6 ᠲᠤᠰᠭᠠᠢ ᠠᠰᠢᠭ᠎ᠤᠨ ᠡᠷᠭᠡ ᠲᠡᠢ ᠶᠠᠩ ᠰᠤᠷᠳᠠᠯᠲᠦ
2023-01-30 17:13:36
ᠵᠣᠬᠢᠶᠠᠭ᠍ᠴᠢ᠄
ᠡᠷᠳᠡᠨᠢᠴᠢᠮᠡᠭ
ᠣᠩᠱᠢᠭ᠍ᠰᠠᠨ ᠣᠳᠠᠭ᠎ᠠ᠄
★★★☆☆

ᠤᠶᠤᠨᠴᠢ ᠮᠠᠯ ᠤᠰᠤᠯᠠᠬᠤ ᠮᠠᠱᠢᠨ᠂ ᠢᠡᠭ᠌ᠭᠡ ᠰᠠᠭᠠᠬᠤ ᠮᠠᠱᠢᠨ᠂ ᠮᠠᠯ ᠬᠠᠷᠢᠭᠤᠯᠬᠤ ᠠᠯᠤᠰ ᠡᠵᠡᠮᠳᠡᠬᠦᠷ ᠲᠤᠷᠠᠨ᠂ ᠪᠤᠳᠠ ᠮᠠᠯ᠎ᠤᠨ GPS ᠲᠡᠬᠦᠵᠢᠩ᠂ ᠨᠠᠷᠠᠨ᠎ᠤ ᠡᠨᠧᠷᠬᠢ᠎ᠶ᠋ᠢᠨ ᠴᠠᠬᠢᠯᠭᠠᠨ ᠬᠦᠶᠦᠳᠡᠯ ᠲᠤᠬᠢᠷᠠᠭᠤᠯᠬᠤ ᠮᠠᠱᠢᠨ ᠵᠡᠷᠭᠡ ᠭᠤᠪᠢ ᠨᠤᠳᠤᠭ᠎ᠤᠨ ᠤᠨᠴᠠᠯᠢᠭ᠂ ᠮᠠᠯ ᠲᠡᠮᠡᠭᠡᠨ᠎ᠤ ᠪᠡᠶ᠎ᠡ ᠎ᠳᠤ ᠵᠤᠬᠢᠴᠠᠭᠤᠯᠤᠨ ᠱᠢᠨᠡᠴᠢᠯᠡᠵᠤ ᠭᠠᠷᠭᠠᠬ᠍ᠰᠠᠨ ᠤᠯᠠᠨ ᠮᠠᠱᠢᠨ ᠲᠤᠨᠤᠬ᠍ᠯᠠᠯ᠂ ᠤᠢ᠍ᠢᠷ᠎ᠠ᠎ᠶ᠋ᠢᠨ ᠵᠢᠯ᠎ᠳᠤ ᠠᠯᠠᠱᠠ ᠨᠤᠳᠤᠭ᠎ᠤᠨ ᠠᠷᠠᠳ ᠲᠦᠮᠡᠨ᠂ ᠴᠢᠨᠠᠬ᠍ᠰᠢᠯᠠᠭᠠᠳ ᠪᠦᠬᠦ᠌ ᠤᠯᠤᠰ᠎ᠤᠨ ᠬᠡᠪᠴᠢᠶᠠᠨ᠎ᠳᠦ ᠮᠠᠯᠴᠢᠨ ᠲᠠᠷᠢᠶᠠᠴᠢᠨ᠎ᠤ ᠤᠢ᠍ᠢᠯᠡᠳᠪᠦᠷᠢᠯᠡᠯ ᠠᠮᠢᠳᠤᠷᠠᠯ᠎ᠳᠤ ᠲᠦᠭᠦᠮ ᠦᠵᠡᠬᠦᠯᠵᠤ ᠪᠠᠢᠭ᠎ᠠ ᠪᠢᠯᠡ᠃ ᠡᠳᠡᠭᠡᠷ ᠮᠠᠱᠢᠨ ᠲᠤᠨᠤᠬ᠍ᠯᠠᠯ᠎ᠢ ᠵᠤᠬᠢᠶᠠᠬ᠍ᠰᠠᠨ ᠠᠯᠠᠱᠠ ᠠᠢᠮᠠᠭ᠎ᠤᠨ ᠲᠤᠬᠢᠭᠤᠷ ᠲᠤᠯᠤᠭᠠᠨ ᠤᠳᠤ ᠨᠠᠷᠠᠮᠵᠢᠳᠤ ᠮᠠᠯᠵᠢᠯ ᠲᠠᠷᠢᠶᠠᠯᠠᠩ᠎ᠤᠨ ᠺᠤᠮᠫᠠᠨᠢ᠎ᠶ᠋ᠢᠨ ᠶᠠᠩ ᠰᠤᠷᠳᠠᠯᠳᠤ ᠰᠤᠷᠭᠠᠭᠤᠯᠢ ᠰᠤᠶᠤᠯ᠎ᠤᠨ ᠮᠦᠷ ᠬᠦᠭᠡᠭᠡᠭᠰᠡᠨ ᠦᠬᠡᠢ ᠴᠦ᠍ ᠦᠪᠡᠷ᠎ᠤᠨ ᠬᠠᠷ᠎ᠠ ᠪᠤᠷᠤ ᠤᠬᠠᠭᠠᠨ ᠰᠠᠮᠪᠠᠭ᠎ᠠ᠎ᠳᠠᠭᠠᠨ ᠲᠦᠱᠢᠭ᠌ᠯᠡᠨ᠂ ᠤᠳᠤ ᠨᠢᠭᠡᠨᠳᠡ 6 ᠲᠦᠷᠦᠯ᠎ᠤᠨ ᠱᠢᠨ᠎ᠠ ᠡᠭᠦᠳᠦᠨ ᠪᠦᠳᠦᠭᠡᠯᠳᠡ᠎ᠶ᠋ᠢᠨ ᠲᠤᠰᠭᠠᠢ ᠠᠰᠢᠭ᠎ᠤᠨ ᠡᠷᠭᠡ ᠠᠪᠴᠤ᠌᠂ ᠠᠮᠵᠢᠯᠳᠠ ᠪᠦᠲᠦᠭᠡᠯ ᠲᠡᠢ ᠭᠢᠯᠠᠷᠠᠭᠤᠯᠵᠤ ᠶᠠᠪᠤᠨ᠎ᠠ᠃


jie4.png


2002 ᠤᠨ᠎ᠳᠤ᠂ ᠶᠠᠩ ᠰᠤᠷᠳᠠᠯᠳᠤ ᠡᠵᠡᠨ᠎ᠠ ᠬᠤᠱᠢᠭᠤ᠎ᠠᠴᠠ ᠪᠠᠶᠠᠨᠬᠤᠳᠠ ᠬᠦᠷᠬᠦ᠌ ᠵᠠᠰᠠᠮᠠᠯ ᠵᠠᠮ᠎ᠢᠶᠠᠷ ᠦᠡᠭ᠌ᠭᠡᠷᠡᠬᠦ᠌᠎ᠳᠡᠭᠡᠨ ᠬᠦᠯ ᠨᠢ ᠬᠤᠭᠤᠷᠠᠬ᠍ᠰᠠᠨ ᠨᠠᠰᠤᠳᠠᠨ ᠬᠤᠳᠳᠤᠭ ᠬᠢᠬᠡᠳ ᠭᠡᠷ᠎ᠤᠨ ᠵᠢᠡᠨ ᠬᠤᠭᠤᠷᠤᠨᠳᠤ ᠪᠠᠨ ᠮᠦᠯᠬᠦᠨ ᠪᠠᠢᠵᠤ ᠮᠠᠯ ᠬᠤᠨᠢ ᠪᠡᠨ ᠤᠰᠤᠯᠠᠵᠤ ᠪᠠᠢᠭ᠎ᠠ ᠵᠢ ᠤᠯᠵᠤ ᠬᠠᠷᠠᠨ᠂ ᠨᠠᠰᠤᠲᠠᠨ᠎ᠢ ᠦᠷᠦᠪᠳᠦᠨ ᠡᠮᠨᠡᠯᠭᠡ᠎ᠳᠤ ᠬᠦᠷᠭᠡᠬᠦ᠌ ᠵᠠᠭᠤᠷ᠎ᠠ᠂ ᠭᠡᠷ᠎ᠠᠴᠠ᠎ᠪᠠᠨ ᠮᠠᠯ ᠤᠰᠤᠯᠠᠬᠤ ᠮᠠᠱᠢᠨ ᠵᠤᠬᠢᠶᠠᠬᠤ ᠠᠩᠬᠠᠨ᠎ᠤ ᠪᠤᠳᠤᠯ  ᠢᠨᠭᠭᠢᠵᠦ ᠤᠷᠤᠵᠤ ᠭᠡᠨ᠎ᠡ᠃《ᠲᠦᠮᠡᠨ ᠠᠯᠬᠤᠮ᠎ᠤᠨ ᠲᠦᠷᠦᠬᠦᠦ ᠠᠯᠬᠤᠮ ᠨᠢ ᠬᠦᠴᠢᠷ》ᠭᠡᠳᠡᠭ᠌ᠴᠢᠯᠡᠨ᠂ ᠬᠡᠳᠦᠨ ᠵᠢᠯ ᠬᠠᠢᠵᠤ ᠰᠤᠷᠠᠵᠤ᠂ 10 ᠵᠢᠯ᠎ᠤᠨ  ᠲᠠᠷᠠᠭ᠎ᠠ ᠲᠠᠷᠤᠢ 2013 ᠤᠨ᠎ᠳᠤ  ᠶᠠᠩ ᠰᠤᠷᠳᠠᠯᠳᠤ ᠪᠤᠰᠤᠳ᠎ᠲᠠᠢ ᠬᠠᠮᠳᠤᠷᠠᠨ᠂ ᠬᠤᠳᠳᠤᠭ᠎ᠠᠴᠠ ᠤᠰᠤ ᠲᠠᠳᠠᠬᠤ ᠮᠠᠱᠢᠨ᠎ᠤ ᠡᠭᠦᠳᠦᠨ ᠪᠦᠳᠦᠭᠡᠯᠳᠡ᠎ᠪᠠᠨ ᠡᠬᠢᠯᠡᠬᠦᠯᠵᠡᠢ᠃ ᠭᠡᠳᠡᠯ᠎ᠡ ᠡᠭᠦᠳᠦᠨ ᠪᠦᠲᠦᠭᠡᠬᠦ ᠶᠠᠪᠤᠴᠠ᠎ᠳᠦ᠂ ᠤᠰᠤ ᠲᠠᠳᠠᠵᠤ ᠴᠢᠳᠠᠬ᠍ᠰᠠᠨ ᠪᠤᠯᠪᠠᠴᠤ᠌ ᠤᠰᠤ᠎ᠪᠠᠨ ᠪᠤᠴᠠᠭᠠᠨ ᠤᠷᠤᠭᠤᠯᠵᠤ ᠴᠢᠳᠠᠬᠤ ᠦᠬᠡᠢ᠂ ᠮᠠᠱᠢᠨ᠎ᠤ ᠤᠳᠠᠰᠤᠨ᠎ᠳᠤ ᠲᠡᠮᠡᠭᠡ ᠮᠠᠯ᠎ᠤᠨ ᠨᠤᠤᠰᠤ ᠤᠷᠢᠶᠠᠯᠳᠤᠬᠤ ᠵᠡᠷᠭᠡ ᠵᠦᠢᠯ ᠪᠦᠷᠢ᠎ᠶ᠋ᠢᠨ ᠰᠠᠭᠠᠳ ᠤᠴᠠᠷᠠᠵᠤ᠂ 9 ᠤᠳᠠᠭᠠᠨ᠎ᠤ ᠲᠤᠷᠱᠢᠯᠳᠠ᠎ᠶ᠋ᠢ ᠦᠡᠭ᠌ᠭᠡᠷᠡᠬᠡᠳ ᠰᠠᠶᠢ ᠠᠩᠬᠠᠨ᠎ᠤ ᠪᠦᠳᠦᠭᠡᠯ᠎ᠢᠶᠠᠨ ᠵᠠᠬ᠎ᠠ ᠲᠡᠯᠭᠡᠬᠦᠷ᠎ᠲᠤ ᠭᠠᠷᠭᠠᠭᠰᠠᠨ ᠪᠠᠢᠨ᠎ᠠ᠃

ᠬᠦᠴᠢᠷ᠎ᠢ ᠲᠤᠭᠤᠯᠤᠬ᠍ᠰᠠᠨ ᠬᠦᠮᠦᠨ ᠰᠠᠶᠢ ᠠᠮᠢᠳᠤᠷᠠᠯ᠎ᠤᠨ ᠪᠡᠷᠭᠡᠰᠢᠶᠡᠯ᠎ᠢ ᠤᠢ᠍ᠢᠯᠠᠭᠠᠨ᠎ᠠ᠃ ᠡᠭᠦᠳᠡᠨ ᠪᠦᠳᠦᠭᠡᠯᠳᠡ᠎ᠪᠠᠨ ᠡᠬᠢᠯᠡᠭᠦᠯᠦᠭ᠌ᠰᠡᠨ 10 ᠭᠠᠷᠤᠢ ᠵᠢᠯ᠎ᠤᠨ ᠬᠤᠭᠤᠴᠠᠭᠠᠨ᠎ᠳᠤ ᠶᠠᠩ ᠰᠤᠷᠳᠠᠯᠳᠦ᠎ᠳᠦ ᠵᠤᠭᠤᠰ ᠮᠦᠡᠭ᠌ᠬᠦ ᠬᠦᠷᠦᠯᠴᠡᠬᠦ᠌ ᠦᠬᠡᠢ᠂ ᠮᠠᠱᠢᠨ ᠵᠤᠬᠢᠶᠠᠬᠤ ᠦᠪᠡᠷ᠎ᠤᠨ ᠦᠷᠳᠡᠭ ᠦᠨᠳᠦᠷ᠂ ᠱᠢᠨ᠎ᠠ ᠰᠡᠪᠡᠭᠦᠨ ᠮᠡᠳᠡᠯᠭᠡ ᠮᠡᠷᠭᠡᠵᠢᠯ ᠱᠠᠭᠠᠷᠳᠠᠬ᠍ᠳᠠᠬᠤ ᠵᠡᠷᠭᠡ ᠵᠦᠢᠯ ᠪᠦᠷᠢ᠎ᠶ᠋ᠢᠨ ᠲᠠᠪᠠᠭ᠎ᠠ ᠲᠤᠯᠭᠠᠷᠠᠵᠠᠢ᠃ ᠬᠡᠪᠡᠴᠤ  ᠵᠤᠷᠢᠬ᠍ᠰᠠᠨ᠎ᠳᠠᠭᠠᠨ ᠬᠦᠷᠬᠦ᠌᠎ᠪᠠᠷ ᠴᠢᠷᠮᠠᠢᠬ᠍ᠰᠠᠨ ᠲᠡᠷᠡ ᠪᠡᠷ ᠬᠠᠯᠠ ᠵᠤᠪᠠᠯᠠᠩ᠎ᠢ ᠲᠤᠭᠤᠯᠵᠤ᠂ ᠤᠳᠤ ᠪᠤᠯᠬᠤ᠎ᠳᠤ ᠮᠠᠯᠵᠢᠬᠤ ᠲᠠᠷᠢᠶᠠᠯᠠᠬᠤ ᠤᠢ᠍ᠢᠯᠡᠳᠪᠦᠷᠢᠯᠡᠯ᠎ᠳᠤ ᠬᠡᠷᠡᠭ᠌ᠰᠡᠬᠦ᠌ ᠢᠡᠭ᠌ᠭᠡ ᠰᠠᠭᠠᠬᠤ ᠮᠠᠱᠢᠨ᠂ ᠠᠢᠷᠠᠭ ᠪᠦᠯᠢᠬᠦ᠌ ᠮᠠᠱᠢᠨ᠂ ᠴᠠᠭᠠᠨ ᠲᠤᠰᠤ᠎ᠶ᠋ᠢ ᠢᠯᠭᠠᠷᠠᠭᠤᠯᠬᠤ ᠮᠠᠱᠢᠨ᠂ ᠦᠷᠦᠮ᠎ᠠ ᠰᠠᠭᠤᠯᠭᠠᠳᠠᠭ ᠮᠠᠱᠢᠨ᠂ ᠬᠦᠢᠳᠡᠨ᠎ᠢ ᠬᠠᠳᠠᠭᠠᠯᠠᠵᠤ ᠴᠢᠳᠠᠳᠠᠭ ᠰᠠᠭᠠᠯᠢ᠎ᠶ᠋ᠢᠨ ᠰᠠᠭᠤᠯᠠᠭ᠎ᠠ᠂ ᠨᠠᠷᠠᠨ᠎ᠤ ᠡᠨᠧᠷᠬᠢ᠎ᠶ᠋ᠢᠨ ᠴᠠᠬᠢᠯᠭᠠᠨ ᠬᠦᠶᠦᠳᠡᠯ ᠲᠤᠬᠢᠷᠠᠭᠤᠯᠬᠤ ᠮᠠᠱᠢᠨ᠂ ᠭᠤᠪᠢ ᠭᠠᠵᠠᠷ ᠠᠱᠢᠬ᠍ᠯᠠᠬᠤ᠎ᠳᠤ ᠲᠦᠭᠦᠮ ᠲᠡᠮᠡᠭᠡᠨ ᠬᠠᠱᠢᠶ᠎ᠠ᠂ ᠲᠡᠮᠡᠭᠡ ᠨᠤᠤᠰᠤᠯᠠᠬᠤ ᠪᠤᠶᠤ ᠢᠡᠭ᠌ᠭᠡ ᠰᠠᠭᠠᠬᠤ᠎ᠳᠤ ᠬᠡᠷᠡᠭ᠌ᠯᠡᠳᠡᠭ ᠲᠡᠮᠦᠷ ᠬᠤᠷᠢᠭᠤᠯ᠂ ᠪᠤᠳᠠ ᠮᠠᠯ᠎ᠤᠨ GPS ᠲᠡᠭᠦᠵᠢᠩ᠂ ᠬᠤᠨᠢ ᠬᠠᠢᠴᠢᠯᠠᠬᠤ ᠮᠠᠱᠢᠨ᠂ ᠢᠮᠠᠭ᠎ᠠ ᠰᠠᠮᠨᠠᠬᠤ ᠮᠠᠱᠢᠨ᠂ ᠮᠠᠯ ᠬᠠᠷᠢᠭᠤᠯᠬᠤ ᠠᠯᠤᠰ ᠡᠵᠡᠮᠳᠡᠬᠦᠷ ᠲᠤᠷᠠᠨ᠂ ᠮᠤᠩᠭᠤᠯ ᠡᠮ᠎ᠢ ᠦᠷᠢᠯ ᠪᠤᠯᠭᠠᠬᠤ ᠮᠠᠱᠢᠨ᠂ 200  — 300 ᠮᠧᠲᠷ᠎ᠤᠨ ᠬᠦᠨ ᠬᠤᠳᠳᠤᠭ᠎ᠠᠴᠠ ᠤᠰᠤ ᠲᠠᠳᠠᠬᠤ ᠮᠠᠱᠢᠨ ᠵᠡᠷᠭᠡ 10 ᠭᠠᠷᠤᠢ ᠮᠠᠱᠢᠨ ᠲᠤᠨᠤᠭ ᠵᠤᠬᠢᠶᠠᠵᠤ᠂ ᠢᠡᠭ᠌ᠭᠡ ᠰᠠᠭᠠᠬᠤ ᠮᠠᠱᠢᠨ᠂ ᠤᠶᠤᠨᠴᠢ ᠮᠠᠯ ᠤᠰᠤᠯᠠᠬᠤ ᠮᠠᠱᠢᠨ᠂ ᠠᠦ᠋ᠲ᠋ᠤᠴᠢᠯᠠᠬ᠍ᠰᠠᠨ ᠲᠤᠤᠷ᠎ᠤᠨ ᠡᠭᠦᠳᠡ᠂ ᠴᠠᠭᠠᠨ ᠲᠤᠰᠤ ᠢᠯᠭᠠᠷᠠᠭᠤᠯᠬᠤ ᠮᠠᠱᠢᠨ᠂ ᠤᠰᠤᠨ ᠲᠦᠪᠱᠢᠨ᠎ᠢ ᠡᠵᠡᠮᠳᠡᠬᠦ᠌ ᠱᠢᠰᠲᠧᠮ᠂ ᠠᠮᠢᠳᠤ ᠪᠤᠳᠠᠰᠯᠢᠭ ᠲᠦᠯᠡᠰᠢ᠎ᠶ᠋ᠢᠨ ᠮᠦᠬᠦᠯᠢᠭ ᠤᠢ᠍ᠢᠯᠡᠳᠬᠦ᠌ ᠮᠠᠱᠢᠨ ᠵᠡᠷᠭᠡ 6 ᠮᠠᠱᠢᠨ ᠲᠤᠨᠤᠭ᠎ᠨᠢ ᠤᠯᠤᠰ᠎ᠤᠨ ᠲᠤᠰᠭᠠᠢ ᠠᠰᠢᠭ᠎ᠤᠨ ᠡᠷᠭᠡ ᠲᠡᠢ ᠪᠤᠯᠤᠭᠰᠠᠨ ᠪᠠᠢᠨ᠎ᠠ᠃

ᠲᠡᠭᠦᠨ᠎ᠤ ᠪᠦᠲᠦᠭᠡᠭᠰᠡᠨ ᠪᠦᠷᠢᠨ ᠡᠵᠡᠮᠱᠢᠯᠳᠦ ᠤᠶᠤᠨᠴᠢ ᠤᠰᠤ ᠲᠠᠳᠠᠬᠤ ᠮᠠᠱᠢᠨ᠎ᠨᠢ ᠤᠡᠭ᠌ᠭᠤᠴᠠᠨ᠎ᠳᠤ ᠲᠡᠮᠡᠭᠡ ᠮᠠᠯ ᠤᠢ᠍ᠢᠷᠠᠳᠤᠨ ᠢᠷᠡᠪᠡᠯ ᠤᠰᠤ ᠭᠠᠷᠴᠦ᠂ ᠤᠡᠭ᠌ᠭᠤᠴᠠ᠎ᠨᠢ ᠲᠦᠭᠦᠷᠴᠦ᠍ ᠵᠤᠬᠢᠬᠤ ᠬᠡᠮᠵᠢᠶᠠᠨ᠎ᠳᠤ ᠬᠦᠷᠪᠡᠯ ᠤᠰᠤ᠎ᠨᠢ ᠵᠤᠬ᠍ᠰᠤᠴᠢᠬᠠᠳᠠᠭ᠂ ᠬᠤᠳᠳᠤᠭ᠎ᠠᠴᠠ 2.5 ᠮᠧᠲᠷ᠎ᠤᠨ ᠵᠠᠢ᠎ᠳᠦ ᠡᠯᠭᠦᠵᠤ ᠲᠠᠯᠪᠢᠭᠠᠳ ᠠᠱᠢᠬ᠍ᠯᠠᠬᠤ᠎ᠳᠤ ᠶᠡᠮᠡᠷ ᠴᠤ᠌ ᠠᠰᠠᠭᠤᠳᠠᠯ ᠦᠬᠡᠢ ᠪᠦᠭᠡᠳ ᠡᠪᠦᠯ ᠵᠤᠨ ᠬᠠᠮᠢᠭ᠎ᠠ ᠴᠤ᠌ ᠭᠡᠰᠡᠨ ᠭᠠᠷ ᠤᠳᠠᠰᠤ᠎ᠪᠠᠷ᠎ᠢᠶᠡᠨ ᠬᠤᠳᠳᠤᠭ ᠲᠡᠭᠡᠷ᠎ᠠ ᠲᠡᠮᠡᠭᠡ ᠮᠠᠯ ᠢᠷᠡᠵᠤ ᠤᠤᠭᠤᠵᠤ ᠪᠠᠢᠬᠤ᠎ᠶ᠋ᠢ ᠤᠯᠵᠤ ᠬᠠᠷᠠᠵᠤ ᠪᠤᠯᠳᠠᠭ ᠠᠦ᠋ᠲ᠋ᠤ᠋ ᠮᠠᠱᠢᠨ ᠪᠤᠯᠤᠨ᠎ᠠ᠃ ᠮᠦᠨ ᠴᠤ᠌ ᠡᠪᠦᠯ᠎ᠤᠨ ᠴᠠᠭ᠎ᠲᠤ ᠤᠡᠭ᠌ᠭᠤᠴᠠᠨ᠎ᠳᠤ ᠦᠯᠡᠳᠡᠭ᠌ᠰᠡᠨ ᠤᠰᠤ᠎ᠶ᠋ᠢ ᠦᠪᠡᠷ᠎ᠲᠡᠭᠡᠨ ᠬᠤᠳᠳᠤᠭ᠎ᠲᠤ ᠰᠤᠷᠤᠨ ᠪᠤᠴᠠᠭᠠᠳᠠᠭ ᠴᠢᠳᠡᠮᠵᠢ᠎ᠲᠠᠢ᠃ ᠠᠦ᠋ᠲ᠋ᠤᠴᠢᠯᠠᠬ᠍ᠰᠠᠨ ᠲᠤᠤᠷ᠎ᠤᠨ ᠡᠭᠦᠳᠡ᠎ᠨᠢ ᠮᠠᠱᠢᠨ ᠲᠡᠷᠭᠡ᠂ ᠮᠤᠲ᠋ᠤᠷ ᠵᠡᠷᠭᠡ ᠮᠠᠱᠢᠨ ᠤᠨᠤᠭ᠎ᠠ ᠬᠦᠷᠴᠦ᠍ ᠢᠷᠡᠪᠡᠯ ᠢᠯᠭᠠᠨ ᠲᠠᠨᠢᠬᠤ ᠴᠢᠳᠠᠪᠤᠷᠢ᠎ᠪᠠᠷ ᠦᠪᠡᠷ᠎ᠢᠶᠡᠨ ᠨᠡᠭᠡᠭᠡᠭ᠌ᠳᠡᠨ ᠬᠠᠭᠠᠬ᠍ᠳᠠᠵᠤ᠂ ᠮᠠᠯ ᠠᠮᠢᠳᠠᠨ ᠪᠤᠶᠤ ᠶᠠᠪᠠᠭᠠᠨ ᠬᠦᠮᠦᠨ ᠢᠷᠡᠪᠡᠯ ᠬᠠᠷᠢᠨ ᠲᠠᠷᠤᠭᠤᠯ᠎ᠢᠶᠠᠷ ᠨᠡᠭᠡᠭᠡᠳᠡᠭ ᠡᠭᠦᠳᠡ ᠪᠤᠯᠤᠨ᠎ᠠ᠃ ᠴᠠᠭᠠᠨ ᠲᠤᠰᠤ ᠢᠯᠭᠠᠷᠠᠭᠤᠯᠬᠤ ᠮᠠᠱᠢᠨ᠎ᠨᠢ ᠮᠠᠯᠴᠢᠳ᠎ᠤᠨ ᠭᠠᠷ᠎ᠢᠶᠠᠷ᠎ᠢᠶᠠᠨ ᠪᠦᠯᠢᠵᠤ ᠪᠠᠢᠬᠤ᠎ᠲᠠᠢ ᠠᠳᠠᠯᠢᠬᠠᠨ ᠠᠯᠭᠤᠷ ᠮᠦᠷᠳᠡᠭᠡᠨ ᠴᠠᠭ᠎ᠨᠢ ᠤᠷᠳᠤ ᠪᠠᠢᠳᠠᠭ ᠪᠤᠯᠬᠤᠷ ᠪᠦᠯᠢᠵᠤ ᠭᠠᠷᠭᠠᠬ᠍ᠰᠠᠨ ᠲᠤᠰᠤᠨ᠎ᠤ ᠲᠤᠳᠤᠷᠠᠬᠢ ᠡᠯᠧᠮᠧᠨ᠋ᠲ᠎ᠨᠢ ᠬᠤᠪᠢᠷᠠᠯᠳᠠ ᠦᠬᠡᠢ ᠪᠠᠢᠳᠠᠭ ᠪᠠᠢᠨ᠎ᠠ᠃ ᠠᠮᠢᠳᠤ ᠪᠤᠳᠠᠰᠯᠢᠭ ᠲᠦᠯᠡᠰᠢ᠎ᠶ᠋ᠢᠨ ᠮᠦᠬᠦᠯᠢᠭ ᠤᠢ᠍ᠢᠯᠡᠳᠬᠦ᠌ ᠮᠠᠱᠢᠨ᠎ᠨᠢ ᠲᠡᠮᠡᠭᠡᠨ ᠬᠤᠷᠭᠤᠯ᠂ ᠦᠭᠡᠷ᠎ᠤᠨ ᠠᠷᠭᠠᠯ᠂ ᠪᠤᠭ ᠮᠠᠯ᠎ᠤᠨ ᠬᠤᠷᠭᠤᠯ᠂ ᠲᠦᠯᠡᠭᠡ ᠮᠤᠳᠤ᠂ ᠲᠠᠷᠢᠶᠠᠨ᠎ᠤ ᠬᠠᠶᠠᠬ᠍ᠳᠠᠮᠠᠯ ᠡᠪᠡᠰᠦ ᠪᠤᠶᠤ ᠮᠤᠳᠤ ᠮᠦᠴᠢᠷ᠎ᠢ ᠲᠠᠬᠢᠨᠳᠡ ᠠᠱᠢᠬ᠍ᠯᠠᠯᠳᠠ᠎ᠳᠤ ᠤᠷᠤᠭᠤᠯᠵᠤ᠂  ᠡᠳ᠋ᠰᠢᠬᠥᠯᠵᠥ ᠪᠤᠯᠪᠠᠰᠤᠷᠠᠭᠤᠯᠬᠤ ᠪᠡᠷ  ᠲᠠᠮᠵᠢᠨ ᠱᠢᠨ᠎ᠠ ᠲᠦᠯᠡᠰᠢ᠎ᠶ᠋ᠢᠨ ᠮᠦᠬᠦᠯᠢᠭ ᠪᠤᠯᠭᠠᠨ ᠤᠢ᠍ᠢᠯᠡᠳᠪᠦᠷᠢᠯᠡᠳᠡᠭ ᠮᠠᠱᠢᠨ ᠪᠤᠯᠤᠨ᠎ᠠ᠂ ᠲᠤᠰ ᠲᠦᠯᠡᠰᠢ᠎ᠨᠢ ᠪᠠᠢᠭᠠᠯᠢᠯᠢᠭ ᠲᠦᠯᠡᠰᠢ᠎ᠳᠤ ᠬᠠᠷᠢᠶᠠᠯᠠᠬ᠍ᠳᠠᠨ᠂ ᠬᠦᠬᠦᠷ ᠠᠭᠤᠯᠤᠬ᠍ᠳᠠᠬᠤ ᠦᠬᠡᠢ᠂ ᠨᠡᠭᠦᠷᠡᠰᠦᠳᠦᠢ᠍ᠷᠦᠭ᠌ᠴᠢ᠎ᠶ᠋ᠢᠨ ᠲᠠᠪᠬᠤᠷ ᠢᠰᠦᠯ᠎ᠢ ᠡᠬᠦᠰᠭᠡᠬᠦ᠌ ᠦᠬᠡᠢ ᠪᠤᠯᠬᠤᠷ ᠤᠷᠴᠢᠨ ᠲᠤᠭᠤᠷᠢᠨ᠎ᠤ ᠪᠤᠬᠢᠷᠳᠤᠯ᠎ᠢ ᠪᠠᠭᠠᠰᠭᠠᠵᠤ ᠴᠢᠳᠠᠳᠠᠭ᠃

ᠡᠭᠦᠳᠦᠨ ᠪᠦᠲᠦᠭᠡᠭᠰᠡᠨ ᠮᠠᠱᠢᠨ ᠲᠤᠨᠤᠭ᠎ᠢᠶᠠᠨ ᠬᠢᠮᠳᠡ ᠦᠨ᠎ᠠ᠎ᠪᠠᠷ ᠮᠠᠯᠴᠢᠳ᠎ᠲᠤ ᠬᠠᠨᠭ᠌ᠭᠠᠬᠤ ᠵᠤᠷᠢᠯᠭ᠎ᠠ᠎ᠠᠴᠠ ᠶᠠᠩ ᠰᠤᠷᠳᠠᠯᠲᠦ ᠵᠠᠰᠠᠭ᠎ᠤᠨ ᠤᠷᠳᠤᠨ᠎ᠤ ᠲᠡᠮᠵᠢᠯᠭᠡ ᠭᠤᠶᠤᠴᠢᠯᠠᠵᠤ ᠪᠠᠢᠭᠠᠳ᠂ ᠦᠪᠡᠷᠳᠡᠭᠡᠨ ᠵᠠᠰᠠᠬᠤ ᠤᠷᠤᠨ᠎ᠤ ᠲᠠᠷᠢᠶᠠᠯᠠᠩ ᠮᠠᠯᠵᠢᠯ᠎ᠤᠨ ᠮᠠᠱᠢᠨᠴᠢᠯᠠᠯ᠎ᠤᠨ ᠨᠦᠬᠦᠪᠦᠷᠢ᠎ᠶ᠋ᠢ ᠬᠦᠷᠳᠡᠵᠤ᠂ ᠲᠡᠬᠦᠨ᠎ᠠᠴᠠ ᠮᠠᠱᠢᠨ ᠲᠤᠨᠤᠭ ᠬᠤᠳᠠᠯᠳᠤᠵᠤ ᠠᠪᠬᠤ ᠮᠠᠯᠴᠢᠳ ᠲᠤᠬᠠᠢ᠎ᠶ᠋ᠢᠨ ᠭᠠᠵᠠᠷ᠎ᠤᠨ ᠵᠠᠰᠠᠭ᠎ᠤᠨ ᠤᠷᠳᠤᠨ᠎ᠠᠴᠠ ᠬᠠᠷᠢᠴᠠᠩᠭᠤᠢ ᠨᠦᠬᠦᠪᠦᠷᠢ ᠬᠦᠷᠳᠡᠬᠦ᠌ ᠪᠤᠯᠭᠠᠵᠡᠢ᠃《ᠨᠦᠬᠦᠪᠦᠷᠢ ᠮᠦᠡᠭ᠌ᠬᠦ ᠭᠤᠶᠤᠴᠢᠯᠠᠬᠤ ᠰᠠᠨᠠᠭ᠎ᠠ᠎ᠲᠠᠢ ᠮᠠᠯᠴᠢᠳ ᠪᠠᠶ᠎ᠠ᠎ᠶ᠋ᠢᠨ ᠦᠨᠡᠮᠯᠡᠯ᠂ ᠡᠷᠦᠬᠡ ᠠᠮᠠ᠎ᠶ᠋ᠢᠨ ᠲᠠᠪᠳᠡᠷ᠂ ᠪᠠᠯᠴᠢᠭᠡᠷ᠎ᠤᠨ ᠦᠨᠡᠮᠯᠡᠯ᠂ ᠪᠦᠷᠢᠨ ᠴᠢᠳᠠᠮᠵᠢᠳᠦ ᠺᠠᠷᠲ ᠵᠡᠷᠭᠡ ᠭᠡᠷᠡᠴᠢ ᠪᠠᠷᠢᠮᠳᠡ᠎ᠶ᠋ᠢᠨ ᠲᠠᠷᠤᠮᠠᠯ ᠬᠠᠭᠤᠳᠠᠰᠤ ᠪᠠ ᠬᠤᠳᠠᠯᠳᠤᠨ ᠠᠪᠤᠬ᠍ᠴᠢ ᠠᠪᠤᠬ᠍ᠰᠠᠨ ᠮᠠᠱᠢᠨ᠎ᠤ ᠬᠠᠵᠠᠭᠤ᠎ᠳᠤ ᠵᠤᠬ᠍ᠰᠤᠭᠠᠳ ᠲᠠᠳᠠᠬ᠍ᠰᠠᠨ ᠰᠡᠭᠦᠳᠡᠷ᠂ ᠮᠠᠱᠢᠨ᠎ᠤ ᠢᠳᠡᠭᠡᠮᠵᠢ᠎ᠶ᠋ᠢᠨ ᠪᠠᠷᠢᠮᠳᠡ᠂ ᠠᠮᠠᠯᠠᠯᠳᠠ ᠵᠢᠨ ᠭᠠᠷ ᠬᠦᠢᠴᠡᠳᠭᠡᠯ ᠵᠡᠷᠭᠡ᠎ᠪᠠᠨ ᠠᠪᠤᠭᠠᠳ ᠲᠤᠬᠠᠢ᠎ᠶ᠋ᠢᠨ ᠭᠠᠵᠠᠷ ᠤᠷᠤᠨ᠂ ᠲᠠᠷᠤᠢ ᠡᠷᠦᠬᠡ ᠠᠮᠠ᠎ᠶ᠋ᠢᠨ ᠲᠠᠩᠰᠠ᠎ᠨᠢ ᠠᠯᠠᠱᠠ ᠵᠡᠬᠦᠨ ᠬᠤᠱᠢᠭᠤᠨ᠎ᠳᠤ ᠬᠠᠷᠢᠶᠠᠯᠠᠬ᠍ᠳᠠᠬᠤ ᠶᠤᠮ ᠪᠤᠯ ᠠᠯᠠᠱᠠ ᠵᠡᠬᠦᠨ ᠬᠤᠱᠢᠭᠤᠨ᠎ᠤ ᠲᠠᠷᠢᠶᠠᠯᠠᠩ ᠮᠠᠯ ᠠᠵᠤ ᠠᠬᠤᠢ᠎ᠶ᠋ᠢᠨ ᠲᠤᠪᠴᠢᠶᠠᠨ᠎ᠳᠤ ᠬᠦᠷᠭᠡᠪᠡᠯ᠂ ᠬᠠᠷᠢᠴᠠᠩᠭᠤᠢ ᠨᠦᠭᠦᠪᠦᠷᠢ᠎ᠪᠠᠨ ᠠᠪᠴᠦ ᠪᠤᠯᠤᠨ᠎ᠠ》 ᠭᠡᠵᠤ ᠶᠠᠩ ᠰᠤᠷᠳᠠᠯᠳᠤ ᠲᠠᠨᠢᠯᠴᠠᠭᠤᠯᠤᠨ᠎ᠠ᠃

ᠶᠠᠩ ᠰᠤᠷᠳᠠᠯᠳᠤ᠎ᠶ᠋ᠢᠨ ᠡᠭᠦᠳᠦᠨ ᠪᠦᠳᠦᠭᠡᠭ᠌ᠰᠡᠨ ᠡᠯ᠎ᠠ ᠵᠦᠢᠯ᠎ᠤᠨ ᠮᠠᠱᠢᠨ ᠲᠤᠨᠤᠭ᠎ᠤᠨ ᠪᠤᠷᠤᠯᠠᠭᠤᠯᠭ᠎ᠠ ᠵᠢᠯ᠎ᠠᠴᠠ ᠵᠢᠯ ᠰᠠᠢᠵᠢᠷᠠᠵᠤ᠂ ᠠᠱᠢᠭ ᠬᠦᠷᠳᠡᠬᠦ᠌ ᠡᠳᠡᠭᠡᠳ ᠴᠤ᠌ ᠲᠠᠰᠤᠷᠠᠯᠳᠠ ᠦᠬᠡᠢ ᠦᠷᠭᠡᠳᠭᠡᠵᠤ᠂ ᠠᠯᠠᠱᠠ ᠠᠢᠮᠠᠭ᠎ᠠᠴᠠ ᠭᠠᠳᠠᠨ᠎ᠠ᠂ ᠤᠷᠳᠤᠰ᠂ ᠪᠠᠶᠠᠨᠨᠠᠭᠤᠷ᠂ ᠨᠢᠩᠱᠢᠶᠠ ᠵᠡᠷᠭᠡ ᠭᠠᠵᠠᠷ ᠤᠷᠤᠨ᠎ᠢᠶᠠᠷ ᠦᠷᠭᠡᠨ ᠪᠤᠷᠤᠯᠠᠭᠤᠯᠤᠬ᠍ᠳᠠᠵᠤ᠂ ᠠᠦ᠋ᠲ᠋ᠤᠴᠢᠯᠠᠬ᠍ᠰᠠᠨ ᠲᠤᠤᠷ᠎ᠤᠨ ᠡᠭᠦᠳᠡ᠎ᠨᠢ ᠤᠷᠳᠤᠰ ᠬᠤᠳᠠ᠎ᠳᠤ 3 ᠤᠷᠤᠯᠠᠨ ᠪᠤᠷᠤᠯᠠᠭᠤᠯᠬᠤ ᠭᠠᠵᠠᠷ᠎ᠲᠠᠢ ᠪᠤᠯᠵᠤ᠂ ᠬᠦᠳᠡᠭᠡ ᠲᠤᠰᠭᠤᠨ ᠮᠠᠯᠵᠢᠬᠤ ᠤᠷᠤᠨ᠎ᠳᠤ ᠪᠠᠢᠭ᠎ᠠ ᠲᠡᠮᠡᠭᠡᠨ ᠬᠤᠷᠭᠤᠯ᠂ ᠦᠭᠡᠷ᠎ᠤᠨ ᠠᠷᠭᠠᠯ᠂ ᠪᠤᠭ ᠮᠠᠯ᠎ᠤᠨ ᠬᠤᠷᠭᠤᠯ᠂ ᠲᠦᠯᠡᠭᠡ ᠮᠤᠳᠤ᠂ ᠲᠠᠷᠢᠶᠠᠨ᠎ᠤ ᠬᠠᠶᠠᠬ᠍ᠳᠠᠮᠠᠯ ᠡᠪᠡᠰᠦ ᠪᠤᠶᠤ ᠮᠤᠳᠤ ᠮᠦᠴᠢᠷ᠎ᠢ ᠲᠠᠬᠢᠨᠳᠡ ᠠᠱᠢᠬ᠍ᠯᠠᠯᠳᠠ᠎ᠳᠤ ᠤᠷᠤᠭᠤᠯᠵᠤ᠂ ᠡᠳ᠋ᠰᠢᠬᠥᠯᠵᠥ ᠪᠤᠯᠪᠠᠰᠤᠷᠠᠭᠤᠯᠬᠤ ᠪᠡᠷ ᠲᠠᠮᠵᠢᠨ ᠤᠢ᠍ᠢᠯᠡᠳᠪᠦᠷᠢᠯᠡᠭ᠌ᠰᠡᠨ ᠱᠢᠨ᠎ᠠ ᠲᠦᠯᠡᠰᠢ᠎ᠶ᠋ᠢᠨ ᠮᠦᠬᠦᠯᠢᠭ᠎ᠢ ᠲᠦᠯᠡᠵᠤ ᠪᠤᠯᠳᠠᠭ ᠱᠢᠨ᠎ᠠ ᠡᠨᠧᠷᠬᠢ᠎ᠶ᠋ᠢᠨ ᠲᠦᠯᠡᠱᠢᠨ ᠵᠤᠤᠬ᠎ᠠ᠎ᠶ᠋ᠢᠨ ᠬᠡᠷᠡᠭ᠌ᠯᠡᠭ᠌ᠴᠢᠳ(ᠤᠷᠤᠨ ᠨᠤᠳᠤᠭ᠎ᠤᠨ ᠵᠠᠰᠠᠭ᠎ᠤᠨ ᠤᠷᠳᠤᠨ) ᠮᠢᠩᠭ᠎ᠠ ᠮᠢᠩᠭ᠎ᠠ᠎ᠪᠠᠷ ᠵᠠᠬᠢᠶᠠᠯᠠᠨ᠂ ᠤᠷᠴᠢᠮᠬᠠᠨ ᠨᠢᠩᠱᠢᠶᠠ ᠡᠴᠡ1000 ᠰᠠᠤᠷᠢ ᠵᠠᠬᠢᠶᠠᠯᠠᠭ᠎ᠠ ᠢᠷᠡᠵᠤ᠂ ᠤᠢ᠍ᠢᠯᠡᠳᠪᠦᠷᠢ᠎ᠳᠤ ᠵᠠᠬᠢᠶᠠᠯᠠᠭ᠎ᠠ᠎ᠪᠠᠨ ᠲᠤᠱᠢᠶᠠᠬ᠍ᠰᠠᠨ ᠪᠠᠢᠨ᠎ᠠ᠃ ᠶᠠᠩ ᠰᠤᠷᠳᠠᠯᠳᠤ᠎ᠶ᠋ᠢᠨ ᠬᠤᠪᠢ᠎ᠳᠤ᠂ ᠤᠷᠴᠢᠮ ᠲᠡᠷᠡ ᠪᠡᠷ ᠠᠭᠤᠷ ᠠᠮᠢᠰᠬᠤᠯ ᠬᠦᠢᠲᠡᠨ ᠪᠤᠯᠵᠤ ᠬᠦᠨ ᠬᠤᠳᠳᠤᠭ᠎ᠠᠴᠠ ᠤᠰᠤ ᠲᠠᠳᠠᠬᠤ ᠮᠠᠱᠢᠨ᠎ᠢ ᠤᠬ᠍ᠰᠠᠷᠠᠬᠤ ᠮᠠᠯᠴᠢᠳ ᠤᠯᠠᠱᠢᠷᠠᠬ᠍ᠰᠡᠨ᠎ᠢᠶᠠᠷ ᠦᠪᠡᠷ᠎ᠢᠶᠠᠨ ᠬᠦᠳᠡᠭᠡ ᠪᠠᠭᠤᠵᠤ ᠤᠰᠤ ᠲᠠᠳᠠᠬᠤ ᠮᠠᠱᠢᠨ ᠤᠬ᠍ᠰᠠᠷᠠᠭᠠᠳ ᠶᠠᠭᠠᠷᠠᠵᠤ ᠪᠠᠢᠯ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号