ᠦᠨᠳᠦᠰᠦᠲᠡᠨ᠎ᠦ ᠪᠦᠯᠬᠦᠮᠳᠡᠯ᠎ᠦᠨ ᠴᠡᠴᠡᠭᠡᠰ ᠦᠨᠭᠭᠡ ᠪᠤᠯᠢᠶᠠᠯᠳᠤᠨ ᠳᠡᠯᠭᠡᠷᠡᠭᠰᠡᠨ ᠤᠯᠠᠭᠠᠨᠬᠠᠳᠠ ᠨᠤᠳᠤᠭ
2024-10-20 11:29:59
ᠵᠣᠬᠢᠶᠠᠭ᠍ᠴᠢ᠄
ᠸᠠᠩ ᠲᠠᠨ᠎ᠠ
ᠣᠩᠱᠢᠭ᠍ᠰᠠᠨ ᠣᠳᠠᠭ᠎ᠠ᠄
★★★☆☆

ᠪᠣᠷᠣᠭᠠᠨ᠎ᠤ ᠳᠠᠷᠠᠭ᠎ᠠ ᠨᠠᠷᠠ ᠭᠠᠷᠬᠤ᠎ᠳᠤ ᠵᠢᠵᠢᠭ ᠬᠣᠲᠠ ᠲᠤᠤᠷ᠎ᠠ ᠪᠠᠨ ᠬᠦᠭᠵᠢᠶᠠᠨ ᠨᠠᠷᠭᠢᠶᠠᠨ ᠳᠠᠢ ᠪᠤᠯᠵᠤ᠂ ᠬᠦᠮᠦᠨ ᠤᠯᠠᠨ᠎ᠤ ᠰᠡᠳᠭᠢᠯ ᠵᠢᠷᠦᠬᠡᠨ ᠳ᠋ᠤ ᠬᠦᠷᠦᠭᠰᠡᠨ ᠤᠬᠠᠭᠤᠯᠤᠨ ᠲᠠᠢᠯᠪᠤᠷᠢᠯᠠᠬᠤ ᠬᠤᠷᠠᠯ᠂ ᠡᠷᠴᠢ ᠵᠤᠷᠢᠭ᠎ᠢ ᠬᠦᠪᠴᠢᠯᠡᠭᠰᠡᠨ ᠪᠣᠳᠠᠲᠤ ᠶᠠᠪᠤᠳᠠᠯ᠎ᠤᠳ ᠪᠠ ᠡᠷᠡᠮᠡᠬᠡᠢᠯᠡᠨ ᠲᠠᠮᠡᠴᠡᠭᠰᠠᠳ᠎ᠤᠨ ᠪᠠᠷ᠎ᠠ ᠭᠠᠵᠠᠷ ᠪᠤᠯᠭᠠᠨ ᠳ᠋ᠤ ᠬᠠᠷᠠᠬᠳᠠᠨ᠎ᠠ ᠁ ᠡᠨᠡ ᠪᠣᠯ ᠤᠯᠠᠭᠠᠨᠬᠠᠳᠠ ᠬᠣᠲᠠ᠎ᠶ᠋ᠢᠨ ᠦᠨᠳᠦᠰᠦᠲᠡᠨ᠎ᠨᠦᠭᠦᠳ᠎ᠦᠨ ᠬᠥᠪᠡᠭᠦᠳ ᠥᠬᠢᠳ ᠭᠤᠢᠪᠢᠰᠢ ᠥᠬᠡᠶ ᠪᠡᠷ ᠨᠠᠮ᠎ᠤᠨ ᠠᠴᠢ᠎ᠳᠤ ᠲᠠᠯᠠᠷᠬᠠᠨ᠂ ᠨᠠᠮ᠎ᠤᠨ ᠦᠭᠡ᠎ᠶ᠋ᠢ ᠰᠣᠨᠣᠰᠴᠤ᠂ ᠨᠠᠮ᠎ᠢᠶᠠᠨ ᠳᠠᠭᠠᠵᠤ ᠤᠷᠤᠭ᠍ᠰᠢᠯᠠᠭ᠎ᠠ ᠵᠣᠯ ᠵᠢᠷᠭᠠᠯᠲᠤ ᠦᠵᠡᠮᠵᠢᠳᠤ ᠵᠢᠷᠤᠭ ᠪᠣᠯᠤᠨ᠎ᠠ᠂ ᠦᠨᠳᠦᠰᠦᠲᠡᠨ᠎ᠨᠦᠭᠦᠳ᠎ᠦᠨ ᠨᠠᠮ᠎ᠤᠨ ᠭᠡᠱᠢᠭᠦᠨ ᠺᠠᠳ᠋ᠷ ᠣᠯᠠᠨ ᠲᠦᠮᠡᠨ ᠬᠥᠳᠡᠭᠡ ᠲᠣᠰᠭᠣᠨ᠎ᠢ ᠬᠥᠭ᠌ᠵᠢᠭᠦᠯᠦᠨ ᠮᠠᠨᠳᠤᠭᠤᠯᠬᠤ ᠪᠥᠬᠥ᠌ ᠲᠠᠯ᠎ᠠ᠎ᠶ᠋ᠢᠨ ᠬᠥᠭ᠌ᠵᠢᠯᠲᠡ᠎ᠶ᠋ᠢ ᠠᠬᠢᠭᠤᠯᠬᠤ ᠳᠤᠮᠳᠠ ᠰᠡᠳᠭᠢᠯ ᠵᠢᠷᠦᠬᠡ ᠪᠡᠨ ᠬᠣᠯᠪᠣᠵᠤ᠂ ᠪᠦᠯᠬᠦᠮᠳᠡᠨ ᠨᠢᠭ᠍ᠲᠠᠷᠠᠵᠤ ᠯᠠᠪᠳᠠᠭᠤᠨ ᠪᠠᠲᠤᠲᠠᠶ ᠤᠷᠤᠭ᠍ᠰᠢᠯᠠᠨ᠎ᠠ᠃

ᠤᠯᠠᠭᠠᠨᠬᠠᠳᠠ᠎ᠳᠤ ᠬᠢᠲᠠᠳ ᠦᠨᠳᠦᠰᠦᠲᠡᠨ᠂ ᠮᠣᠩᠭᠣᠯ ᠦᠨᠳᠦᠰᠦᠲᠡᠨ᠂ ᠮᠠᠨᠵᠤ ᠦᠨᠳᠦᠰᠦᠲᠡᠨ᠂ ᠬᠣᠲᠣᠩ ᠦᠨᠳᠦᠰᠦᠲᠡᠨ᠂ ᠰᠣᠯᠣᠩᠭᠣᠰ ᠦᠨᠳᠦᠰᠦᠲᠡᠨ ᠵᠡᠷᠭᠡ 46 ᠦᠨᠳᠦᠰᠦᠲᠡᠨ ᠰᠠᠭᠤᠷᠢᠱᠢᠵᠤ᠂ ᠡᠷᠲᠡᠨ᠎ᠡᠴᠡ ᠠᠪᠤᠭᠠᠳ ᠤᠯᠠᠨ ᠦᠨᠳᠦᠰᠦᠲᠡᠨ ᠤ᠋ ᠠᠭᠤᠰᠤᠯᠴᠠᠨ ᠶᠠᠪᠤᠯᠴᠠᠬᠤ ᠲᠠᠪᠴᠠᠩ ᠪᠤᠯᠤᠭᠰᠠᠭᠠᠷ ᠢᠷᠠᠵᠠᠢ᠂ ᠨᠢᠭᠡᠳᠦᠭ᠌ᠰᠡᠨ ᠤᠯᠠᠨ ᠦᠨᠳᠦᠰᠦᠲᠡᠨ᠎ᠲᠡᠶ ᠲᠤᠮᠤ ᠭᠡᠷ ᠪᠦᠯᠢ᠎ᠶ᠋ᠢᠨ ᠬᠤᠷᠢᠶᠠᠩᠭᠤᠢ ᠳᠦᠷᠰᠦ ᠪᠣᠯᠤᠨ᠎ᠠ᠃

ᠣᠢᠷ᠎ᠠ᠎ᠶ᠋ᠢᠨ ᠵᠢᠯ᠎ᠡᠴᠡ ᠨᠠᠭᠠᠰᠢ᠂ ᠤᠯᠠᠭᠠᠨᠬᠠᠳᠠ ᠬᠣᠲᠠ ᠶᠡᠷᠦᠩᠬᠡᠶ ᠱᠦᠵᠢ ᠰᠢ ᠵᠢᠨ ᠫᠢᠩ᠎ᠦᠨ ᠦᠨᠳᠦᠰᠦᠲᠡᠨ᠎ᠦ ᠠᠵᠢᠯ᠎ᠢ ᠴᠢᠩᠭᠠᠳᠭᠠᠨ ᠰᠠᠢᠵᠢᠷᠠᠭᠤᠯᠬᠤ ᠲᠤᠬᠠᠶ ᠴᠢᠬᠤᠯᠠ ᠦᠵᠡᠯ ᠰᠠᠨᠠᠭ᠎ᠠ ᠪᠣᠯᠤᠨ ᠥᠪᠥᠷ ᠮᠣᠩᠭᠣᠯ᠎ᠤᠨ ᠲᠤᠬᠠᠶ ᠴᠢᠬᠤᠯᠠ ᠵᠢᠭᠠᠪᠤᠷᠢ᠎ᠶ᠋ᠢᠨ ᠵᠣᠷᠢᠭ ᠰᠠᠨᠠᠭ᠎ᠠ᠎ᠶ᠋ᠢ ᠭᠦᠨᠵᠡᠭᠡᠶ ᠲᠤᠭᠤᠱᠢᠯᠠᠭᠤᠯᠤᠨ ᠨᠠᠢᠳᠠᠪᠤᠷᠢᠵᠢᠭᠤᠯᠵᠤ᠂ ᠳᠤᠮᠳᠠᠳᠤ᠎ᠶ᠋ᠢᠨ ᠦᠨᠳᠦᠰᠦᠲᠡᠨ᠎ᠦ ᠬᠠᠮᠲᠤ᠎ᠶ᠋ᠢᠨ ᠴᠣᠭ᠍ᠴᠠ᠎ᠶ᠋ᠢᠨ ᠤᠬᠠᠮᠰᠠᠷ᠎ᠢ ᠪᠠᠲᠤ ᠴᠣᠭ᠍ᠴᠠᠯᠠᠬᠤ ᠠᠵᠢᠯ᠎ᠤᠨ ᠭᠤᠤᠯ ᠱᠢᠵᠢᠮ᠎ᠢ ᠤᠯᠠᠮ ᠳᠣᠪᠣᠢᠯᠭᠠᠵᠤ᠂ ᠨᠢᠳᠦᠨ ᠳ᠋ᠤ ᠦᠵᠡᠭᠳᠡᠵᠤ ᠰᠡᠳᠬᠢᠯ ᠳ᠋ᠤ ᠰᠠᠭᠤᠭᠳᠠᠵᠤ ᠭᠠᠷ ᠲᠤ᠌ ᠪᠠᠷᠢᠭᠳᠠᠳᠠᠯ᠎ᠠ ᠨᠠᠢᠳᠠᠪᠤᠷᠢᠵᠢᠭᠤᠯᠬᠤ ᠲᠤᠭᠤᠷᠢᠨ ᠳ᠋ᠤ᠂ ᠪᠥᠬᠥ᠌ ᠬᠣᠲᠠ᠎ᠶ᠋ᠢᠨ ᠦᠨᠳᠦᠰᠦᠲᠡᠨ᠎ᠦ ᠪᠦᠯᠬᠦᠮᠳᠡᠯ ᠳᠠᠪᠱᠢᠯᠲᠠ᠎ᠶ᠋ᠢᠨ ᠦᠶ᠋ᠯᠡᠰ᠎ᠦᠨ ᠴᠢᠨᠠᠷ ᠰᠠᠢᠲᠠᠶ ᠬᠥᠭ᠌ᠵᠢᠯᠲᠡ᠎ᠶ᠋ᠢ ᠪᠥᠬᠥ᠌ ᠲᠠᠯ᠎ᠠ᠎ᠪᠠᠷ ᠠᠬᠢᠭᠤᠯᠵᠤ ᠪᠤᠢ᠃

ᠰᠡᠳᠭᠢᠯ ᠨᠢᠭᠡᠳᠦᠨ ᠬᠠᠮᠲᠤ᠎ᠪᠠᠷ ᠬᠥᠮᠦᠵᠢᠭᠦᠯᠵᠦ ᠨᠠᠮ᠎ᠤᠨ ᠠᠴᠢ ᠳ᠋ᠤ ᠲᠠᠯᠠᠷᠬᠠᠵᠤ ᠨᠠᠮ᠎ᠤᠨ ᠦᠭᠡ᠎ᠶ᠋ᠢ ᠰᠣᠨᠣᠰᠴᠤ ᠨᠠᠮ᠎ᠢᠶᠠᠨ ᠳᠠᠭᠠᠵᠤ ᠤᠷᠤᠬᠰᠢᠯᠠᠨ ᠲᠠᠪᠰᠢᠬᠤ ᠲᠥᠪᠯᠡᠩᠭᠦᠢ ᠬᠦᠴᠦᠨ᠎ᠢ ᠲᠠᠰᠤᠷᠠᠯᠲᠠ ᠦᠭᠡᠢ ᠨᠢᠭ᠍ᠲᠠᠷᠠᠭᠤᠯᠪᠠ

ᠯᠢᠨᠰᠢ ᠱᠢᠶᠠᠨ᠎ᠤ ᠬᠤᠪᠢᠰᠭᠠᠯ᠎ᠤᠨ ᠲᠣᠭᠠᠴᠢᠯᠠᠭ᠍ᠰᠠᠨ ᠪᠡᠶᠡᠴᠢᠯᠡᠨ ᠣᠢᠯᠠᠭᠠᠬᠤ ᠣᠷᠳᠣᠨ᠎ᠳᠤ ᠣᠷᠣᠪᠠᠯ 《ᠴᠠᠭ ᠣᠷᠣᠨ ᠵᠠᠢ ᠵᠢᠨ ᠠᠶᠠᠯᠠᠯ ᠢ᠋ ᠡᠬᠢᠯᠡᠭᠦᠯᠦᠶ᠎ᠡ》 ᠬᠡᠬᠦ ᠪᠡᠷ ᠭᠣᠣᠯ ᠰᠡᠳᠦᠪ ᠪᠣᠯᠭᠠᠭ᠍ᠰᠠᠨ ᠬᠤᠪᠢᠰᠭᠠᠯ᠎ᠤᠨ ᠰᠤᠳᠤᠯᠤᠨ ᠰᠤᠷᠤᠯᠴᠠᠬᠤ ᠠᠶᠠᠯᠠᠯ ᠡᠮᠬᠢ ᠵᠢᠷᠤᠮ ᠲᠠᠶ ᠶᠠᠪᠤᠭ᠍ᠳᠠᠵᠤ᠂ ᠬᠡᠦᠬᠡᠳ᠎ᠦᠳ 《ᠨᠠᠢ᠍ᠮᠠᠨ ᠮᠢᠩᠭᠠᠨ ᠬᠡᠦᠬᠡᠳ ᠳᠡᠭᠦᠦ ᠨᠠᠷ ᠡᠮᠦᠨ᠎ᠡ ᠹᠷᠣᠨᠲ᠎ᠲᠤ ᠮᠤᠷᠳᠠᠬᠰᠠᠨ》᠂ 《ᠤᠳᠤ ᠦᠶ᠎ᠡ᠎ᠶ᠋ᠢᠨ ᠬᠤᠸᠠ ᠮᠤ᠌ ᠯᠠᠨ》 ᠤ᠋ ᠦᠯᠢᠭᠡᠷ᠎ᠢ ᠨᠠᠷᠢᠨ ᠬᠢᠨᠠᠮᠠᠭᠠᠢ ᠰᠣᠨᠢᠷᠬᠠᠵᠤ᠂ ᠳᠤᠮᠳᠠᠳᠤ ᠤᠯᠤᠰ᠎ᠤᠨ ᠡᠪ ᠬᠠᠮᠲᠤ ᠨᠠᠮ᠎ᠢᠶᠠᠨ ᠬᠠᠢᠷᠠᠯᠠᠵᠤ᠂ ᠠᠭᠤᠤ ᠶᠡᠬᠡ ᠡᠬᠡ ᠤᠯᠤᠰ᠎ᠢᠶᠠᠨ ᠬᠠᠢᠷᠠᠯᠠᠭ᠍ᠰᠠᠨ ᠬᠦᠨ ᠵᠤᠵᠠᠭᠠᠨ ᠠᠭᠤᠷ ᠠᠮᠢᠰᠭᠤᠯ ᠪᠢᠯᠬᠠᠨ᠎ᠠ᠃

ᠡᠢᠮᠦᠷᠬᠦᠦ 《ᠬᠤᠪᠢᠰᠭᠠᠯ᠎ᠤᠨ ᠦᠯᠢᠬᠡᠷ ᠲᠠᠭᠤᠷᠢᠰᠬᠠᠯ》 ᠯᠢᠨᠰᠢ ᠱᠢᠶᠠᠨ᠎ᠳᠤ ᠳᠠᠭᠤᠷᠢᠰᠤᠭ᠍ᠰᠠᠨ᠎ᠢᠶᠠᠷ ᠪᠠᠷᠠᠬᠤ ᠦᠭᠡᠢ᠂ ᠨᠡᠩ ᠴᠤ᠌ ᠪᠦᠬᠦ᠌ ᠤᠯᠠᠭᠠᠨᠬᠠᠳᠠ᠎ᠶ᠋ᠢᠨ ᠡᠬᠡ ᠭᠠᠵᠠᠷ᠎ᠲᠤ ᠴᠤᠤᠷᠢᠶᠠᠲᠤᠨ᠎ᠠ᠃

ᠪᠠᠭᠠᠷᠢᠨ ᠵᠡᠭᠦᠨ ᠬᠣᠱᠢᠭᠤ 《ᠲᠦᠮᠡᠨ ᠡᠷᠦᠬᠡ᠎ᠳᠦ ᠬᠦᠷᠴᠦ᠍᠂ ᠲᠦᠮᠡᠨ ᠡᠷᠦᠬᠡ᠎ᠶ᠋ᠢᠨ ᠪᠠᠢᠳᠠᠯ᠎ᠢ ᠣᠢᠯᠠᠭᠠᠵᠤ᠂ ᠲᠦᠮᠡᠨ ᠡᠷᠦᠬᠡ᠎ᠶ᠋ᠢᠨ ᠬᠦᠴᠢᠷᠳᠡᠯ᠎ᠢ ᠱᠢᠶ᠋ᠳᠪᠦᠷᠢᠯᠡᠬᠦ᠌》 ᠤᠬᠠᠭᠤᠯᠭ᠎ᠠ᠎ᠶ᠋ᠢᠨ ᠠᠵᠢᠯᠯᠠᠭ᠎ᠠ ᠥᠷᠨᠢᠭᠦᠯᠵᠦ᠍᠂ ᠦᠵᠡᠯ ᠰᠠᠨᠠᠭ᠎ᠠ ᠰᠤᠷᠤᠯᠴᠠᠬᠤ ᠬᠢᠭᠡᠳ ᠠᠵᠢᠯᠯᠠᠭ᠎ᠠ ᠦᠷᠨᠢᠭᠦᠯᠬᠦ ᠯᠤᠭᠡ᠎ᠶ᠋ᠢᠨ ᠣᠷᠭᠠᠨᠢᠭ ᠠᠭᠤᠰᠤᠯᠴᠠᠯ᠎ᠢ ᠠᠬᠢᠭᠤᠯᠪᠠ; ᠠᠷᠤ ᠬᠣᠷᠴᠢᠨ ᠬᠣᠱᠢᠭᠤ ᠣᠲᠣᠷ ᠤ᠋ᠨ ᠤᠬᠠᠭᠤᠯᠤᠨ ᠲᠠᠢᠯᠪᠤᠷᠢᠯᠠᠬᠤ ᠠᠩᠭᠢ᠎ᠶ᠋ᠢ ᠵᠣᠬᠢᠶᠠᠨ ᠪᠠᠢᠭᠤᠯᠵᠤ᠂ ᠦᠨᠳᠦᠰᠦᠨ ᠱᠠᠲᠤᠨ᠎ᠤ ᠨᠠᠮ᠎ᠤᠨ ᠵᠣᠬᠢᠶᠠᠨ ᠪᠠᠢᠭᠤᠯᠤᠯᠲᠠ᠂ 《ᠠᠷᠤ ᠬᠣᠷᠴᠢᠨ ᠬᠣᠱᠢᠭᠤᠨ᠎ᠤ ᠵᠢᠵᠢᠭ ᠬᠦᠷᠢᠶᠡᠯᠡᠩ》 ᠵᠡᠷᠭᠡ ᠠᠴᠢᠶᠠᠯᠠᠪᠤᠷᠢ᠎ᠳᠤ ᠲᠦᠱᠢᠭ᠌ᠯᠡᠨ᠂ ᠨᠠᠮ᠎ᠤᠨ ᠦᠨᠳᠦᠰᠦᠲᠡᠨ᠎ᠦ ᠲᠥᠷᠥ᠎ᠶ᠋ᠢᠨ ᠪᠣᠳᠣᠯᠭ᠎ᠠ᠎ᠶ᠋ᠢᠨ ᠣᠨᠣᠯ᠎ᠢ 《ᠠᠷᠠᠳ ᠲᠦᠮᠡᠨ ᠤ᠋ ᠬᠡᠷ᠎ᠲᠦ ᠬᠦᠷᠭᠡᠬᠦ᠌》 ᠶ᠋ᠢ ᠠᠬᠢᠭᠤᠯᠪᠠ; ᠣᠩᠨᠢᠭᠤᠳ ᠬᠣᠱᠢᠭᠤ 《ᠤᠯᠠᠭᠠᠨᠮᠥ᠋ᠴᠢᠷ᠎ᠦᠨ ᠵᠠᠭᠤᠨ ᠲᠠᠯᠠᠪᠠᠶ ᠮᠢᠩᠭᠠᠨ ᠪᠦᠯᠬᠦᠮ᠎ᠵᠢᠡᠷ ᠠᠷᠠᠳ᠎ᠲᠤ ᠠᠱᠢᠭ ᠬᠦᠷᠲᠡᠭᠡᠬᠦ᠌ ᠲᠣᠭ᠍ᠯᠠᠯᠲᠠ》 ᠶ᠋ᠢ ᠰᠠᠢᠲᠤᠷ ᠠᠰᠢᠭᠯᠠᠵᠤ᠂ ᠣᠯᠠᠨ ᠲᠦᠮᠡᠨ᠎ᠦ ᠦᠵᠡᠵᠦ᠍ ᠰᠣᠨᠣᠰᠭᠤ ᠳᠤᠷᠠᠲᠠᠶ ᠬᠡᠯᠪᠡᠷᠢ ᠪᠡᠷ ᠨᠠᠮ᠎ᠤᠨ ᠲᠠᠭᠤᠨ ᠢ᠋ ᠦᠨᠳᠦᠰᠦᠨ ᠱᠠᠲᠤᠨ ᠤ᠋ ᠬᠥᠮᠦᠰ᠎ᠦᠨ ᠰᠡᠳᠭᠢᠯ᠎ᠳᠦ ᠬᠠᠳᠠᠩᠱᠢᠭᠤᠯᠬᠤ᠎ᠶ᠋ᠢ ᠪᠥᠬᠥ᠌ ᠲᠠᠯ᠎ᠠ᠎ᠪᠠᠷ ᠠᠬᠢᠭᠤᠯᠪᠠ᠃

ᠬᠤᠪᠢᠰᠭᠠᠯ᠎ᠤᠨ ᠦᠯᠢᠭᠡᠷ᠎ᠢ ᠶᠠᠷᠢᠵᠤ᠂ ᠦᠨᠳᠦᠰᠦᠲᠡᠨ᠎ᠦ ᠣᠨᠣᠯ᠎ᠢ ᠤᠬᠠᠭᠤᠯᠵᠤ᠂ ᠭᠦᠨ ᠵᠤᠵᠠᠭᠠᠨ ᠠᠭᠤᠷ ᠠᠮᠢᠰᠭᠤᠯ᠎ᠢ ᠪᠦᠷᠢᠯᠳᠦᠭᠦᠯᠦᠨ᠎ᠡ᠃ ᠤᠯᠠᠭᠠᠨᠬᠠᠳᠠ ᠬᠣᠲᠠ ᠦᠨᠳᠦᠰᠦᠲᠡᠨ᠎ᠦ ᠬᠠᠮᠳᠤ ᠵᠢᠨ ᠲᠠᠨᠢᠯᠲᠠ ᠶ᠋ᠢᠨ ᠲᠠᠯ᠎ᠠ᠎ᠪᠠᠷ ᠲᠠᠨᠢᠯᠳᠠ ᠪᠠᠨ ᠲᠡᠭᠡᠭᠰᠢᠯᠡᠬᠦᠯᠵᠤ᠌᠂ 《ᠡᠩᠨᠡᠭᠡ᠎ᠶ᠋ᠢ ᠪᠠᠢᠭᠤᠯᠬᠤ᠂ ᠠᠭᠤᠯᠬᠤᠨ᠎ᠢ ᠭᠦᠨᠵᠡᠭᠡᠢᠷᠡᠭᠦᠯᠬᠦ᠌᠂ ᠠᠷᠭ᠎ᠠ ᠬᠡᠯᠪᠡᠷᠢ᠎ᠶ᠋ᠢᠨ ᠱᠢᠨ᠎ᠡ᠎ᠶ᠋ᠢ ᠡᠭᠦᠳᠬᠦ᠌》 ᠭᠤᠷᠪᠠᠨ ᠬᠠᠷᠠᠭᠠᠰᠤ ᠳᠡᠭᠡᠷ᠎ᠡ ᠬᠦᠴᠦ᠍ ᠲᠠᠯᠪᠢᠵᠤ᠂ 《ᠬᠣᠲᠠ᠂ ᠲᠣᠭᠣᠷᠢᠭ᠂ ᠵᠡᠭᠡᠯᠢ ᠭᠤᠳᠤᠮᠵᠢ (ᠱᠢᠶᠠᠩ ᠪᠠᠯᠭᠠᠰᠤ ᠰᠤᠮᠤ)᠂ ᠨᠡᠢᠭᠡᠮ ᠲᠣᠭᠣᠷᠢᠭ (ᠭᠠᠴᠠᠭ᠎ᠠ ᠲᠣᠰᠭᠣᠨ)》 ᠳᠥᠷᠪᠡᠨ ᠱᠠᠲᠤᠨ᠎ᠤ ᠬᠣᠯᠪᠣᠭᠠᠯᠠᠨ ᠬᠥᠳᠡᠯᠦᠯᠴᠡᠬᠦ᠌ ᠲᠣᠭ᠍ᠲᠠᠴᠠ᠎ᠶ᠋ᠢ ᠨᠢᠭᠡᠳᠦᠯᠲᠡᠶ ᠲᠥᠯᠥᠪᠵᠢᠭᠦᠯᠵᠦ᠍᠂ ᠬᠣᠲᠠ ᠬᠣᠱᠢᠭᠤ ᠬᠣᠶᠠᠷ ᠱᠠᠲᠤᠨ᠎ᠤ ᠤᠬᠠᠭᠤᠯᠤᠨ ᠲᠠᠢᠯᠪᠤᠷᠢᠯᠠᠬᠤ ᠪᠦᠯᠬᠦᠮ᠂ ᠨᠠᠮ᠎ᠤᠨ ᠰᠤᠷᠭᠠᠭᠤᠯᠢ᠎ᠶ᠋ᠢᠨ ᠪᠠᠭ᠍ᠰᠢ᠂ 《ᠨᠤᠲᠤᠭ᠎ᠤᠨ ᠡᠷᠳᠡᠮᠲᠡᠨ ᠲᠠᠪᠤᠨ ᠠᠬᠠᠮᠠᠳ》᠂ ᠵᠢᠱ᠌ᠢᠶᠡᠴᠢ ᠬᠤᠪᠢ ᠬᠥᠮᠦᠨ ᠵᠡᠷᠭᠡ᠎ᠶ᠋ᠢ ᠣᠷᠣᠭᠤᠯᠤᠨ ᠠᠪᠴᠤ᠌ ᠤᠬᠠᠭᠤᠯᠬᠤ ᠡᠩᠨᠡᠭᠡ᠎ᠶ᠋ᠢ ᠵᠣᠬᠢᠶᠠᠨ ᠪᠠᠢᠭᠤᠯᠵᠤ᠂ 《ᠵᠠᠩᠭᠢᠯᠠᠭ᠎ᠠ᠎ᠶ᠋ᠢᠨ ᠴᠥᠭᠡᠨ ᠲᠣᠭᠠᠲᠠᠨ》 ᠵᠢᠡᠷ 《ᠵᠣᠩᠬᠢᠯᠠᠬᠤ ᠲᠣᠭᠠᠲᠠᠨ》 ᠢ᠋ ᠳᠠᠢᠴᠢᠯᠠᠪᠠ᠃

ᠤᠯᠠᠭᠠᠨᠬᠠᠳᠠ᠎ᠶ᠋ᠢᠨ᠎ᠬᠢᠨ 《ᠳᠤᠮᠳᠠᠳᠤ᠎ᠶ᠋ᠢᠨ ᠦᠨᠳᠦᠰᠦᠲᠡᠨ᠎ᠦ ᠬᠠᠮᠲᠤ᠎ᠶ᠋ᠢᠨ ᠴᠣᠭ᠍ᠴᠠ᠎ᠶ᠋ᠢᠨ ᠤᠬᠠᠮᠰᠠᠷ᠎ᠢ ᠪᠠᠲᠤ ᠴᠣᠭ᠍ᠴᠠᠯᠠᠬᠤ ᠬᠥᠮᠦᠵᠢᠯ ᠪᠣᠯᠪᠠᠰᠤᠷᠠᠯ᠎ᠤᠨ ᠤᠬᠠᠭᠤᠯᠤᠨ ᠲᠠᠢᠯᠪᠤᠷᠢᠯᠠᠬᠤ᠎ᠶ᠋ᠢ ᠪᠦᠷᠬᠦᠭᠦᠯᠬᠦ᠌》 ᠲᠤᠰᠭᠠᠶ ᠠᠵᠢᠯᠯᠠᠭ᠎ᠠ ᠥᠷᠨᠢᠭᠦᠯᠵᠦ᠍᠂ ᠲᠤᠰᠭᠠᠶ ᠰᠡᠳᠦᠪᠲᠦ ᠣᠨᠣᠯ ᠰᠤᠷᠤᠯᠴᠠᠬᠤ ᠭᠤᠤᠯ ᠳᠤᠭᠤᠢᠯᠠᠩ᠎ᠤᠨ ᠬᠤᠷᠠᠯ᠂ ᠰᠤᠷᠤᠯᠴᠠᠯᠭ᠎ᠠ᠎ᠵᠢᠨ ᠲᠠᠢᠯᠤᠮᠵᠢ᠎ᠵᠢ 738 ᠤᠳᠠᠭ᠎ᠠ᠎ᠦᠷᠨᠢᠬᠦᠯᠵᠦ᠂ 1.1 ᠲᠦᠮᠡ ᠭᠠᠷᠤᠶ ᠨᠠᠮ᠎ᠤᠨ ᠵᠣᠬᠢᠶᠠᠨ ᠪᠠᠢᠭᠤᠯᠤᠯᠲᠠ᠎ᠶ᠋ᠢᠨ ᠱᠦᠵᠢ ᠵᠢᠱ᠌ᠢᠶ᠎ᠡ ᠦᠵᠡᠭᠦᠯᠦᠨ ᠬᠦᠲᠦᠯᠦᠨ ᠳᠠᠭᠠᠭᠤᠯᠵᠤ ᠨᠠᠮ᠎ᠤᠨ ᠦᠨᠳᠦᠰᠦᠲᠡᠨ᠎ᠦ ᠣᠨᠣᠯ ᠪᠣᠯᠤᠨ ᠠᠷᠠᠳ᠎ᠲᠤ ᠠᠱᠢᠭ ᠬᠦᠷᠲᠡᠭᠡᠬᠦ᠌ ᠲᠥᠷᠥ᠎ᠶ᠋ᠢᠨ ᠪᠣᠳᠣᠯᠭ᠎ᠠ᠎ᠶ᠋ᠢ ᠰᠠᠢᠲᠤᠷ ᠶᠠᠷᠢᠵᠤ᠂ ᠨᠠᠮ᠎ᠤᠨ ᠭᠡᠱᠢᠭᠦᠨ ᠺᠠᠳ᠋ᠷ ᠣᠯᠠᠨ ᠲᠦᠮᠡᠨ᠎ᠢ 10.1 ᠲᠦᠮᠡᠨ ᠬᠥᠮᠦᠨ ᠤᠳᠠᠭ᠎ᠠ ᠬᠠᠮᠤᠷᠴᠤ᠌᠂ ᠤᠯᠠᠭᠠᠨᠬᠠᠳᠠ᠎ᠶ᠋ᠢᠨ ᠣᠨᠴᠠᠯᠢᠭ ᠲᠠᠶ ᠳᠤᠮᠳᠠᠳᠤ᠎ᠶ᠋ᠢᠨ ᠦᠨᠳᠦᠰᠦᠲᠡᠨ᠎ᠦ ᠬᠠᠮᠲᠤ᠎ᠶ᠋ᠢᠨ ᠴᠣᠭ᠍ᠴᠠ᠎ᠶ᠋ᠢᠨ ᠤᠬᠠᠮᠰᠠᠷ᠎ᠢ ᠪᠠᠲᠤ ᠴᠣᠭ᠍ᠴᠠᠯᠠᠬᠤ ᠤᠬᠠᠭᠤᠯᠭ᠎ᠠ ᠬᠥᠮᠦᠵᠢᠯ᠎ᠦᠨ ᠱᠢᠰᠲ᠋ᠧᠮ᠎ᠢ ᠪᠠᠢᠭᠤᠯᠵᠤ᠂ ᠨᠠᠮ᠎ᠤᠨ ᠬᠠᠢᠷ᠎ᠠ ᠬᠠᠯᠠᠮᠵᠢ᠎ᠶ᠋ᠢ ᠣᠯᠠᠨ ᠲᠦᠮᠡᠨ᠎ᠦ ᠰᠡᠳᠭᠢᠯ᠎ᠳᠦ ᠦᠨᠡᠨ ᠬᠦ᠌ ᠳᠠᠮᠵᠢᠭᠤᠯᠵᠤ ᠪᠤᠢ᠃

ᠰᠡᠳᠬᠢᠯ ᠨᠢᠭᠡᠲᠦᠨ ᠬᠠᠮᠲᠤ ᠪᠡᠷ ᠠᠭᠤᠰᠤᠯᠴᠠᠵᠤ ᠦᠨᠳᠦᠰᠦᠲᠡᠨ᠎ᠨᠦᠭᠦᠳ᠎ᠦᠨ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠯ᠎ᠤᠨ ᠨᠢᠭ᠍ᠲᠠᠷᠠᠯ᠎ᠤᠨ ᠬᠦᠴᠦᠨ᠎ᠢ ᠲᠠᠰᠤᠷᠠᠯᠲᠠ ᠦᠭᠡᠢ ᠴᠢᠩᠭᠠᠳᠬᠠᠪᠠ

ᠬᠦᠷ ᠬᠥᠭ᠌ᠵᠢᠶᠡᠨ ᠲᠡᠢ ᠶᠠᠩᠭᠠᠷ ᠪᠥᠵᠢᠭ᠂ ᠬᠦᠴᠦᠯᠢᠭ ᠢᠳᠡᠷᠡᠭᠦᠨ ᠤᠷᠠᠨ ᠪᠢᠴᠢᠯᠭᠡ᠂ ᠤᠷᠠᠨ ᠭᠠᠢᠬᠠᠮᠰᠢᠬᠳᠠᠢ ᠭᠠᠷ ᠤᠷᠠᠯᠠᠯ ᠰᠦᠩᠱᠠᠨ ᠲᠣᠭᠣᠷᠢᠭ᠎ᠤᠨ ᠬᠢᠩᠭᠠᠨ ᠵᠡᠭᠡᠯᠢ ᠭᠤᠳᠤᠮᠵᠢ᠎ᠶ᠋ᠢᠨ ᠯᠢᠨ ᠬᠤᠸᠠᠩ ᠵᠢᠶᠠ ᠶᠤᠸᠠᠨ ᠨᠡᠢᠭᠡᠮ ᠲᠣᠭᠣᠷᠢᠭ᠎ᠤᠨ 《ᠦᠨᠳᠦᠰᠦᠲᠡᠨ᠎ᠦ ᠪᠦᠯᠬᠦᠮᠳᠡᠯ᠎ᠦᠨ ᠭᠡᠷ ᠪᠦᠯᠢ》 ᠵᠢᠨ ᠶᠡᠷᠦᠩᠬᠡᠢᠯᠡᠭ᠌ᠰᠡᠨ ᠦᠢᠯᠡᠴᠢᠯᠡᠭᠡᠨ᠎ᠦ ᠴᠣᠭ᠍ᠴᠠ᠎ᠶ᠋ᠢᠨ ᠤᠯᠠᠨ ᠲᠦᠮᠡᠨ᠎ᠦ ᠠᠮᠢᠳᠤᠷᠠᠯ᠎ᠳᠤ ᠬᠡᠷᠡᠯ ᠭᠢᠯᠪᠠᠭ᠎ᠠ ᠨᠡᠮᠡᠷᠢᠯᠡᠪᠡ᠃

ᠠᠵᠤ ᠦᠢᠯᠡᠰ᠎ᠦᠨ ᠮᠡᠷᠭᠡᠵᠢᠯ᠎ᠦᠨ ᠵᠢᠯᠣᠭᠣᠳᠤᠯᠭ᠎ᠠ᠂ ᠱᠢᠨ᠎ᠡ ᠲᠠᠷᠢᠶᠠᠴᠢᠨ᠎ᠤ ᠱᠢᠭᠤᠳ ᠨᠡᠪᠲᠡᠷᠡᠭᠦᠯᠭᠡ ᠪᠡᠷ ᠪᠠᠷᠠᠭ᠎ᠠ ᠬᠤᠳᠠᠯᠳᠤᠬᠤ᠂ ᠦᠨᠳᠦᠰᠦᠲᠡᠨ᠎ᠦ ᠪᠦᠯᠬᠦᠮᠳᠡᠯ᠎ᠦᠨ ᠵᠢᠵᠢᠭ ᠲᠢᠶᠠᠲ᠋ᠷ᠂ ᠬᠤᠩᠱᠠᠨ ᠲᠣᠭᠣᠷᠢᠭ᠎ᠤᠨ ᠲᠢᠶᠧ ᠨᠠᠨ ᠵᠡᠭᠡᠯᠢ᠎ᠶ᠋ᠢᠨ ᠰᠡᠭᠦᠳᠡᠷ ᠰᠢ᠎ᠵᠢᠨ ᠰᠠᠭᠤᠷᠢᠨ᠎ᠤ ᠬᠥᠷ ᠨᠠᠷᠭᠢᠶᠠᠨ ᠪᠠ ᠡᠶ᠎ᠡ ᠵᠣᠬᠢᠴᠠᠯ ᠨᠢ ᠬᠥᠮᠦᠰ᠎ᠦᠨ ᠠᠩᠬᠠᠷᠤᠯ᠎ᠢ ᠲᠠᠲᠠᠨ᠎ᠠ᠃

《ᠨᠢᠭᠡ ᠭᠡᠷ᠎ᠦᠨ ᠬᠥᠮᠦᠰ ᠮᠡᠲᠦ ᠳᠣᠲᠣᠨᠣ》 ᠦᠨᠳᠦᠰᠦᠲᠡᠨ᠎ᠦ ᠪᠦᠯᠬᠦᠮᠳᠡᠯ ᠳᠠᠪᠱᠢᠯᠲᠠ᠎ᠶ᠋ᠢᠨ ᠨᠠᠮ᠎ᠤᠨ ᠪᠠᠢᠭᠤᠯᠤᠯᠲᠠ᠎ᠶ᠋ᠢᠨ ᠬᠣᠯᠪᠣᠭᠠᠲᠤ ᠴᠣᠭ᠍ᠴᠠ᠎ᠶ᠋ᠢᠨ ᠪᠠᠭᠠᠷᠢᠨ ᠪᠠᠷᠠᠭᠤᠨ ᠬᠣᠱᠢᠭᠤᠨ᠎ᠳᠠᠬᠢ ᠠᠮᠵᠢᠯᠲᠠ᠎ᠲᠠᠶ ᠦᠢᠯᠡᠳᠦᠯᠭᠡ ᠨᠢ ᠳᠤᠮᠳᠠᠳᠤ᠎ᠶ᠋ᠢᠨ ᠦᠨᠳᠦᠰᠦᠲᠡᠨ᠎ᠦ ᠬᠠᠮᠲᠤ᠎ᠶ᠋ᠢᠨ ᠴᠣᠭ᠍ᠴᠠ᠎ᠶ᠋ᠢᠨ ᠤᠬᠠᠮᠰᠠᠷ᠎ᠢ ᠪᠠᠲᠤ ᠴᠣᠭ᠍ᠴᠠᠯᠠᠬᠤ᠎ᠶ᠋ᠢᠨ ᠪᠣᠳᠠᠲᠤ ᠴᠣᠭ᠍ᠴᠠ᠎ᠶ᠋ᠢᠨ ᠬᠥᠭ᠌ᠵᠢᠯᠲᠡ᠎ᠳᠦ ᠲᠣᠯᠢ ᠪᠣᠯᠭᠠᠵᠤ ᠪᠣᠯᠬᠤ᠂ ᠲᠡᠷᠡ ᠬᠡᠪ ᠎ᠢᠶᠡᠷ ᠨᠢ ᠲᠠᠯᠬᠡᠷᠡᠬᠦᠯᠵᠤ ᠪᠣᠯᠬᠤ ᠦᠢᠯᠡᠳᠦᠯᠭᠡ᠎ᠶ᠋ᠢᠨ ᠲᠤᠷᠱᠢᠯᠭ᠎ᠠ᠎ᠶ᠋ᠢ ᠰᠦᠪᠡᠭ᠌ᠴᠢᠯᠡᠵᠦ᠍ ᠭᠠᠷᠭᠠᠪᠠ᠃

ᠨᠢᠭᠡ ᠵᠠᠮ᠎ᠤᠨ ᠲᠤᠷᠰᠢ᠂ ᠤᠯᠠᠭᠠᠨᠬᠠᠳᠠ᠎ᠶ᠋ᠢᠨ ᠭᠠᠵᠠᠷ ᠪᠣᠯᠭᠠᠨ᠎ᠳᠤ ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠵᠤ᠂ ᠰᠡᠳᠭᠢᠯ ᠨᠢᠭᠡᠳᠦᠨ ᠮᠠᠷᠠᠢᠨ ᠲᠡᠮᠡᠴᠡᠭ᠌ᠰᠡᠨ ᠵᠢᠷᠤᠭ ᠳᠦᠷᠰᠦ ᠬᠠᠷᠠᠭ᠎ᠠ ᠲᠦᠬᠦᠷᠡᠩ᠃

ᠨᠢᠭᠡ ᠪᠦᠯᠦᠭ ᠠᠴᠢᠶᠠᠯᠠᠪᠤᠷᠢ᠎ᠶ᠋ᠢ ᠠᠮᠢᠳᠤᠯᠢᠭ᠍ᠵᠢᠭᠤᠯᠵᠤ᠂ ᠨᠢᠭᠡ ᠪᠦᠯᠦᠭ ᠪᠣᠳᠠᠲᠤ ᠶᠠᠪᠤᠳᠠᠯ᠎ᠢ ᠰᠠᠢᠲᠤᠷ ᠬᠢᠵᠦ᠍᠂ ᠤᠯᠠᠨ ᠲᠦᠮᠡᠨ᠎ᠤ ᠬᠠᠯᠠᠭᠤᠨ ᠬᠦᠷᠢᠶᠡᠯᠡᠯ᠎ᠢ ᠤᠯᠪᠠ᠃ ᠤᠯᠠᠭᠠᠨᠬᠠᠳᠠ᠎ᠶ᠋ᠢᠨ᠎ᠬᠢᠨ 《ᠦᠨᠳᠦᠰᠦᠲᠡᠨ᠎ᠨᠦᠭᠦᠳ᠎ᠦᠨ ᠣᠯᠠᠨ ᠲᠦᠮᠡᠨ᠎ᠦ ᠬᠠᠷᠢᠯᠴᠠᠨ ᠠᠭᠤᠰᠤᠯᠴᠠᠬᠰᠠᠨ ᠮᠠᠶᠢᠭ᠎ᠤᠨ ᠬᠥᠭ᠌ᠵᠢᠯᠲᠡ᠎ᠶ᠋ᠢᠨ ᠲᠥᠯᠥᠪᠯᠡᠭᠡ》᠂ 《ᠦᠨᠳᠦᠰᠦᠲᠡᠨ᠎ᠨᠦᠭᠦᠳ᠎ᠦᠨ ᠵᠠᠯᠠᠭᠤᠴᠤᠳ ᠪᠠᠭᠠᠴᠤᠳ᠎ᠤᠨ ᠰᠣᠯᠢᠯᠴᠠᠭᠠᠨ᠎ᠤ ᠲᠥᠯᠥᠪᠯᠡᠭᠡ》᠂ 《ᠵᠢᠭᠤᠯᠴᠢᠯᠠᠯ᠎ᠢᠶᠠᠷ ᠦᠨᠳᠦᠰᠦᠲᠡᠨ᠎ᠨᠦᠭᠦᠳ᠎ᠦᠨ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠯ᠎ᠢ ᠠᠬᠢᠭᠤᠯᠬᠤ ᠲᠥᠯᠥᠪᠯᠡᠭᠡ》᠎ᠶ᠋ᠢ ᠭᠦᠨᠵᠡᠭᠡᠶ ᠬᠡᠷᠡᠭ᠌ᠵᠢᠭᠦᠯᠵᠦ᠍᠂ ᠦᠨᠳᠦᠰᠦᠲᠡᠨ᠎ᠦ ᠪᠦᠯᠬᠦᠮᠳᠡᠯ ᠳᠠᠪᠱᠢᠯᠲᠠ᠎ᠶ᠋ᠢᠨ ᠲᠤᠬᠠᠶ᠎ᠶ᠋ᠢᠨ ᠲᠠᠯᠠᠪᠠᠶ᠎ᠶ᠋ᠢᠨ ᠲᠤᠷᠱᠢᠯᠭ᠎ᠠ ᠰᠣᠯᠢᠯᠴᠠᠬᠤ᠂ ᠬᠠᠷᠢᠯᠴᠠᠨ ᠦᠵᠡᠵᠦ᠍ ᠬᠠᠷᠢᠯᠴᠠᠨ ᠰᠤᠷᠤᠯᠴᠠᠬᠤ ᠵᠡᠷᠭᠡ ᠠᠵᠢᠯᠯᠠᠭ᠎ᠠ᠎ᠶ᠋ᠢ ᠪᠠᠢᠩᠭᠤ ᠥᠷᠨᠢᠭᠦᠯᠵᠦ᠍᠂ ᠦᠨᠳᠦᠰᠦᠲᠡᠨ᠎ᠨᠦᠭᠦᠳ᠎ᠦᠨ ᠥᠷᠭᠡᠨ᠎ᠢᠶᠡᠷ ᠶᠠᠪᠤᠯᠴᠠᠬᠤ᠂ ᠪᠥᠬᠥ᠌ ᠲᠠᠯ᠎ᠠ᠎ᠪᠠᠷ ᠰᠣᠯᠢᠯᠴᠠᠬᠤ᠂ ᠭᠦᠨᠵᠡᠭᠡᠶ ᠠᠭᠤᠰᠤᠯᠴᠠᠬᠤ᠎ᠶ᠋ᠢ ᠠᠬᠢᠭᠤᠯᠪᠠ᠃

ᠣᠳᠣᠬᠠᠨ ᠪᠣᠯᠲᠠᠯ᠎ᠠ᠂ ᠪᠥᠬᠥ᠌ ᠬᠣᠲᠠ ᠪᠡᠷ᠎ᠢᠶᠡᠨ ᠦᠨᠳᠦᠰᠦᠲᠡᠨ᠎ᠦ ᠪᠦᠯᠬᠦᠮᠳᠡᠯ ᠳᠠᠪᠱᠢᠯᠲᠠ᠎ᠶ᠋ᠢᠨ ᠰᠣᠳᠣᠨ ᠵᠢᠱ᠌ᠢᠶ᠎ᠡ ᠦᠵᠡᠭᠦᠯᠬᠦ᠌ ᠴᠡᠭ 102᠂ ᠲᠣᠭᠣᠷᠢᠨ ᠰᠤᠷᠤᠯᠴᠠᠬᠤ ᠱᠤᠭᠤᠮ 6 ᠵᠤᠷᠪᠤᠰ᠂ ᠤᠯᠤᠰ᠎ᠤᠨ ᠲᠠᠰ᠎ᠤᠨ ᠦᠨᠳᠦᠰᠦᠲᠡᠨ᠎ᠦ ᠪᠦᠯᠬᠦᠮᠳᠡᠯ ᠳᠠᠪᠱᠢᠯᠲᠠ᠎ᠶ᠋ᠢᠨ ᠵᠢᠱ᠌ᠢᠶ᠎ᠡ ᠦᠵᠡᠭᠦᠯᠬᠦ᠌ ᠨᠢᠭᠡᠴᠢ 11 ᠎ᠶ᠋ᠢ ᠡᠭᠦᠳᠦᠨ ᠪᠠᠢᠭᠤᠯᠵᠤ᠂ 《ᠰᠡᠳᠭᠢᠯ ᠨᠢᠭᠡᠳᠦᠨ ᠬᠦᠰᠡᠯ ᠵᠡᠭᠦᠳᠦ᠍᠎ᠪᠡᠨ ᠬᠠᠮᠲᠤ ᠪᠡᠷ ᠲᠡᠷᠬᠡᠯᠰᠢᠬᠦᠯᠵᠦ ᠠᠨᠠᠷ᠎ᠤᠨ ᠴᠡᠴᠡᠭ ᠤᠯᠠᠭᠠᠨᠬᠠᠳᠠ᠎ᠳᠤ ᠪᠠᠳᠠᠷᠠᠨ ᠳᠡᠯᠭᠡᠷᠡᠨ᠎ᠡ》᠂ 《ᠭᠤᠷᠪᠠᠨ ᠬᠣᠩᠭᠢᠯ ᠭᠤᠷᠪᠠᠨ ᠪᠦᠰᠡ ᠭᠤᠷᠪᠠᠨ ᠬᠡᠰᠡᠭ ᠣᠷᠣᠨ》 ᠵᠡᠷᠭᠡ ᠠᠵᠢᠯ᠎ᠤᠨ ᠲᠦᠷᠦᠯ ᠲᠡᠮᠳᠡᠭ᠎ᠢ ᠡᠭᠦᠳᠦᠨ ᠪᠠᠢᠭᠤᠯᠬᠤ᠎ᠶ᠋ᠢᠨ ᠬᠠᠮᠲᠤ ᠪᠡᠭᠡᠵᠢᠩ ᠤᠯᠠᠭᠠᠨᠬᠠᠳᠠ᠎ᠶ᠋ᠢᠨ ᠦᠨᠳᠦᠰᠦᠲᠡᠨ᠎ᠨᠦᠭᠦᠳ᠎ᠦᠨ ᠵᠠᠯᠠᠭᠤᠴᠤᠳ ᠪᠠᠭᠠᠴᠤᠳ᠎ᠤᠨ ᠰᠣᠯᠢᠯᠴᠠᠭᠠᠨ᠎ᠤ ᠣᠷᠳᠣ ᠬᠤᠭᠤᠴᠠᠭᠠᠨ᠎ᠤ ᠪᠦᠲᠦᠮᠵᠢᠲᠡᠶ ᠲᠣᠭ᠍ᠲᠠᠴᠠ᠎ᠶ᠋ᠢ ᠪᠠᠢᠭᠤᠯᠪᠠ᠃

ᠡᠭᠦᠨ᠎ᠦ ᠬᠠᠮᠲᠤ᠂ ᠤᠯᠠᠭᠠᠨᠬᠠᠳᠠ ᠬᠣᠲᠠ ᠦᠨᠳᠦᠰᠦᠲᠡᠨ᠎ᠦ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠯ᠎ᠢ ᠴᠢᠩᠭᠠᠳᠭᠠᠬᠤ ᠪᠣᠳᠠᠲᠠᠶ᠎ᠠᠷᠭ᠎ᠠ ᠬᠡᠮᠵᠢᠶ᠎ᠡ ᠵᠢ ᠨᠡᠢᠳᠡᠯᠡᠵᠤ᠂ ᠦᠨᠳᠦᠰᠦᠲᠡᠨ᠎ᠦ ᠬᠡᠷᠡᠭ ᠶᠠᠪᠤᠳᠠᠯ᠎ᠤᠨ ᠵᠠᠰᠠᠯᠲᠠ᠎ᠶ᠋ᠢᠨ ᠬᠠᠤᠯᠢ ᠪᠡᠷ ᠵᠠᠰᠠᠬᠤ ᠲᠦᠪᠱᠢᠨ᠎ᠢ ᠲᠠᠰᠤᠷᠠᠯᠲᠠ ᠥᠬᠡᠶ ᠳᠡᠭᠡᠭ᠌ᠰᠢᠯᠡᠭᠦᠯᠪᠡ᠃ ᠹᠦ᠋ ᠱᠠᠨ ᠵᠢᠶᠠ ᠶᠤᠸᠠᠨ ᠨᠡᠢᠭᠡᠮ ᠲᠣᠭᠣᠷᠢᠭ 《ᠭᠦᠸᠧ ᠬᠠᠤᠯᠢᠴᠢ ᠬᠠᠤᠯᠢ ᠶᠠᠷᠢᠬᠤ》 ᠵᠥᠷᠢᠴᠡᠯ ᠵᠠᠭᠤᠷᠠᠯᠳᠤᠭᠠᠨ᠎ᠢ ᠡᠶᠡᠳᠡᠭᠦᠯᠬᠦ᠌ ᠦᠶ᠋ᠯᠡᠴᠢᠯᠡᠭᠡᠨ᠎ᠦ ᠲᠦᠷᠦᠯ ᠲᠡᠮᠳᠡᠭ᠌᠎ᠢ ᠡᠭᠦᠳᠴᠦ᠂ ᠸᠠᠩ᠎ᠤᠨ ᠣᠷᠳᠣᠨ ᠨᠡᠢᠭᠡᠮ ᠲᠣᠭᠣᠷᠢᠭ 《ᠬᠦᠰᠡᠯ ᠵᠡᠭᠦᠳᠦ ᠵᠢᠨ ᠲᠡᠷᠭᠡᠯᠱᠢᠯ》 ᠬᠥᠳᠡᠯᠮᠦᠷᠢ ᠬᠦᠴᠦᠨ᠎ᠦ ᠠᠵᠢᠯ ᠣᠯᠭᠣᠯᠲᠠ᠎ᠶ᠋ᠢᠨ ᠵᠠᠬ᠎ᠠ ᠳᠡᠯᠭᠡᠭᠦᠷ᠎ᠢ ᠪᠠᠢᠭᠤᠯᠵᠤ᠂ ᠾᠸ ᠫᠠᠨ ᠨᠡᠢᠭᠡᠮ ᠲᠣᠭᠣᠷᠢᠭ 《ᠳᠥᠷᠪᠡᠨ ᠴᠠᠭ ᠬᠠᠭᠠᠰ᠎ᠤᠨ ᠬᠢᠴᠢᠶᠡᠯ᠎ᠦᠨ ᠲᠠᠩᠬᠢᠮ》᠎ᠤ᠋ᠨ ᠬᠡᠦᠬᠡᠳ᠎ᠢ ᠨᠠᠢᠳᠠᠨ ᠬᠠᠮᠢᠶᠠᠷᠤᠭᠤᠯᠬᠤ ᠭᠠᠵᠠᠷ ᠡᠷᠬᠢᠯᠡᠵᠦ᠍᠂ ᠦᠨᠳᠦᠰᠦᠲᠡᠨ᠎ᠨᠦᠭᠦᠳ᠎ᠦᠨ ᠣᠯᠠᠨ ᠲᠦᠮᠡᠨ᠎ᠦ ᠪᠠᠴᠢᠮᠳᠠᠵᠤ ᠲᠦᠪᠡᠭᠳᠡᠵᠦ ᠵᠣᠪᠠᠨᠢᠵᠤ ᠬᠦᠰᠡᠵᠦ᠍ ᠪᠠᠢᠭ᠎ᠠ 1174 ᠵᠦᠶ᠋ᠯ᠎ᠦᠨ ᠠᠰᠠᠭᠤᠳᠠᠯ᠎ᠢ ᠪᠥᠬᠥ᠌ ᠲᠠᠯ᠎ᠠ᠎ᠪᠠᠷ ᠱᠢᠶ᠋ᠳᠪᠦᠷᠢᠯᠡᠪᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号