ᠭᠤᠪᠢ ᠨᠤᠳᠤᠭ ᠵᠢᠡᠷ᠎ᠵᠦᠴᠦᠭᠡ ᠵᠢᠨ ᠲᠠᠢᠰᠠ ᠪᠤᠯᠭᠠᠵᠤ ᠵᠢᠵᠢᠭ ᠦᠷᠳᠡᠭᠡᠨ᠎ᠤ ᠬᠦᠮᠦᠰ᠎ᠤᠨ ᠵᠢᠳᠬᠦᠯ ᠪᠠ ᠪᠠᠷᠢᠮᠳᠠᠯᠠᠯ᠎ᠢ ᠢᠯᠡᠷᠡᠭᠦᠯᠪᠠ
2024-10-25 10:08:12
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠦᠩ ᠦᠷᠭᠡᠨ ᠠᠯᠠᠱᠠ ᠳ᠋ᠦ ᠭᠠᠯᠲᠤ ᠲᠡᠷᠭᠡᠨ᠎ᠦ ᠲᠠᠪᠤᠳᠤᠭᠠᠷ ᠳᠡᠰ ᠤ᠋ᠨ ᠵᠢᠵᠢᠭ ᠥᠷᠲᠡᠭᠡ ᠴᠥᠭᠡᠨ ᠪᠤᠰᠤ ᠪᠤᠢ᠂ 《ᠨᠢᠭᠡ ᠥᠷᠲᠡᠭᠡ᠂ ᠬᠣᠶᠠᠷ ᠬᠥᠮᠦᠨ᠂ ᠭᠤᠷᠪᠠᠨ ᠡᠷᠡᠨ ᠤ᠋ ᠬᠣᠭᠣᠯᠠ᠂ ᠳᠥᠷᠪᠡᠨ ᠤᠯᠠᠷᠢᠯ》 ᠬᠡᠵᠤ ᠡᠳᠡᠭᠡᠷ ᠵᠢᠵᠢᠭ ᠦᠷᠳᠡᠭᠡᠨ᠎ᠦ ᠠᠮᠢᠳᠤᠷᠠᠯ᠎ᠢ ᠲᠦᠷᠰᠦᠯᠡᠳᠡᠭ᠃

2023 ᠣᠨ ᠳ᠋ᠦ ᠥᠪᠥᠷ ᠮᠣᠩᠭᠣᠯ ᠤ᠋ᠨ ᠤᠷᠠᠯᠢᠭ᠎ᠵᠦᠴᠦᠭᠡ ᠶ᠋ᠢᠨ ᠬᠦᠷᠢᠶᠡᠯᠡᠩ᠎ᠯᠢᠨ ᠾᠧ ᠡᠴᠡ ᠴᠡᠭᠡ ᠬᠦᠷᠬᠦ ᠲᠡᠮᠦᠷ ᠵᠠᠮ ᠳᠡᠭᠡᠷᠡᠬᠢ ᠰᠤᠪᠨᠠᠭᠤᠷ ᠥᠷᠲᠡᠭᠡ᠂ ᠡᠷᠢᠶᠡᠨ ᠴᠤᠩᠵᠢ ᠨᠠᠭᠤᠷ ᠥᠷᠲᠡᠭᠡ᠎ᠪᠡᠷ ᠦᠯᠢᠭᠡᠷ ᠬᠡᠪ ᠪᠣᠯᠭᠠᠵᠤ᠂ ᠶᠠᠷᠢᠶᠠᠲᠤ ᠵᠦᠴᠦᠭᠡ 《ᠥᠷᠲᠡᠭᠡ》 ᠶ᠋ᠢ ᠵᠣᠬᠢᠶᠠᠨ ᠪᠦᠲᠦᠭᠡᠭ᠌ᠰᠡᠨ ᠪᠥᠭᠡᠳ ᠲᠤᠬᠠᠶ ᠶ᠋ᠢᠨ ᠵᠢᠯ ᠤ᠋ᠨ 《5·1》᠎ᠦ ᠳᠡᠯᠡᠬᠡᠢ᠎ᠶᠢᠨ ᠬᠥᠳᠡᠯᠮᠦᠷᠢᠴᠢᠳ ᠤ᠋ᠨ ᠪᠠᠶᠠᠷ ᠲᠦ᠍ ᠠᠩᠬ᠎ᠠ ᠲᠣᠭ᠍ᠯᠠᠵᠤ᠂ ᠲᠤᠭᠯᠠᠯᠳᠠ ᠪᠡᠷ ᠲᠠᠮᠵᠢᠨ ᠲᠡᠮᠦᠷ ᠵᠠᠮ ᠤ᠋ᠨ ᠬᠥᠮᠦᠰ ᠪᠠ ᠠᠵᠢᠯ ᠤ᠋ᠨ ᠪᠠᠢᠷᠢ ᠪᠠᠨ ᠪᠠᠲᠤ ᠰᠠᠬᠢᠵᠤ᠂ ᠬᠠᠷᠠᠮ ᠦᠬᠡᠢ ᠵᠢᠳᠬᠦᠯ ᠦᠵᠡᠭᠦᠯᠵᠤ ᠪᠠᠢᠭ᠎ᠠ ᠦᠢ ᠤᠯᠠᠨ ᠬᠥᠳᠡᠯᠮᠦᠷᠢᠴᠢᠳ ᠲᠦ᠍ ᠬᠦᠨᠳᠦᠳᠭᠡᠯ ᠳᠡᠪᠱᠢᠭᠦᠯᠵᠦ᠍᠂ ᠦᠵᠡᠭ᠌ᠴᠢᠳ ᠤ᠋ᠨ ᠰᠠᠢᠨ ᠦᠨᠡᠯᠡᠯᠲᠡ ᠵᠢ ᠤᠯᠪᠠ᠃

8 ᠰᠠᠷ᠎ᠠ ᠶ᠋ᠢᠨ 14᠎ᠡᠴᠡ 18  ᠤ᠋ ᠡᠳᠦᠷ ᠪᠣᠯᠲᠠᠯ᠎ᠠ᠂ ᠳᠤᠮᠳᠠᠳᠤ ᠤᠯᠤᠰ ᠤ᠋ᠨ ᠲᠡᠮᠦᠷ ᠵᠠᠮ ᠤ᠋ᠨ ᠬᠥᠬᠡᠬᠣᠲᠠ ᠲᠣᠪᠴᠢᠶ᠎ᠠ ᠶ᠋ᠢᠨ ᠠᠵᠢᠯᠴᠢᠨ ᠤ᠋ ᠡᠪᠯᠡᠯ ᠥᠪᠥᠷ ᠮᠣᠩᠭᠣᠯ ᠤ᠋ᠨ ᠤᠷᠠᠯᠢᠭ ᠵᠦᠴᠦᠭᠡ ᠶ᠋ᠢᠨ ᠬᠦᠷᠢᠶᠡᠯᠡᠩ ᠤ᠋ᠨ ᠶᠠᠷᠢᠶᠠᠲᠤ ᠵᠦᠴᠦᠭᠡ ᠶ᠋ᠢᠨ ᠪᠦᠯᠬᠦᠮ᠎ᠲᠡᠶ ᠬᠠᠮᠳᠤᠷᠠᠨ᠂ 《ᠡᠷᠬᠢᠮᠰᠦᠭ ᠤᠷᠠᠯᠢᠭ ᠢ᠋ ᠲᠡᠮᠦᠷ ᠵᠠᠮ ᠤ᠋ᠨ ᠠᠵᠢᠯᠳᠠᠳ ᠲᠦ᠍ ᠰᠤᠨᠢᠷᠬᠠᠭᠤᠯᠬᠤ》 2024 ᠣᠨ ᠤ᠋ ᠵᠣᠨ ᠤ᠋ ᠴᠢᠯᠦᠬᠡᠨ ᠳ᠋ᠦ ᠠᠵᠢᠯᠲᠠᠨ ᠠᠵᠢᠯᠴᠢᠳ ᠲᠦ᠍ ᠰᠣᠶᠣᠯ ᠤ᠋ᠨ ᠲᠦᠭᠡᠮᠡᠯ ᠬᠠᠷᠠᠭᠠᠯᠵᠠᠯ ᠦᠵᠡᠬᠦᠯᠬᠦ ᠠᠵᠢᠯᠯᠠᠭ᠎ᠠ ᠥᠷᠨᠢᠭᠦᠯᠬᠦ ᠳ᠋ᠡᠭᠡᠨ  ᠲᠤᠰ ᠶᠠᠷᠢᠶᠠᠲᠦ ᠵᠦᠴᠦᠭᠡ ᠵᠢ ᠯᠢᠨ ᠾᠧ ᠡᠴᠡ ᠴᠡᠭᠡ ᠬᠦᠷᠬᠦ ᠵᠠᠮ ᠱᠤᠭᠤᠮ᠎ᠳᠠᠭᠠᠤ ᠲᠤᠭᠯᠠᠵᠠᠢ᠃

ᠭᠣᠪᠢ ᠨᠤᠲᠤᠭ ᠲᠦ᠍ ᠵᠦᠴᠦᠭᠡ ᠲᠤᠭᠯᠠᠨ᠎ᠠ ᠬᠡᠮᠡᠨ ᠲᠣᠭ᠍ᠯᠠᠭ᠍ᠴᠢᠳ 1000 ᠭᠠᠷᠤᠶ ᠺᠢᠯᠣᠮᠧᠲ᠋ᠷ ᠠᠶᠠᠯᠠᠵᠤ᠂ ᠮᠣᠳᠣᠨ ᠬᠦᠷᠢᠶ᠎ᠡ ᠥᠷᠲᠡᠭᠡ᠂ ᠡᠵᠡᠨ᠎ᠡ ᠥᠷᠲᠡᠭᠡ᠂ ᠰᠤᠬᠠᠢᠲᠦ ᠥᠷᠲᠡᠭᠡ ᠳ᠋ᠦ ᠵᠠᠯᠭᠠᠭ᠎ᠠ᠎ᠪᠠᠷ 3 ᠲᠠᠯᠠᠪᠠᠶ ᠲᠣᠭ᠍ᠯᠠᠵᠠᠶ᠃ ᠥᠷᠲᠡᠭᠡᠨ ᠤ᠋ ᠲᠠᠪᠴᠠᠩ ᠢ᠋ᠶ᠋ᠡᠷ ᠲᠤᠭᠯᠠᠯᠳᠠ ᠶ᠋ᠢᠨ ᠲᠠᠢᠰᠠ ᠪᠤᠯᠭᠠᠨ᠂ ᠨᠡᠯᠦᠭᠡᠷ ᠶᠡᠬᠡ ᠭᠣᠪᠢ ᠪᠣᠯᠤᠨ ᠤᠷᠲᠦ ᠡᠴᠡ ᠤᠷᠲᠦ ᠰᠤᠨᠤᠯᠵᠠᠭᠰᠠᠨ ᠲᠡᠮᠦᠷ ᠵᠠᠮ ᠢ᠋ᠶ᠋ᠡᠷ ᠬᠦᠰᠢᠬᠡ ᠪᠤᠯᠭᠠᠨ᠂ ᠪᠣᠳᠠᠲᠤ ᠦᠵᠡᠮᠵᠢ᠎ᠬᠢᠭᠡᠳ ᠲᠣᠭ᠍ᠯᠠᠯᠲᠠ ᠨᠢ ᠪᠦᠷᠢᠨ ᠠᠭᠤᠰᠤᠯᠴᠠᠵᠠᠢ᠃ 《ᠡᠨᠡ ᠲᠣᠭ᠍ᠯᠠᠯᠲᠠ ᠵᠢ ᠦᠵᠡᠭᠡᠳ ᠦᠨᠡᠬᠡᠷ ᠰᠡᠳᠭᠢᠯ ᠬᠦᠳᠡᠯᠦᠭᠰᠡᠨ᠂ ᠮᠠᠨ ᠤ᠋ ᠡᠬᠡᠯ ᠵᠢᠷ ᠤ᠋ᠨ ᠠᠵᠢᠯ ᠳ᠋ᠦ ᠠᠮᠢᠵᠢᠷᠠᠯ ᠤ᠋ᠨ ᠬᠦᠴᠦᠨ ᠨᠡᠮᠡᠷᠢᠯᠡᠪᠡ᠂ ᠲᠣᠭ᠍ᠯᠠᠭ᠍ᠴᠢᠳ᠎ᠬᠦᠴᠢᠷ ᠵᠦᠳᠡᠬᠦᠷᠢ ᠵᠢ ᠬᠠᠢᠬᠤᠷᠤᠯ ᠦᠭᠡᠢ᠎ᠪᠡᠷ ᠲᠡᠮᠤᠷ ᠵᠠᠮ ᠤ᠋ᠨ ᠡᠮᠦᠨ᠎ᠡ ᠹᠷᠣᠨᠲ ᠲᠦ᠍ ᠢᠷᠡᠵᠦ᠍᠂ ᠪᠢᠳᠡᠨ ᠳ᠋ᠦ ᠭᠣᠢᠳᠠ ᠰᠠᠢᠬᠠᠨ ᠲᠣᠭ᠍ᠯᠠᠯᠲᠠ ᠭᠠᠷᠭᠠᠵᠤ ᠥᠭ᠌ᠭᠦᠭ᠌ᠰᠡᠨ ᠳ᠋ᠦ ᠮᠠᠰᠢ ᠲᠠᠯᠠᠷᠬᠠᠵᠤ ᠪᠠᠢᠨ᠎ᠠ》 ᠭᠡᠵᠦ᠍ ᠮᠣᠳᠣᠨ ᠬᠦᠷᠢᠶ᠎ᠡ ᠥᠷᠲᠡᠭᠡᠨ ᠤ᠋ ᠲᠤᠰᠠᠯᠠᠭ᠍ᠴᠢ ᠵᠢᠵᠢᠭᠦᠷᠯᠡᠭ᠌ᠴᠢ ᠯᠢᠶᠠᠨ ᠺᠠᠢ ᠬᠣᠩ ᠱᠠᠭᠰᠢᠨ ᠮᠠᠭ᠍ᠲᠠᠵᠦ ᠭᠠᠷᠤᠯ᠎ᠠ ᠃

《ᠥᠷᠲᠡᠭᠡ》 ᠵᠦᠴᠦᠭᠡ᠎ᠳᠤ ᠠᠬᠠᠮᠠᠳ ᠵᠠᠯᠠᠭᠤ ᠬᠣᠶᠠᠷ ᠦᠶ᠎ᠡ ᠶ᠋ᠢᠨ ᠲᠡᠮᠦᠷ ᠵᠠᠮ ᠤ᠋ᠨ ᠠᠵᠢᠯᠳᠠᠨ᠎ᠦ ᠬᠦᠴᠢᠷ ᠪᠡᠷᠬᠡᠱᠢᠶᠡᠯ ᠢ᠋ ᠰᠦᠷᠦᠨ᠂ ᠠᠵᠢᠯ ᠤ᠋ᠨ ᠪᠠᠢᠷᠢ ᠪᠠᠨ ᠪᠠᠲᠤ ᠰᠠᠬᠢᠵᠦ ᠬᠠᠷᠠᠮ ᠦᠬᠡᠢ ᠵᠢᠳᠬᠦᠯ ᠦᠵᠡᠬᠦᠯᠦᠭᠰᠡᠨ ᠶᠠᠪᠤᠳᠠᠯ᠎ᠢ ᠬᠦᠦᠷᠨᠢᠵᠠᠢ᠃ ᠵᠦᠴᠦᠭᠡ ᠨᠢ 10 ᠭᠠᠷᠤᠶ ᠵᠢᠯ ᠠᠵᠢᠯᠯᠠᠭᠰᠠᠨ ᠠᠬᠠᠮᠠᠳ ᠲᠡᠮᠦᠷ ᠵᠠᠮ ᠤ᠋ᠨ ᠠᠵᠢᠯᠲᠠᠨ 《ᠯᠤᠤ ᠾᠧᠢ》 ᠪᠤᠯᠤᠨ ᠬᠣᠲᠠ ᠶ᠋ᠢᠨ ᠠᠮᠢᠳᠤᠷᠠᠯ ᠳ᠋ᠦ ᠪᠦᠪᠡᠢᠯᠡᠭᠳᠡᠨ ᠦᠰᠦᠭᠰᠡᠨ ᠱᠢᠨ᠎ᠡ ᠠᠵᠢᠯᠲᠠᠨ 《ᠱᠢᠶᠣᠤ ᠪᠠᠶ》 ᠬᠡᠬᠦ ᠡᠷᠡᠰ ᠤᠨᠳᠤᠤ ᠵᠠᠩ ᠠᠷᠠᠨᠰᠢᠨ᠎ᠲᠠᠶ ᠬᠤᠶᠠᠷ ᠬᠦᠮᠦᠨ ᠤ᠋ ᠡᠳᠦᠷ ᠲᠤᠲᠤᠮ ᠤ᠋ᠨ ᠠᠮᠢᠳᠤᠷᠠᠯ ᠢ᠋ ᠵᠢᠷᠤᠭ᠍ᠯᠠᠬᠤ᠎ᠪᠠᠷ ᠳᠠᠮᠵᠢᠭᠤᠯᠤᠨ᠂ ᠭᠣᠪᠢ ᠵᠢᠨ ᠦᠷᠦᠴᠡᠨ᠎ᠳᠡᠬᠢ ᠨᠢᠭᠡᠳᠦᠭᠡᠷ ᠹᠷᠣᠨᠲ ᠤ᠋ᠨ ᠲᠡᠮᠦᠷ ᠵᠠᠮ ᠤ᠋ᠨ ᠠᠵᠢᠯᠲᠠᠨ ᠠᠵᠢᠯᠴᠢᠨ ᠤ᠋ ᠤᠢᠳᠬᠠᠷ ᠭᠤᠨᠢᠭ ᠢ᠋ ᠢᠯᠡᠷᠡᠭᠦᠯᠵᠠᠢ ᠃

ᠵᠦᠴᠦᠭᠡ ᠳ᠋ᠦ᠂ 《ᠯᠤᠤ ᠾᠧᠢ》 ᠤᠰᠤ ᠪᠠᠨ ᠠᠷᠪᠢᠯᠠᠵᠤ᠂ ᠨᠣᠭᠣᠭ᠎ᠠ ᠪᠠᠨ ᠠᠷᠪᠢᠯᠠᠵᠦ ᠢᠳᠡᠵᠦ ᠪᠠᠢᠬᠤ ᠵᠢ ᠬᠠᠷᠠᠭᠠᠳ ᠱᠢᠶᠣᠤ ᠪᠠᠶ ᠦᠯᠦ ᠲᠤᠭᠤᠮᠰᠠᠷᠯᠠᠨ᠂ ᠵᠣᠷᠢᠭ ᠢ᠋ᠶ᠋ᠠᠷ ᠢ᠋ᠶ᠋ᠠᠨ ᠦᠶ᠋ᠯᠡᠳᠴᠦ᠍ ᠪᠠᠢᠯ᠎ᠠ᠃ ᠰᠠᠷ᠎ᠠ ᠶ᠋ᠢᠨ ᠰᠡᠭᠦᠯᠴᠢ ᠪᠣᠯᠵᠦ᠂ ᠤᠰᠤ ᠪᠤᠯᠤᠨ ᠠᠮᠢᠳᠤᠷᠠᠯ ᠤ᠋ᠨ ᠬᠡᠷᠡᠭᠰᠡᠯ ᠨᠢ ᠬᠦᠷᠴᠦ᠍ ᠢᠷᠡᠬᠦ ᠦᠭᠡᠢ ᠪᠤᠯᠬᠤ ᠳ᠋ᠦ᠂ ᠤᠰᠤ ᠢᠳᠡᠭᠡᠨ ᠠᠮᠢᠳᠤᠷᠠᠯ ᠤ᠋ᠨ ᠬᠡᠷᠡᠭᠰᠡᠯ ᠢ᠋ᠶ᠋ᠡᠨ ᠳᠠᠭᠤᠰᠬᠠᠴᠢᠬᠠᠭᠰᠠᠨ ᠱᠢᠶᠤᠤ ᠪᠠᠶ ᠭᠠᠴᠢᠭᠳᠠᠵᠦ ᠲᠦᠪᠡᠭᠳᠡᠵᠡᠢ᠃ ᠲᠡᠬᠡᠬᠦ ᠳ᠋ᠦ ᠶᠡᠷᠦ᠍᠎ᠡᠴᠡ ᠠᠷᠪᠢᠴᠢ ᠭᠠᠮᠲᠠᠶ ᠯᠤᠤ ᠾᠧᠢ ᠠᠷᠪᠢᠯᠠᠨ ᠬᠠᠳᠠᠭᠠᠯᠠᠵᠦ ᠪᠠᠢᠭᠰᠠᠨ ᠢᠳᠡᠭᠡᠨ ᠢ᠋ᠶ᠋ᠡᠨ ᠭᠠᠷᠭᠠᠵᠤ᠂ ᠱᠢᠶᠤᠤ ᠪᠠᠶ ᠲᠠᠶ ᠬᠠᠮᠲᠤ ᠪᠡᠷᠬᠡ ᠵᠢ ᠳᠤᠭᠤᠯᠵᠤ᠂ ᠬᠣᠶᠠᠭᠤᠯᠠ ᠪᠠᠨ ᠭᠦᠨ ᠵᠤᠵᠠᠭᠠᠨ ᠨᠥᠬᠥᠷᠯᠡᠯ ᠪᠠᠢᠭᠤᠯᠤᠭ᠍ᠰᠠᠨ ᠪᠠᠢᠯ᠎ᠠ᠃

《ᠥᠷᠲᠡᠭᠡ》 ᠵᠦᠴᠦᠭᠡ ᠨᠢ ᠪᠣᠢᠳᠠ ᠪᠦᠭ᠌ᠯᠡᠭᠦᠦ ᠭᠠᠵᠠᠷ ᠤᠷᠤᠨ ᠤ᠋ ᠵᠢᠵᠢᠭ ᠥᠷᠲᠡᠭᠡ᠎ᠨᠦᠭᠦᠳ ᠤ᠋ᠨ ᠲᠡᠮᠦᠷ ᠵᠠᠮ ᠤ᠋ᠨ ᠠᠵᠢᠯᠲᠠᠨ ᠠᠵᠢᠯᠴᠢᠳ ᠤ᠋ᠨ ᠲᠤᠯᠭᠠᠷᠠᠵᠤ ᠪᠠᠢᠭ᠎ᠠ ᠬᠦᠴᠢᠷ ᠵᠤᠪᠠᠭᠤᠷᠢ᠎ᠵᠢ ᠬᠦᠢᠴᠡᠳ ᠬᠠᠷᠠᠭᠤᠯᠪᠠ ᠃

768 ᠺᠢᠯᠤᠮᠸᠲᠷ ᠤ᠋ᠨ ᠯᠢᠨ ᠾᠧ᠎ᠡᠴᠡ ᠴᠡᠭᠡ ᠬᠦᠷᠬᠦ᠌ ᠲᠡᠮᠦᠷ ᠵᠠᠮ ᠳᠡᠭᠡᠷ᠎ᠡ᠂  ᠲᠠᠪᠤᠳᠤᠭᠠᠷ ᠳᠡᠰ ᠤ᠋ᠨ ᠵᠢᠵᠢᠬᠭᠡᠨ ᠦᠷᠳᠡᠭᠡ ᠮᠠᠰᠢ ᠤᠯᠠᠨ ᠪᠠᠢᠵᠦ᠂ ᠤᠯᠠᠩᠬᠢ ᠨᠢ ᠡᠵᠡᠬᠦᠢ ᠵᠡᠯᠢᠬᠦᠳ ᠭᠣᠪᠢ ᠶ᠋ᠢᠨ ᠭᠦᠨ ᠳ᠋ᠦ ᠪᠠᠢᠷᠢᠯᠠᠨ᠂ ᠡᠷᠬᠢᠨ ᠲᠣᠭᠣᠷᠢᠨ ᠤ᠋ 50 ᠺᠢᠯᠤᠮᠸᠲᠷ ᠤ᠋ᠨ ᠬᠡᠪᠴᠢᠶᠡᠨ ᠳ᠋ᠦ ᠵᠠᠰᠠᠮᠠᠯ ᠵᠠᠮ ᠨᠡᠪᠳᠡᠷᠡᠬᠦ ᠦᠭᠡᠢ᠂ ᠭᠠᠷ ᠤᠲᠠᠰᠤᠨ ᠤ᠋ ᠲᠤᠬᠢᠶ᠎ᠠ ᠦᠭᠡᠢ᠂ ᠭᠠᠯᠲᠤ ᠲᠡᠷᠭᠡ ᠵᠢ ᠲᠤᠰᠴᠤ᠌ ᠦᠳᠡᠬᠦ ᠦᠶ᠎ᠡ ᠶ᠋ᠢᠨ ᠣᠬᠣᠷᠬᠠᠨ ᠴᠠᠭ ᠤ᠋ᠨ ᠬᠦᠷ ᠨᠠᠷᠭᠢᠶᠠᠨ ᠡᠴᠡ ᠭᠠᠳᠠᠨ᠎ᠠ᠂ ᠪᠤᠰᠤᠳ ᠴᠠᠭ ᠲᠦ᠍ ᠬᠣᠶᠠᠭᠤᠯᠠᠬᠠᠨ ᠢ᠋ᠶ᠋ᠡᠨ ᠰᠠᠬᠢᠵᠤ ᠰᠠᠭᠤᠳᠠᠭ ᠪᠠᠢᠯ᠎ᠠ᠃

《ᠥᠷᠲᠡᠭᠡ》 ᠳ᠋ᠤ᠂ ᠶᠠᠭ ᠡᠢᠮᠦᠷᠬᠦᠦ 《ᠬᠣᠶᠠᠷᠬᠠᠨ ᠠᠵᠢᠯᠳᠠᠨ ᠲᠠᠢ ᠵᠢᠵᠢᠭ ᠥᠷᠲᠡᠭᠡ》 ᠶ᠋ᠢᠨ ᠥᠪᠡᠷᠮᠢᠴᠡ ᠥᠯᠢᠭᠡᠷ ᠤ᠋ᠨ ᠠᠬᠤᠶ ᠪᠠᠢᠳᠠᠯ ᠪᠠ ᠬᠦᠮᠦᠰ᠎ᠤᠨ ᠬᠠᠷᠢᠯᠴᠠᠭᠠᠨ ᠤ᠋ ᠤᠨᠴᠠᠯᠢᠭ ᠢ᠋ ᠪᠠᠷᠢᠵᠦ ᠂ ᠬᠠᠢᠷ᠎ᠠ ᠰᠡᠳᠭᠢᠯᠭᠡ ᠪᠠ ᠭᠦᠨ ᠪᠣᠳᠣᠯᠭᠠᠱᠢᠷᠠᠯ ᠢ᠋ᠶ᠋ᠠᠷ ᠲᠦᠬᠦᠷᠦᠭᠰᠡᠨ ᠤᠷᠠᠯᠢᠭ ᠤ᠋ᠨ ᠶᠢᠷᠲᠢᠨᠴᠦ᠍ ᠵᠢ ᠪᠦᠲᠦᠭᠡᠵᠠᠢ᠃ ᠪᠠᠶᠠᠯᠢᠭ ᠲᠤᠷᠱᠢᠯᠭ᠎ᠠ ᠲᠠᠢ᠂ ᠯᠠᠪᠳᠠᠭᠤᠨ ᠲᠦᠪᠯᠡᠬᠦᠨ᠂ ᠠᠵᠢᠯ᠎ᠳᠠᠭᠠᠨ ᠮᠠᠰᠢ ᠨᠠᠷᠢᠨ ᠬᠢᠨᠠᠮᠠᠭᠠᠢ  ᠯᠤᠤ ᠾᠧᠢ ᠶ᠋ᠢᠨ ᠲᠦᠷᠢ ᠨᠢ ᠬᠦᠮᠦᠰ ᠲᠦ᠍ ᠲᠡᠮᠤᠷ ᠵᠠᠮ ᠤ᠋ᠨ ᠠᠵᠢᠯᠳᠡᠨ ᠠᠵᠢᠯᠴᠢᠨ ᠤ᠋ ᠬᠠᠳᠠᠨ ᠵᠣᠷᠢᠭ ᠪᠣᠯᠤᠨ ᠪᠠᠷᠢᠮᠲᠠᠯᠠᠯ ᠢ᠋ ᠦᠵᠡᠭᠦᠯᠪᠡ᠃ ᠲᠡᠷᠡ ᠱᠢᠶᠣᠤ ᠪᠠᠢ ᠳ᠋ᠦ ᠬᠠᠳᠠᠭᠤ ᠰᠢᠷᠦᠭᠦᠨ ᠪᠠᠭ᠍ᠰᠢ ᠂ᠪᠠᠰᠠ ᠡᠨᠡᠷᠢᠩᠭᠦᠢ ᠲᠤᠳᠤᠨᠤ ᠠᠬᠠᠮᠠᠳ᠎ᠤᠨ ᠤᠪᠤᠷ ᠵᠢᠡᠷ ᠬᠠᠨᠳᠤᠳᠠᠭ ᠪᠠᠢ᠍ᠢᠯ᠎ᠠ᠃ ᠴᠤᠭ ᠵᠤᠯᠪᠤᠭᠠᠯᠢᠭ ᠮᠥᠷᠲᠡᠭᠡᠨ ᠬᠦᠭᠰᠡᠬᠦᠦ ᠵᠠᠩ ᠲᠠᠢ ᠱᠢᠶᠤᠤ ᠪᠠᠶ ᠲᠡᠬᠦᠨ ᠲᠠᠶ ᠬᠠᠮᠳᠤ ᠠᠵᠢᠯᠯᠠᠭᠠᠳ ᠠᠭᠠᠵᠢᠮ ᠢ᠋ᠶ᠋ᠡᠷ ᠲᠡᠮᠦᠷ ᠵᠠᠮ ᠤ᠋ᠨ ᠠᠵᠢᠯᠲᠠᠨ ᠠᠵᠢᠯᠴᠢᠨ ᠤ᠋ ᠥᠷᠲᠡᠭ ᠢ᠋ ᠮᠡᠳᠡᠷᠡᠳᠡᠭ᠃ ᠱᠢᠶᠤᠤ ᠪᠠᠶ  ᠶ᠋ᠢᠨ ᠦᠰᠦᠨ ᠪᠣᠢᠵᠢᠯᠲᠠ ᠪᠠ ᠬᠤᠪᠢᠷᠠᠯᠲᠠ ᠨᠢ ᠦᠶ᠎ᠡ ᠦᠶ᠎ᠡ ᠶ᠋ᠢᠨ ᠲᠡᠮᠦᠷ ᠵᠠᠮ ᠤ᠋ᠨ ᠠᠵᠢᠯᠲᠠᠨ ᠤ᠋ ᠦᠰᠦᠨ ᠪᠣᠢᠵᠢᠯᠳᠠ ᠶ᠋ᠢᠨ ᠶᠠᠪᠤᠴᠠ᠎ᠳᠠᠬᠢ ᠬᠦᠴᠢᠷ ᠪᠡᠷᠬᠡᠱᠢᠶᠡᠯ ᠢ᠋ ᠢᠯᠡᠷᠡᠭᠦᠯᠪᠡ᠃

ᠥᠪᠥᠷ ᠮᠣᠩᠭᠣᠯ ᠤ᠋ᠨ ᠤᠷᠠᠯᠢᠭ ᠵᠦᠴᠦᠭᠡ ᠶ᠋ᠢᠨ ᠬᠦᠷᠢᠶᠡᠯᠡᠩ ᠤ᠋ᠨ ᠶᠠᠷᠢᠶᠠᠲᠤ ᠵᠦᠴᠦᠭᠡ ᠶ᠋ᠢᠨ ᠪᠦᠯᠬᠦᠮ ᠤ᠋ᠨ ᠳᠠᠷᠤᠭ᠎ᠠ ᠾᠧ ᠳ᠋ᠠᠨ ᠶᠠᠨ᠄ 《ᠡᠨᠡ ᠬᠦ᠌ ᠶᠠᠷᠢᠶᠠᠲᠤ ᠵᠦᠴᠦᠭᠡ ᠵᠢ ᠵᠣᠬᠢᠶᠠᠨ ᠪᠦᠲᠦᠭᠡᠭ᠌ᠰᠡᠨ ᠤ᠋ ᠵᠣᠷᠢᠯᠭ᠎ᠠ ᠨᠢ ᠤᠷᠠᠨ ᠳᠠᠷᠬᠠᠨ ᠤ᠋ ᠵᠣᠷᠢᠭ ᠰᠠᠨᠠᠭ᠎ᠠ ᠵᠢ ᠢᠯᠡᠷᠡᠭᠦᠯᠵᠦ᠍᠂ ᠬᠥᠳᠡᠯᠮᠦᠷᠢᠴᠢᠳ ᠤ᠋ᠨ ᠲᠡᠮᠡᠴᠡᠯ ᠪᠣᠯᠤᠨ ᠪᠠᠷᠢᠮᠳᠠᠯᠠᠯ᠎ᠢ ᠬᠥᠮᠦᠰ ᠲᠦ᠍ ᠳᠡᠯᠭᠡᠨ ᠦᠵᠡᠭᠦᠯᠵᠦ᠍᠂ ᠨᠡᠩ ᠤᠯᠠᠨ ᠬᠥᠮᠦᠰ ᠢ᠋ ᠳᠠᠢ᠌ᠴᠢᠯᠠᠨ ᠲᠡᠰᠪᠦᠷᠢ ᠬᠠᠲᠠᠭᠤᠵᠢᠯᠲᠠᠢ ᠲᠡᠮᠡᠴᠡᠬᠦ᠌᠂ ᠵᠣᠪᠠᠭᠤᠷᠢ ᠵᠦᠳᠡᠭᠦᠷᠢ ᠵᠢ ᠲᠡᠰᠪᠦᠷᠢᠯᠡᠬᠦ᠌ ᠵᠣᠷᠢᠭ ᠰᠠᠨᠠᠭ᠎ᠠ ᠵᠢ ᠪᠠᠳᠠᠷᠠᠭᠤᠯᠬᠤ ᠶ᠋ᠢᠨ ᠲᠥᠯᠥᠭᠡ ᠶᠤᠮ》 ᠭᠡᠵᠦ ᠪᠠᠢᠯ᠎ᠠ᠃

ᠥᠪᠥᠷ ᠮᠣᠩᠭᠣᠯ ᠤ᠋ᠨ ᠤᠷᠠᠯᠢᠭ ᠵᠦᠴᠦᠭᠡ ᠶ᠋ᠢᠨ ᠬᠦᠷᠢᠶᠡᠯᠡᠩ ᠤ᠋ᠨ ᠶᠠᠷᠢᠶᠠᠲᠤ ᠵᠦᠴᠦᠭᠡ ᠶ᠋ᠢᠨ ᠪᠦᠯᠬᠦᠮ 《ᠥᠷᠲᠡᠭᠡ》 ᠶ᠋ᠢ ᠬᠢᠯᠢ ᠬᠢᠵᠠᠭᠠᠷ ᠤ᠋ᠨ ᠵᠢᠵᠢᠭ ᠥᠷᠲᠡᠭᠡ ᠳ᠋ᠦ ᠲᠤᠭᠯᠠᠭᠰᠠᠨ᠎ᠨᠢ ᠨᠢᠭᠡ ᠤᠳᠠᠭᠠᠨ ᠤ᠋ ᠭᠦᠨ ᠭᠦᠨᠵᠡᠭᠡᠶ ᠰᠣᠶᠣᠯ ᠤ᠋ᠨ ᠣᠢᠯᠠᠭᠠᠯᠲᠠ ᠪᠠ ᠬᠠᠢᠷ᠎ᠠ ᠰᠡᠳᠭᠢᠯᠭᠡ ᠶ᠋ᠢᠨ ᠠᠶᠠᠯᠠᠯ ᠪᠣᠯᠤᠨ᠎ᠠ᠃ ᠡᠯ᠎ᠡ ᠥᠷᠲᠡᠭᠡᠨ ᠤ᠋ ᠲᠣᠭ᠍ᠯᠠᠯᠲᠠ ᠳ᠋ᠦ᠂ 《ᠥᠷᠲᠡᠭᠡ》 ᠨᠢ ᠠᠵᠢᠯᠲᠠᠨ ᠠᠵᠢᠯᠴᠢᠨ ᠤ᠋ ᠠᠮᠢᠳᠤᠷᠠᠯ ᠳ᠋ᠦ ᠣᠢᠷᠠᠲᠤᠭ᠍ᠰᠠᠨ ᠵᠦᠴᠦᠭᠡ ᠶ᠋ᠢᠨ ᠦᠢᠯᠡ ᠶᠠᠪᠤᠳᠠᠯ᠂ ᠶᠦᠮᠦᠷᠯᠢᠭ ᠦᠢᠯᠡ ᠬᠦᠳᠡᠯᠦᠯ ᠵᠢᠡᠷ ᠵᠢᠠᠨ ᠦᠵᠡᠭ᠌ᠴᠢᠳ ᠤ᠋ᠨ ᠬᠠᠯᠠᠭᠤᠨ ᠬᠦᠷᠢᠶᠡᠯᠡᠯ ᠢ᠋ ᠣᠯᠵᠠᠶ᠃ ᠯᠢᠨ ᠾᠧ ᠶ᠋ᠢᠨ ᠡᠵᠡᠩᠨᠡᠯᠲᠡ ᠶ᠋ᠢᠨ ᠬᠡᠰᠡᠭ ᠤ᠋ᠨ ᠡᠵᠡᠨ᠎ᠡ ᠶ᠋ᠢᠨ ᠦᠢᠯᠡᠳᠪᠦᠷᠢ ᠶ᠋ᠢᠨ ᠲᠠᠰᠤᠭ ᠤ᠋ᠨ ᠠᠵᠢᠯᠴᠢᠨ ᠯᠢᠦ ᠴᠢᠨ᠄ 《ᠡᠨᠡ ᠬᠦ᠌ ᠶᠠᠷᠢᠶᠠᠲᠤ ᠵᠦᠴᠦᠭᠡ ᠵᠢ ᠦᠵᠡᠭᠡᠳ ᠤᠯᠠᠨ ᠶᠠᠭᠤᠮ᠎ᠠ ᠪᠤᠳᠤᠭᠳᠠᠭᠰᠠᠨ᠂ ᠵᠦᠴᠦᠭᠡ ᠶ᠋ᠢᠨ ᠳᠣᠲᠣᠷᠠᠬᠢ ᠱᠢᠶᠤᠤ ᠪᠠᠢ ᠵᠢ ᠬᠠᠷᠠᠭᠠᠳ ᠶᠠᠭ ᠯᠠ 15 ᠵᠢᠯ ᠤ᠋ᠨ ᠡᠮᠦᠨᠡᠬᠢ ᠥᠪᠡᠷ ᠢ᠋᠎ᠪᠡᠨ ᠣᠯᠵᠤ ᠦᠵᠡᠭ᠌ᠰᠡᠨ ᠰᠢᠭ᠂ ᠯᠤᠤ ᠾᠧᠢ  ᠪᠤᠯ ᠶᠠᠭ᠎ᠯᠡ ᠮᠠᠨᠤᠰ ᠤ᠋ᠨ ᠤᠢᠭ᠎ᠠ ᠦᠬᠡᠢ ᠪᠠᠷᠢᠮᠳᠠᠯᠠᠯ ᠢ᠋ ᠲᠦᠯᠦᠭᠡᠯᠡᠵᠦ ᠪᠠᠢᠬᠤ ᠰᠢᠭ᠋ ᠰᠠᠨᠠᠭᠳᠠᠭᠰᠠᠨ》 ᠭᠡᠵᠦ ᠪᠠᠢᠯ᠎ᠠ᠃

3 ᠲᠠᠯᠠᠪᠠᠢ ᠲᠣᠭ᠍ᠯᠠᠯᠲᠠ ᠤᠳᠠᠵᠦ ᠲᠦᠳᠡᠯ ᠦᠭᠡᠢ ᠳᠠᠭᠤᠰᠤᠯ᠎ᠠ᠃ ᠭᠠᠯᠲᠤ ᠲᠡᠷᠭᠡ ᠥᠷᠲᠡᠭᠡᠨ᠎ᠳᠦ ᠲᠦᠷ ᠵᠣᠭ᠍ᠰᠣᠭᠠᠳ ᠳᠠᠬᠢᠨ ᠳᠠᠷᠠᠭ᠎ᠠ ᠥᠷᠲᠡᠭᠡ᠎ᠵᠢ ᠴᠢᠭᠯᠡᠯ᠎ᠠ᠃ 《ᠪᠦᠬᠦ᠌ ᠤᠯᠤᠰ ᠤ᠋ᠨ ᠲᠣᠭᠣᠷᠢᠨ ᠲᠣᠭ᠍ᠯᠠᠯᠲᠠ ᠶᠠᠭ ᠲᠥᠯᠥᠪᠯᠡᠭᠡ᠎ᠳᠡᠭᠡᠨ ᠪᠠᠢᠨ᠎ᠠ᠂ ᠪᠢᠳᠡ ᠡᠨᠡ ᠬᠦ᠌ ᠠᠵᠢᠯ ᠤ᠋ᠨ ᠪᠠᠢᠷᠢ ᠪᠠᠨ ᠪᠠᠲᠤ ᠰᠠᠬᠢᠵᠤ᠂ ᠱᠢᠷᠭᠠᠭᠤ ᠬᠠᠲᠠᠭᠤᠵᠢᠯᠲᠠᠢ ᠲᠡᠮᠡᠴᠡᠭ᠌ᠰᠡᠨ ᠦᠯᠢᠭᠡᠷ ᠢ᠋ ᠨᠡᠩ ᠤᠯᠠᠨ ᠬᠥᠮᠦᠨ ᠳ᠋ᠦ ᠶᠠᠷᠢᠵᠤ ᠥᠭ᠌ᠬᠦ ᠪᠣᠯᠤᠨ᠎ᠠ》  ᠭᠡᠵᠦ᠍ ᠾᠧ ᠳ᠋ᠠᠨ ᠶᠠᠨ ᠬᠡᠯᠡᠨ᠎ᠠ ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号