ᠮᠠᠨ᠎ᠤ ᠤᠷᠤᠨ ᠳ᠋ᠤ ᠤᠯᠤᠰ ᠤ᠋ᠨ ᠲᠠᠰ ᠤ᠋ᠨ ᠨᠤᠭᠤ ᠭᠠᠵᠠᠷ ᠤ᠋ᠨ ᠴᠡᠴᠡᠷᠯᠢᠭ 2 ᠨᠡᠮᠡᠭᠳᠡᠵᠡᠢ
2023-01-30 19:19:17
ᠵᠣᠬᠢᠶᠠᠭ᠍ᠴᠢ᠄
​ᠨᠠᠮᠤᠭ
ᠣᠩᠱᠢᠭ᠍ᠰᠠᠨ ᠣᠳᠠᠭ᠎ᠠ᠄
★★★☆☆

ᠣᠢᠷ᠎ᠠ ᠳ᠋ᠤ ᠂ ᠤᠯᠤᠰ ᠤ᠋ᠨ ᠣᠶ ᠰᠢᠭᠤᠢ  ᠪᠠ  ᠨᠤᠲᠤᠭ  ᠪᠡᠯᠴᠢᠭᠡᠷ᠎ᠦᠨ ᠲᠣᠪᠴᠢᠶ᠎ᠠ ᠡᠴᠡ 2022 ᠣᠨ ᠤ᠋ ᠤᠯᠤᠰ ᠤ᠋ᠨ ᠲᠠᠰ ᠤ᠋ᠨ ᠪᠠᠢᠭᠠᠯᠢ ᠵᠢᠨ ᠴᠡᠴᠡᠷᠯᠢᠭ᠎ᠦᠨ ᠰᠢᠯᠭᠠᠷᠠᠭᠤᠯᠤᠯᠲᠠ ᠵᠢᠨ ᠦᠷ᠎ᠡ ᠳ᠋ᠦᠩ ᠢ᠋  ᠨᠡᠢᠲᠡᠯᠡᠪᠡ᠃ ᠮᠠᠨ ᠤ᠋ ᠣᠷᠣᠨ ᠤ᠋ ᠠ ᠯᠦᠡᠭ ᠱᠠᠨ ᠠᠭᠤᠯᠠ ᠵᠢᠨ ᠣᠯᠭᠣᠶᠠ ᠵᠢᠨ ᠨᠤᠭᠤ ᠭᠠᠵᠠᠷ ᠤ᠋ᠨ ᠴᠡᠴᠡᠷᠯᠢᠭ ᠪᠠ ᠱᠠᠨᠭᠳᠤ ᠰᠢᠶᠠᠨ᠎ᠳᠡᠬᠢ ᠴᠠᠭᠠᠠᠨᠠᠭᠤᠷ ᠤ᠋ᠨ ᠥᠪᠡᠷᠲᠡᠭᠡᠨ ᠵᠠᠰᠠᠬᠤ ᠣᠷᠣᠨ ᠤ᠋ ᠨᠤᠭᠤ ᠭᠠᠵᠠᠷ ᠤ᠋ᠨ ᠴᠡᠴᠡᠷᠯᠢᠭ  ᠰᠤᠩᠭᠤᠭᠳᠠᠪᠠ᠃

ᠠ ᠯᠦᠡᠭ ᠱᠠᠨ ᠠᠭᠤᠯᠠ ᠵᠢᠨ ᠣᠯᠭᠣᠶᠠ ᠵᠢᠨ ᠨᠤᠭᠤ ᠭᠠᠵᠠᠷ ᠤ᠋ᠨ ᠴᠡᠴᠡᠷᠯᠢᠭ᠎ᠦᠨ ᠪᠦᠲᠦᠭᠡᠨ ᠪᠠᠢᠭᠤᠯᠤᠯᠲᠠ ᠵᠢᠨ ᠲᠥᠷᠥᠯ ᠵᠦᠢᠯ ᠢ᠋ 2028 ᠣᠨ ᠳ᠋ᠤ ᠪᠦᠲᠦᠭᠡᠨ ᠪᠠᠢᠭᠤᠯᠵᠦ ᠲᠠᠭᠤᠰᠬᠠᠬᠤ ᠪᠠᠷ ᠲᠥᠯᠥᠪᠯᠡᠵᠦ ᠪᠤᠢ ᠂ ᠨᠤᠭᠤ ᠭᠠᠵᠠᠷ ᠤ᠋ᠨ ᠲᠥᠯᠥᠪᠵᠢᠭᠦᠯᠦᠭᠰᠡᠨ ᠲᠠᠯᠠᠪᠠᠶ 24343.21ᠾᠧᠺᠲ᠋ᠠᠷ ᠂ ᠠᠮᠢ ᠠᠬᠤᠢ ᠵᠢᠨ ᠬᠠᠮᠠᠭᠠᠯᠠᠯᠲᠠ ᠵᠢᠨ ᠣᠷᠣᠨ ᠪᠠ ᠵᠦᠢ ᠵᠣᠬᠢᠰᠲᠠᠢ ᠠᠰᠢᠭ᠍ᠯᠠᠯᠲᠠ ᠵᠢᠨ ᠣᠷᠣᠨ ᠭᠡᠵᠦ ᠬᠤᠪᠢᠶᠠᠨ᠎ᠠ᠃ ᠠᠮᠢ ᠠᠬᠤᠢ ᠵᠢᠨ ᠬᠠᠮᠠᠭᠠᠯᠠᠯᠲᠠ ᠵᠢᠨ ᠣᠷᠣᠨ ᠳ᠋ᠤ ᠭᠣᠣᠯᠳᠠᠭᠤ ᠬᠠᠮᠠᠭᠠᠯᠠᠬᠤ ᠂ ᠬᠢᠨᠠᠨ ᠬᠡᠮᠵᠢᠬᠦ ᠶ᠋ᠢ ᠥᠷᠨᠢᠭᠦᠯᠵᠦ᠂ ᠵᠦᠢ ᠵᠣᠬᠢᠰᠲᠠᠢ ᠠᠰᠢᠭ᠍ᠯᠠᠬᠤ ᠣᠷᠣᠨ ᠳ᠋ᠤ ᠭᠣᠣᠯᠳᠠᠭᠤ ᠰᠢᠨᠵᠢᠯᠡᠬᠦ ᠤᠬᠠᠭᠠᠨ ᠢ᠋ ᠲᠦᠭᠡᠮᠡᠯᠵᠢᠭᠦᠯᠬᠦ ᠤᠬᠠᠭᠤᠯᠭ᠎ᠠ ᠬᠥᠮᠦᠵᠢᠯ᠂ ᠬᠡᠭᠡᠷ᠎ᠡ ᠵᠢᠨ ᠠᠮᠢᠲᠠᠨ ᠢ᠋ ᠠᠵᠢᠭ᠍ᠯᠠᠨ ᠰᠢᠨᠵᠢᠵᠦ ᠠᠪᠤᠷᠠᠨ ᠬᠠᠮᠠᠭᠠᠯᠠᠬᠤ ᠶ᠋ᠢ ᠥᠷᠨᠢᠭᠦᠯᠦᠨ᠎ᠡ᠃ ᠱᠠᠩᠳᠤ ᠰᠢᠶᠠᠨ᠎ᠳᠡᠬᠢ ᠴᠠᠭᠠᠨᠨᠠᠭᠤᠷ ᠤ᠋ᠨ ᠥᠪᠡᠷᠲᠡᠭᠡᠨ ᠵᠠᠰᠠᠬᠤ ᠣᠷᠣᠨ ᠤ᠋ ᠨᠤᠭᠤ ᠭᠠᠵᠠᠷ ᠤ᠋ᠨ ᠴᠡᠴᠡᠷᠯᠢᠭ᠎ᠦᠨ ᠶᠡᠷᠦᠩᠬᠡᠢ ᠲᠠᠯᠠᠪᠠᠶ ᠨᠢ 3536.52 ᠾᠧᠺᠲ᠋ᠠᠷ᠂ ᠪᠦᠲᠦᠭᠡᠨ ᠪᠠᠢᠭᠤᠯᠤᠯᠲᠠ ᠵᠢᠨ ᠲᠥᠷᠥᠯ ᠵᠦᠢᠯ ᠢ᠋ ᠬᠡᠷᠡᠭᠵᠢᠭᠦᠯᠬᠦ ᠬᠤᠭᠤᠴᠠᠭ᠎ᠠ ᠨᠢ 2021ᠣᠨ ᠤ᠋ 9 ᠰᠠᠷ᠎ᠠ ᠠ᠋ᠴᠠ 2023 ᠣᠨ ᠤ᠋ 8 ᠰᠠᠷ᠎ᠠ ᠪᠠᠢᠵᠤ᠂ ᠭᠣᠣᠯᠳᠠᠭᠤ ᠨᠤᠭᠤ ᠭᠠᠵᠠᠷ ᠢ᠋ ᠬᠠᠮᠠᠭᠠᠯᠠᠬᠤ ᠪᠠ ᠰᠡᠷᠭᠦᠭᠡᠬᠦ ᠂ ᠰᠢᠨᠵᠢᠯᠡᠬᠦ ᠤᠬᠠᠭᠠᠨ ᠢ᠋ ᠲᠦᠭᠡᠮᠡᠯᠵᠢᠭᠦᠯᠬᠦ ᠤᠬᠠᠭᠤᠯᠭ᠎ᠠ ᠬᠥᠮᠦᠵᠢᠯ ᠂ ᠰᠢᠨᠵᠢᠯᠡᠬᠦ ᠤᠬᠠᠭᠠᠨ ᠤ᠋ ᠰᠤᠳᠤᠯᠭᠠᠨ᠎ᠤ ᠬᠢᠨᠠᠨ ᠬᠡᠮᠵᠢᠯᠲᠡ᠂ ᠭᠠᠮᠰᠢᠭ᠋ ᠢ᠋ ᠰᠡᠷᠭᠡᠢᠯᠡᠬᠦ ᠪᠠ ᠰᠠᠭᠤᠷᠢ ᠲᠦᠬᠦᠭᠡᠷᠦᠮᠵᠢ ᠵᠢᠨ ᠪᠦᠲᠦᠭᠡᠨ ᠪᠠᠢᠭᠤᠯᠤᠯᠲᠠ ᠵᠡᠷᠭᠡ 5 ᠵᠦᠢᠯ᠎ᠦᠨ ᠭᠣᠣᠯᠳᠠᠯᠭ᠎ᠠ᠎ᠲᠠᠢ ᠢᠨᠵᠧᠨᠧᠷᠢᠩ ᠢ᠋ ᠪᠠᠭᠲᠠᠭᠠᠵᠤ ᠂ ᠣᠳᠣᠬᠠᠨ ᠳ᠋ᠤ ᠨᠤᠭᠤ ᠭᠠᠵᠠᠷ ᠤ᠋ᠨ ᠴᠡᠴᠡᠷᠯᠢᠭ᠎ᠦᠨ ᠭᠣᠣᠯ ᠴᠣᠭᠴᠠ ᠵᠢᠨ ᠪᠦᠲᠦᠭᠡᠨ ᠪᠠᠢᠭᠤᠯᠤᠯᠲᠠ ᠶ᠋ᠢ ᠨᠢᠭᠡᠨᠲᠡ ᠳᠠᠭᠤᠰᠬᠠᠪᠠ᠃ ᠥᠪᠡᠷᠲᠡᠭᠡᠨ ᠵᠠᠰᠠᠬᠤ ᠣᠷᠣᠨ ᠤ᠋ ᠣᠶ ᠰᠢᠭᠤᠢ ᠪᠠ ᠨᠤᠲᠤᠭ ᠪᠡᠯᠴᠢᠭᠡᠷ᠎ᠦᠨ ᠲᠣᠪᠴᠢᠶ᠎ᠠ ᠠ᠋ᠴᠠ ᠤᠯᠤᠰ ᠤ᠋ᠨ 2 ᠪᠠᠢᠭᠠᠯᠢ ᠵᠢᠨ ᠴᠡᠴᠡᠷᠯᠢᠭ᠎ᠦᠨ ᠪᠦᠲᠦᠭᠡᠨ ᠪᠠᠢᠭᠤᠯᠤᠯᠲᠠ ᠵᠢᠨ ᠵᠢᠯᠣᠭᠣᠳᠤᠯᠭ᠎ᠠ ᠪᠠ ᠬᠢᠨᠠᠯᠲᠠ ᠶ᠋ᠢ ᠦᠨᠡᠨ᠎ᠬᠦ ᠴᠢᠩᠭᠠᠳᠬᠠᠵᠤ ᠂ ᠪᠠᠢᠭᠠᠯᠢ ᠵᠢᠨ ᠴᠡᠴᠡᠷᠯᠢᠭ᠎ᠦᠨ ᠳᠣᠲᠣᠷᠠᠬᠢ ᠪᠠᠢᠭᠠᠯᠢ ᠵᠢᠨ ᠡᠬᠢ ᠪᠠᠶᠠᠯᠢᠭ᠋ ᠢ᠋ ᠪᠦᠲᠦᠮᠵᠢᠲᠡᠶ ᠬᠠᠮᠠᠭᠠᠯᠠᠨ᠂ ᠪᠠᠢᠭᠠᠯᠢ ᠵᠢᠨ ᠴᠡᠴᠡᠷᠯᠢᠭ᠎ᠦᠨ ᠬᠠᠮᠢᠶᠠᠷᠤᠯᠲᠠ ᠵᠢᠨ ᠬᠢᠷᠢ ᠬᠡᠮᠵᠢᠶ᠎ᠡ ᠶ᠋ᠢ ᠲᠠᠰᠤᠷᠠᠯᠲᠠ ᠦᠭᠡᠢ  ᠳᠡᠭᠡᠭᠰᠢᠯᠡᠭᠦᠯᠬᠦ  ᠪᠤᠯᠤᠨ᠎ᠠ᠃

ᠥᠪᠡᠷᠲᠡᠭᠡᠨ ᠵᠠᠰᠠᠬᠤ ᠣᠷᠣᠨ ᠤ᠋ ᠭᠤᠷᠪᠠᠳᠤᠭᠠᠷ ᠤᠳᠠᠭᠠᠨ ᠤ᠋ ᠤᠯᠤᠰ ᠤ᠋ᠨ ᠭᠠᠵᠠᠷ ᠰᠢᠷᠤᠢ ᠵᠢᠨ  ᠪᠠᠢᠴᠠᠭᠠᠯᠲᠠ ᠵᠢᠨ ᠲᠣᠭ᠎ᠠ ᠪᠠᠷᠢᠮᠲᠠ ᠳ᠋ᠤ ᠢᠯᠡᠷᠡᠭᠦᠯᠦᠭᠰᠡᠨ ᠵᠢᠡᠷ ᠂ ᠪᠥᠬᠥ ᠣᠷᠣᠨ ᠤ᠋ ᠨᠤᠭᠤ ᠭᠠᠵᠠᠷ ᠤ᠋ᠨ ᠲᠠᠯᠠᠪᠠᠶ 486.19 ᠲᠦᠮᠡᠨ ᠾᠧᠺᠲ᠋ᠠᠷ ᠪᠤᠢ᠃ ᠣᠲᠣ᠌ ᠪᠣᠯᠲᠠᠯ᠎ᠠ ᠪᠥᠬᠥ ᠣᠷᠣᠨ ᠤ᠋ ᠨᠤᠭᠤ ᠭᠠᠵᠠᠷ ᠵᠢᠡᠷ ᠬᠠᠮᠠᠭᠠᠯᠠᠭᠳᠠᠬᠤ ᠡᠲᠡᠭᠡᠳ ᠵᠢᠡᠨ ᠪᠣᠯᠭᠠᠭᠰᠠᠨ ᠪᠠᠢᠭᠠᠯᠢ ᠵᠢᠨ ᠬᠠᠮᠠᠭᠠᠯᠠᠯᠲᠠ ᠵᠢᠨ ᠣᠷᠣᠨ 83᠂ ᠤᠯᠤᠰ ᠤ᠋ᠨ ᠨᠤᠭᠤ ᠭᠠᠵᠠᠷ ᠤ᠋ᠨ ᠴᠡᠴᠡᠷᠯᠢᠭ 55᠂ ᠥᠪᠡᠷᠲᠡᠭᠡᠨ ᠵᠠᠰᠠᠬᠤ ᠣᠷᠣᠨ ᠤ᠋ ᠨᠤᠭᠤ ᠭᠠᠵᠠᠷ ᠤ᠋ᠨ ᠴᠡᠴᠡᠷᠯᠢᠭ 8᠂ ᠮᠠᠭᠠᠳᠯᠠᠨ ᠲᠣᠭᠲᠠᠭᠠᠭᠰᠠᠨ ᠳᠡᠯᠡᠬᠡᠢ ᠵᠢᠨ ᠴᠢᠬᠤᠯᠠ ᠨᠤᠭᠤ ᠭᠠᠵᠠᠷ 4᠂ ᠥᠪᠡᠷᠲᠡᠭᠡᠨ ᠵᠠᠰᠠᠬᠤ ᠣᠷᠣᠨ ᠤ᠋ ᠴᠢᠬᠤᠯᠠ ᠨᠤᠭᠤ ᠭᠠᠵᠠᠷ 59 ᠪᠠᠢᠵᠤ᠂ ᠵᠥᠪᠰᠢᠶᠡᠷᠡᠭᠦᠯᠬᠦ᠎ᠪᠡᠷ  ᠪᠠᠢᠭ᠎ᠠ  ᠳᠡᠯᠡᠬᠡᠢ  ᠵᠢᠨ ᠨᠤᠭᠤ ᠭᠠᠵᠠᠷ ᠤ᠋ᠨ ᠬᠣᠲᠠ 1 ᠪᠤᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠴᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号