᠤ᠎ᠳᠤ ᠨᠠᠩ ᠲᠣᠬᠢᠷᠠᠮᠵᠢᠲᠠᠶ᠂ ᠤᠶᠠᠨ ᠬᠠᠲᠠᠨ ᠴᠢᠨᠠᠷ ᠲᠠᠢ᠂ ᠤᠶᠤᠨᠴᠢ ᠪᠣᠯᠭᠠᠨ᠎ᠠ》 ᠭᠡᠪᠡ᠃