《 ᠶᠠᠨᠱᠠᠨ ᠠᠭᠤᠯᠠ ᠶ᠋ᠢᠨ ᠠᠷᠤ ᠬᠤᠷᠮᠤᠢ·ᠵᠠᠭᠤᠨ ᠭᠠᠵᠠᠷ ᠤ᠋ᠨ ᠵᠢᠷᠤᠭ᠍ᠲᠤ ᠬᠤᠩᠬᠢᠯ》 ᠬᠠᠯᠠᠮᠰᠢᠯ ᠪᠤᠯᠵᠦ ᠨᠢᠩᠴᠧᠩ ᠰᠢᠶᠠᠨ᠄ ᠪᠡᠭᠡᠵᠢᠩ ᠲᠢᠶᠠᠨᠵᠢᠨ ᠾᠧᠪᠧᠶ ᠶ᠋ᠢᠨ 《ᠠᠷᠤ ᠴᠡᠴᠡᠷᠯᠢᠭ》 ᠢ᠋ ᠪᠥᠬᠥ᠌ ᠬᠦᠴᠦᠨ ᠢ᠋ᠶ᠋ᠡᠷ ᠢ᠋ᠶ᠋ᠡᠨ ᠴᠣᠭ᠍ᠴᠠᠯᠠᠨ ᠪᠠᠢᠭᠤᠯᠵᠦ ᠪᠠᠢᠨ᠎ᠠ
2024-12-25 10:38:29
ᠵᠣᠬᠢᠶᠠᠭ᠍ᠴᠢ᠄
ᠱᠢᠶᠤᠤ ᠯᠦ᠍
ᠣᠩᠱᠢᠭ᠍ᠰᠠᠨ ᠣᠳᠠᠭ᠎ᠠ᠄
★★★☆☆

ᠨᠢᠩᠴᠧᠩ ᠱᠢᠶᠠᠨ ᠤ᠋ ᠾᠧᠢ ᠴᠧᠩ ᠬᠤᠳᠠ ᠵᠢᠨ ᠪᠠᠭᠤᠷᠢ ᠡᠴᠡ ᠪᠠᠷᠠᠭᠤᠨᠰᠢ ᠳ᠋ᠠ ᠪᠠ ᠭᠸᠦ ᠬᠦᠷᠳᠡᠯ᠎ᠠ 505 ᠮᠤᠵᠢ ᠵᠢᠨ ᠲᠠᠰ᠎ᠤᠨ ᠵᠠᠰᠠᠮᠠᠯ ᠵᠠᠮ᠎ᠤᠨ 60 ᠺᠢᠯᠣᠮᠧᠲ᠋ᠷ ᠤ᠋ᠨ ᠬᠡᠰᠡᠭ ᠤᠯᠠᠨ ᠤ᠋ ᠠᠩᠬᠠᠷᠤᠯ ᠢ᠋ ᠤᠨᠴᠠᠭᠠᠢ ᠳᠠᠳᠠᠳᠠᠭ᠂  ᠵᠠᠮ᠎ᠤᠨ ᠬᠤᠶᠠᠷ ᠲᠠᠯ᠎ᠠ ᠪᠠᠷ ᠠᠭᠤᠯᠠ ᠤᠰᠤᠨ ᠤ᠋ ᠦᠩᠬᠡ ᠦᠵᠡᠮᠵᠢ ᠵᠢᠷᠤᠭ ᠤ᠋ᠨ ᠬᠤᠩᠬᠢᠯ ᠰᠢᠭ᠋ ᠰᠠᠢᠬᠠᠨ ᠪᠠᠢᠳᠠᠭ᠃ ᠡᠨᠡ ᠨᠢ 《ᠶᠠᠨᠱᠠᠨ ᠠᠭᠤᠯᠠ ᠶ᠋ᠢᠨ ᠠᠷᠤ ᠬᠣᠷᠮᠣᠢ ·ᠵᠠᠭᠤᠨ ᠭᠠᠵᠠᠷ ᠤ᠋ᠨ ᠵᠢᠷᠤᠭ᠍ᠲᠤ ᠬᠤᠩᠬᠢᠯ》᠂ ᠪᠡᠭᠡᠵᠢᠩ ᠲᠢᠶᠠᠨᠵᠢᠨ ᠾᠸᠪᠸᠢ ᠵᠢᠨ ᠪᠤᠭᠤᠮᠳᠠ ᠶ᠋ᠢᠨ ᠠᠷᠤ᠎ᠳᠡᠬᠢ ᠠᠮᠠᠷᠠᠨ ᠰᠡᠯᠡᠭᠦᠴᠡᠬᠦ᠌ 《ᠠᠷᠤ ᠴᠡᠴᠡᠷᠯᠢᠭ》 ᠬᠡᠮᠡᠨ ᠠᠯᠳᠠᠷᠰᠢᠵᠠᠢ᠃

ᠽᠢ ᠮᠧᠩ ᠨᠠᠭᠤᠷ᠂ ᠳ᠋ᠤᠤ ᠱᠢᠤᠢ ᠭᠧᠦ᠂ ᠳ᠋ᠦ᠋ ᠵᠢᠤᠸᠠᠨ ᠵᠤᠰᠠᠯᠠᠩ᠂ ᠳ᠋ᠠ ᠪᠠ ᠭᠸᠦ ᠵᠡᠷᠭᠡ ᠦᠵᠡᠮᠵᠢ ᠶ᠋ᠢᠨ ᠣᠷᠣᠨ᠂ ᠵᠠᠮ ᠳᠠᠭᠠᠤ ᠶ᠋ᠢᠨ ᠪᠠᠢᠭᠠᠯᠢ ᠶ᠋ᠢᠨ ᠦᠵᠡᠮᠵᠢ ᠪᠣᠯᠤᠨ ᠨᠡᠷᠡᠳᠤ ᠬᠠᠭᠤᠴᠢ ᠪᠠᠭᠤᠷᠢ ᠨᠢ ᠦᠵᠡᠰᠭᠦᠯᠡᠩᠲᠦ ᠰᠠᠢᠬᠠᠨ ᠬᠥᠳᠡᠭᠡ ᠲᠣᠰᠭᠣᠨ ᠪᠣᠯᠤᠨ ᠠᠭᠤᠯᠠ ᠤᠰᠤᠨ᠎ᠦ ᠦᠨᠭᠭᠡ ᠦᠵᠡᠮᠵᠢ ᠰᠣᠶᠣᠯ ᠢᠷᠭᠡᠨᠱᠢᠯ ᠢ᠋ ᠪᠦᠷᠢᠳᠦᠭᠦᠯᠵᠦ ᠬᠠᠯᠠᠮᠰᠢᠯ ᠪᠤᠯᠤᠭᠰᠠᠨ ᠢ᠋ᠶ᠋ᠡᠷ᠂  ᠨᠢᠩᠴᠧᠩ ᠱᠢᠶᠠᠨ ᠳᠡᠭᠡᠷ᠎ᠡ ᠬᠠᠭᠠᠰ ᠵᠢᠯ ᠳ᠋ᠦ ᠤᠯᠤᠰ ᠤ᠋ᠨ ᠳᠣᠲᠣᠭᠠᠳᠤ ᠶ᠋ᠢᠨ ᠵᠢᠭᠤᠯᠴᠢᠯᠠᠭᠴᠢ ᠵᠢ 164 ᠲᠦᠮᠡᠨ ᠬᠥᠮᠦᠨ ᠤᠳᠠᠭ᠎ᠠ ᠬᠦᠯᠢᠶᠡᠨ ᠠᠪᠴᠠᠢ᠃

《ᠶᠠᠨᠱᠠᠨ ᠠᠭᠤᠯᠠ ᠶ᠋ᠢᠨ ᠠᠷᠤ ᠬᠣᠷᠮᠣᠶ· ᠵᠠᠭᠤᠨ ᠭᠠᠵᠠᠷ ᠤ᠋ᠨ ᠵᠢᠷᠤᠭ᠍ᠲᠤ ᠬᠣᠩᠭᠢᠯ》ᠨᠢ《ᠠᠭᠤᠯᠠ᠂ ᠤᠰᠤ᠂ ᠣᠶ᠂ ᠵᠢᠯᠠᠭ᠎ᠠ᠂ ᠲᠠᠷᠢᠶ᠎ᠠ》 ᠶ᠋ᠢᠨ ᠠᠮᠢ ᠠᠬᠤᠶ ᠶ᠋ᠢᠨ ᠪᠠᠶᠠᠯᠢᠭ ᠳᠠᠪᠠᠭᠤᠯᠢᠭ᠎ᠲᠠᠶ ᠪᠠᠢᠵᠦ᠂ ᠠᠭᠤᠯᠠ ᠤᠰᠤ ᠣᠶ ᠬᠦᠪᠴᠢ ᠦᠩᠭᠡ ᠵᠤᠬᠢᠴᠠᠨ᠂ ᠣᠶ ᠱᠢᠭᠤᠶ ᠶ᠋ᠢᠨ ᠪᠦᠷᠬᠦᠴᠡ 65% ᠎ᠳᠤ ᠬᠦᠷᠴᠦ᠂ ᠠᠭᠤᠷ ᠠᠮᠢᠰᠬᠤᠯ ᠤᠨᠴᠠ ᠶ᠋ᠢᠨ ᠰᠡᠷᠢᠬᠦᠨ ᠳᠠᠭᠠᠯᠠᠮᠵᠢᠳᠠᠢ᠂ ᠪᠠᠷᠠᠭᠤᠨ ᠯᠢᠶᠣᠤᠾᠧ ᠭᠤᠤᠯ ᠤ᠋ᠨ ᠡᠬᠢ᠂ ᠪᠡᠭᠡᠵᠢᠩ ᠲᠢᠶᠠᠨᠵᠢᠨ ᠢ᠋ ᠲᠣᠭᠣᠷᠢᠭ᠍ᠰᠠᠨ ᠠᠮᠢ ᠠᠬᠤᠢ ᠶ᠋ᠢᠨ ᠬᠠᠯᠬᠠᠪᠴᠢ ᠪᠠ ᠤᠮᠠᠷᠠᠲᠤ ᠣᠷᠣᠨ ᠤ᠋ ᠤᠷᠭᠤᠮᠠᠯ ᠤ᠋ᠨ ᠰᠠᠩ ᠬᠥᠮᠥᠷᠭᠡ ᠂ ᠪᠠᠢᠭᠠᠯᠢᠯᠢᠭ ᠣᠶ ᠱᠢᠭᠤᠶ ᠶ᠋ᠢᠨ ᠬᠦᠴᠢᠯᠲᠥ᠋ᠷᠥᠭ᠌ᠴᠢᠳᠦ ᠤᠷᠤᠨ ᠪᠤᠯᠤᠨ᠎ᠠ᠃

ᠨᠢᠩᠴᠧᠩ ᠱᠢᠶᠠᠨ ᠤ᠋ ᠲᠢᠶᠠᠨ ᠢ ᠪᠠᠯᠭᠠᠰᠤ ᠡᠴᠡ ᠮᠣᠷᠳᠠᠵᠤ᠂  508 ᠤᠯᠤᠰ ᠤ᠋ᠨ ᠲᠠᠰ᠎ᠤᠨ ᠵᠠᠰᠠᠮᠠᠯ ᠵᠠᠮ ᠪᠣᠯᠤᠨ 505 ᠮᠤᠵᠢ ᠶ᠋ᠢᠨ ᠲᠠᠰ᠎ᠤᠨ ᠵᠠᠰᠠᠮᠠᠯ ᠵᠠᠮ ᠤ᠋ᠨ ᠠᠭᠤᠯᠵᠠᠷ᠎ᠲᠦ ᠠᠷᠪᠡᠨᠭᠡᠷ ᠲᠣᠰᠭᠣᠨ ᠢ᠋ᠶ᠋ᠡᠷ ᠳᠠᠮᠵᠢᠨ 《ᠶᠠᠨᠱᠠᠨ ᠠᠭᠤᠯᠠ ᠶ᠋ᠢᠨ ᠠᠷᠤ ᠬᠣᠷᠮᠣᠶ· ᠵᠠᠭᠤᠨ ᠭᠠᠵᠠᠷ ᠤ᠋ᠨ ᠵᠢᠷᠤᠭ᠍ᠲᠤ ᠬᠣᠩᠭᠢᠯ》 ᠎ᠳ᠋ᠦ ᠣᠷᠣᠪᠠᠯ᠂ 2400 ᠵᠢᠯ ᠤ᠋ᠨ ᠡᠮᠦᠨᠡᠬᠢ ᠾᠧᠢ ᠴᠧᠩ᠎ᠬᠤᠳᠠ ᠶ᠋ᠢᠨ ᠪᠠᠭᠤᠷᠢ  ᠬᠥᠷᠬᠥ ᠪᠤᠯᠤᠨ᠎ᠠ᠃

ᠪᠠᠢᠯᠳᠤᠭᠠᠨᠲᠤ ᠤᠯᠤᠰ ᠤ᠋ᠨ ᠦᠶ᠎ᠡ ᠳ᠋ᠦ᠂ ᠬᠠᠨ ᠤᠯᠤᠰ ᠤ᠋ᠨ ᠵᠠᠩᠵᠤᠨ ᠯᠢ ᠭᠤᠸᠠᠩ ᠽᠧᠩ ᠡᠨᠳᠡ ᠰᠠᠬᠢᠨ ᠰᠠᠭᠤᠵᠤ ᠪᠠᠢᠵᠠᠶ᠂ ᠡᠨᠡ ᠪᠣᠯ ᠲᠡᠦᠬᠡᠨ ᠳᠡᠭᠡᠷᠡᠬᠢ ᠴᠢᠬᠤᠯᠠ ᠴᠡᠷᠢᠭ ᠤ᠋ᠨ ᠶᠠᠪᠤᠳᠠᠯ ᠤ᠋ᠨ ᠪᠡᠬᠢᠯᠡᠯᠲᠡ ᠪᠠ ᠰᠣᠶᠣᠯ ᠤ᠋ᠨ ᠨᠡᠷᠡᠲᠦ ᠬᠣᠲᠠ ᠪᠣᠯᠤᠨ᠎ᠠ᠃ ᠹᠦ᠋ ᠹᠸᠩ ᠱᠠᠨ ᠠᠭᠤᠯᠠ᠎ᠪᠠᠷ ᠳᠠᠮᠵᠢᠨ ᠤᠷᠤᠪᠠᠯ᠂ ᠮᠢᠩᠭ᠎ᠠ ᠭᠠᠷᠤᠢ ᠵᠢᠯ ᠤ᠋ᠨ ᠲᠡᠥᠬᠡ ᠲᠠᠢ ᠯᠢᠶᠣᠤ ᠤᠯᠤᠰ ᠤ᠋ᠨ ᠦᠶ᠎ᠡ ᠶ᠋ᠢᠨ 5 ᠶᠡᠬᠡ ᠴᠢᠯᠠᠭᠤᠨ ᠠᠭᠤᠶ ᠂ ᠯᠢᠶᠣᠤ ᠤᠯᠤᠰ ᠤ᠋ᠨ ᠱᠢᠶᠣᠤ ᠣᠪᠣᠭ᠍ᠲᠤ ᠶ᠋ᠢᠨ ᠨᠢᠭᠡ ᠪᠦᠯᠦᠭ ᠣᠩᠭᠣᠨ ᠬᠠᠷᠠᠭᠳᠠᠨ᠎ᠠ᠃ 《ᠽᠢ ᠮᠸᠩ ᠬᠣ᠌ ᠨᠠᠭᠤᠷ ᠪᠣᠯ ᠨᠢᠩᠴᠧᠩ ᠤ᠋ᠨ ᠠᠷᠠᠳ ᠲᠦᠮᠡᠨ ᠤ᠋ ᠰᠡᠳᠭᠢᠯ ᠵᠢᠷᠦᠬᠡᠨ᠎ᠳᠡᠬᠢ〈ᠤᠯᠠᠭᠠᠨ ᠲᠤᠭ ᠰᠤᠪᠠᠭ〉 ᠪᠠᠢᠵᠤ᠂ ᠡᠷ᠎ᠡ ᠪᠡᠶ᠎ᠠ ᠶ᠋ᠢᠨ ᠬᠦᠴᠦ ᠡᠷᠳᠡᠮ ᠤᠬᠠᠭᠠᠨ ᠢ᠋ᠶ᠋ᠡᠷ ᠢ᠋ᠶ᠋ᠠᠨ ᠪᠠᠢᠭᠤᠯᠤᠭᠰᠠᠨ ᠬᠠᠱᠢᠯᠭ᠎ᠠ ᠶᠤᠮ》 ᠭᠡᠵᠦ ᠽᠢ ᠮᠸᠩ ᠬᠣ᠌ ᠦᠵᠡᠮᠵᠢ ᠶ᠋ᠢᠨ ᠣᠷᠣᠨ ᠤ᠋ ᠬᠠᠷᠢᠭᠤᠴᠠᠯᠭᠠᠲᠠᠨ ᠬᠡᠯᠡᠨ᠎ᠠ ᠃ 1976 ᠣᠨ ᠳ᠋ᠦ  ᠶᠡᠬᠡ ᠭᠠᠩ ᠬᠠᠭ᠍ᠰᠠᠷᠠᠭᠠᠨ ᠪᠤᠯᠵᠦ᠂  ᠲᠦᠮᠡ ᠭᠠᠷᠤᠢ ᠬᠦᠮᠦᠨ 6 ᠵᠢᠯ ᠬᠠᠲᠠᠭᠤᠵᠢᠯᠲᠠᠢ ᠠᠵᠢᠯᠯᠠᠵᠤ᠂ ᠠᠭᠤᠯᠠ ᠵᠢ ᠨᠦᠬᠡᠯᠡᠨ ᠴᠢᠯᠠᠭᠤ ᠮᠠᠯᠲᠠᠵᠤ᠂ ᠬᠠᠱᠢᠯᠭ᠎ᠠ ᠪᠠᠷᠢ᠂ ᠤᠰᠤᠨ ᠴᠥᠭᠥᠷᠥᠮ ᠪᠠᠢᠭᠤᠯᠵᠤ᠂ 《ᠲᠩᠷᠢ ᠭᠠᠵᠠᠷ᠎ᠲᠠᠶ ᠲᠡᠮᠡᠴᠡᠵᠦ᠍᠂ ᠲᠡᠰᠪᠦᠷᠢ ᠬᠠᠲᠠᠭᠤᠵᠢᠯᠲᠠᠢ ᠠᠵᠢᠯᠯᠠᠭᠰᠨᠨ》 ᠲᠤᠭ ᠢ᠋ ᠶᠠᠨᠱᠠᠨ ᠤ᠋ ᠨᠣᠶᠠᠨ ᠤᠷᠬᠢᠯ ᠳ᠋ᠦ ᠮᠠᠨᠳᠤᠭᠤᠯᠵᠠᠢ᠃

ᠽᠢ ᠮᠧᠩ ᠬᠣ᠌ ᠨᠠᠭᠤᠷ ᠤ᠋ᠨ ᠦᠵᠡᠮᠵᠢ ᠶ᠋ᠢᠨ ᠣᠷᠣᠨ ᠪᠥᠬᠥ᠌ ᠤᠯᠤᠰ ᠤ᠋ᠨ ᠴᠠᠬᠢᠯᠭᠠᠨ ᠬᠥᠳᠡᠯᠭᠡᠭᠦᠷᠲᠦ ᠳᠠᠪᠠᠯᠭᠠᠨ ᠥᠭ᠌ᠰᠥᠬᠦ᠌ ᠬᠠᠪᠲᠠᠰᠤᠨ ᠤ᠋ ᠮᠠᠩᠯᠠᠶ ᠱᠢᠯᠭᠠᠷᠠᠭᠤᠯᠬᠤ ᠤᠷᠤᠯᠳᠤᠭᠠᠨ᠂ ᠣᠯᠠᠨ ᠤᠯᠤᠰ ᠤ᠋ᠨ ᠯᠤᠸ᠋ᠲᠤ ᠣᠩᠭᠣᠴᠠ ᠶ᠋ᠢᠨ ᠢᠯᠡ ᠤᠷᠤᠯᠳᠤᠭᠠᠨ ᠵᠡᠷᠭᠡ ᠪᠥᠬᠥ᠌ ᠤᠯᠤᠰ ᠲᠦ᠍ ᠨᠥᠯᠥᠭᠡ ᠶᠡᠬᠡᠳᠡᠢ ᠣᠰᠣᠨ ᠳᠡᠭᠡᠷᠡᠬᠢ ᠤᠷᠤᠯᠳᠤᠭᠠᠨ ᠢ᠋ ᠳᠠᠭᠠᠭᠠᠴᠢᠯᠠᠨ ᠡᠷᠭᠢᠯᠡᠵᠦ᠍᠂ ᠪᠣᠭᠣᠮᠲᠠ ᠶ᠋ᠢᠨ ᠭᠠᠳᠠᠨᠠᠬᠢ 《ᠤᠯᠠᠭᠠᠨ ᠲᠣᠭ ᠰᠤᠪᠠᠭ》  ᠱᠢᠨ᠎ᠡ ᠳᠦᠷᠰᠦ ᠪᠠᠢᠳᠠᠯ᠎ᠲᠠᠶ ᠪᠣᠯᠪᠠ᠃

ᠦᠷᠭᠦᠯᠵᠢᠯᠡᠨ ᠳᠤᠳᠤᠭᠰᠢᠯᠠᠵᠦ ᠬᠤᠷᠬᠤᠭ ᠪᠠᠯᠭᠠᠰᠤᠨ ᠤ᠋ ᠨᠠᠨ ᠮᠤᠤ ᠲᠣᠰᠭᠣᠨ ᠳ᠋ᠦ ᠬᠦᠷᠪᠠᠯ᠂ ᠤᠯᠠᠭᠠᠨᠬᠠᠳᠠ ᠶ᠋ᠢᠨ ᠡᠮᠦᠨ᠎ᠡ ᠬᠡᠰᠡᠭ ᠤ᠋ᠨ ᠣᠷᠣᠨ ᠪᠦᠰᠡ ᠶ᠋ᠢᠨ ᠴᠢᠨᠠᠷᠲᠠᠢ ᠵᠢᠭᠤᠯᠴᠢᠯᠠᠯ ᠤ᠋ᠨ ᠲᠥᠪᠯᠡᠷᠡᠭᠦᠯᠦᠨ ᠲᠠᠷᠬᠠᠭᠠᠬᠤ ᠦᠢᠯᠡᠴᠢᠯᠡᠭᠡᠨ ᠤ᠋ ᠲᠥᠪ ᠤ᠋ᠨ ᠬᠡᠭᠡᠨᠴᠢᠷ ᠰᠠᠢᠬᠠᠨ ᠰᠦᠯᠳᠡ ᠪᠠᠷᠢᠯᠭ᠎ᠠ ᠨᠢ  ᠠᠭᠤᠯᠠ ᠤᠰᠤ ᠲᠠᠢ ᠨᠡᠢᠯᠡᠨ    ᠦᠩᠬᠡ   ᠢᠯᠭᠠᠷᠠᠵᠦ᠂  ᠤᠮᠠᠷᠠᠲᠤ ᠣᠷᠣᠨ   ᠳ᠋ᠦ ᠪᠠᠢᠭᠰᠠᠨ᠎ᠴᠦ ᠵᠡᠭᠦᠳᠦ ᠵᠡᠷᠭᠡᠯᠭᠡᠨ  ᠮᠡᠳᠦ   ᠵᠢᠶᠠᠩᠨᠠᠨ ᠤ᠋ ᠦᠵᠡᠮᠵᠢ ᠵᠢ ᠰᠣᠨᠢᠷᠬᠠᠵᠤ ᠪᠠᠢᠭ᠎ᠠ ᠲᠦᠷᠦᠭᠳᠡᠯ ᠦᠭᠳᠡᠭ᠃ ᠡᠨᠡ ᠪᠣᠯ ᠨᠢᠩᠴᠧᠩ ᠱᠢᠶᠠᠨ ᠤ᠋ ᠵᠢᠭᠤᠯᠴᠢᠯᠠᠯ ᠤ᠋ᠨ ᠶᠡᠷᠦᠩᠬᠡᠢᠯᠡᠭ᠌ᠰᠡᠨ ᠦᠶ᠋ᠯᠡᠴᠢᠯᠡᠭᠡᠨ ᠤ᠋ ᠵᠢᠱ᠌ᠢᠶ᠎ᠡ ᠦᠵᠡᠭᠦᠯᠬᠦ᠌ ᠴᠣᠩᠬᠣ᠂ ᠵᠠᠭᠤᠨ ᠭᠠᠵᠠᠷ ᠤ᠋ᠨ ᠵᠢᠷᠤᠭ᠍ᠲᠤ ᠬᠣᠩᠭᠢᠯ ᠤ᠋ᠨ ᠴᠢᠬᠤᠯᠠ ᠵᠠᠩᠭᠢᠯᠠᠭ᠎ᠠ ᠶ᠋ᠢᠨ ᠴᠡᠭ ᠪᠠ ᠪᠡᠯᠭᠡ ᠲᠡᠮᠳᠡᠭ ᠤ᠋ᠨ ᠴᠢᠨᠠᠷᠲᠠᠶ ᠪᠠᠷᠢᠯᠭ᠎ᠠ ᠪᠣᠯᠤᠨ᠎ᠠ᠃ ᠦᠢᠯᠡᠴᠢᠯᠡᠬᠡᠨ ᠤ᠋ ᠲᠥᠪ ᠨᠢ ᠽᠢ ᠮᠸᠩ ᠬᠣ᠌ ᠨᠠᠭᠤᠷ ᠪᠠ ᠳ᠋ᠤᠤ ᠱᠢᠤᠢ ᠭᠸᠤ ᠵᠢ ᠬᠣᠯᠪᠣᠵᠤ᠂ ᠵᠠᠭᠤᠨ ᠭᠠᠵᠠᠷ ᠤ᠋ᠨ ᠵᠢᠷᠤᠭ᠍ᠲᠤ ᠬᠣᠩᠭᠢᠯ ᠤ᠋ᠨ ᠬᠠᠮᠤᠭ ᠤ᠋ᠨ ᠭᠣᠶᠣ ᠥᠷᠲᠡᠭᠡ ᠪᠣᠯᠤᠨ᠎ᠠ ᠃

ᠳ᠋ᠤᠤ ᠱᠢᠤᠢ ᠭᠸᠦ ᠦᠵᠡᠮᠵᠢ ᠶ᠋ᠢᠨ ᠣᠷᠣᠨ ᠨᠢ 《ᠪᠣᠭᠣᠮᠲᠠ ᠶ᠋ᠢᠨ ᠭᠠᠳᠠᠨᠠᠬᠢ ᠵᠢᠦ ᠵᠠᠶ ᠭᠸᠦ》 ᠬᠡᠮᠡᠬᠦ ᠰᠠᠢᠬᠠᠨ ᠠᠯᠳᠠᠷ ᠳᠠᠢ᠃  ᠡᠨᠳᠡ ᠰᠡᠬᠦᠢᠨ ᠪᠤᠰᠤᠭᠰᠠᠨ ᠪᠣᠷᠵᠢᠨ ᠴᠢᠯᠠᠭᠤᠨ ᠴᠥᠭᠥᠷᠥᠮ᠂ ᠴᠢᠳᠭᠤᠯᠠᠨ ᠪᠠᠭᠤᠭᠰᠠᠨ ᠴᠢᠯᠠᠭᠤᠨ ᠭᠤᠤᠯ ᠪᠠᠢᠬᠤ ᠪᠦᠭᠡᠳ ᠪᠠᠰᠠ ᠤᠨᠢᠶᠠᠷ ᠬᠦᠰᠢᠭᠡᠯᠡᠭᠰᠡᠨ ᠠᠭᠤᠯᠠᠷᠬᠠᠬ ᠭᠠᠵᠠᠷ᠎ᠤᠨ ᠲᠠᠯ᠎ᠠ ᠨᠤᠲᠤᠭ ᠲᠠᠢ᠃

60 ᠺᠢᠯᠣᠮᠧᠲ᠋ᠷ ᠤ᠋ᠨ ᠲᠡᠭᠦᠰᠭᠡᠯ ᠳ᠋ᠦ᠂ ᠪᠠᠢᠭᠠᠯᠢ ᠶ᠋ᠢᠨ ᠬᠦᠴᠢᠯᠲᠥ᠋ᠷᠥᠭ᠌ᠴᠢᠲᠦ ᠤᠷᠤᠨ ᠤ᠋ ᠳ᠋ᠠ ᠪᠠ ᠭᠧᠦ ᠶ᠋ᠢᠨ ᠦᠵᠡᠮᠵᠢ ᠶ᠋ᠢᠨ ᠣᠷᠣᠨ ᠳ᠋ᠦ ᠭᠥᠷᠳᠡᠭ᠃ ᠦᠵᠡᠮᠵᠢ ᠶ᠋ᠢᠨ ᠣᠷᠣᠨ ᠳ᠋ᠦ ᠪᠠᠢᠷᠢᠯᠠᠵᠤ ᠪᠠᠢᠭ᠎ᠠ ᠰᠥᠩ ᠹᠸᠩ ᠵᠤᠰᠠᠯᠠᠩ ᠪᠣᠯ ᠪᠥᠬᠥ᠌ ᠤᠯᠤᠰ ᠤ᠋ᠨ ᠰᠡᠯᠡᠭᠦᠴᠡᠯ ᠤ᠋ᠨ ᠲᠠᠷᠢᠶᠠᠯᠠᠩ ᠬᠢᠭᠡᠳ ᠬᠥᠳᠡᠭᠡ ᠲᠣᠰᠭᠣᠨ ᠤ᠋ ᠵᠢᠭᠤᠯᠴᠢᠯᠠᠯ ᠤ᠋ᠨ ᠵᠢᠱ᠌ᠢᠶ᠎ᠡ ᠦᠵᠡᠭᠦᠯᠬᠦ᠌ ᠴᠡᠭ ᠪᠣᠯᠤᠨ᠎ᠠ᠂ ᠥᠪᠡᠷᠲᠡᠭᠡᠨ ᠵᠠᠰᠠᠬᠤ ᠣᠷᠣᠨ ᠤ᠋ ᠲᠠᠪᠤᠨ ᠣᠳᠣᠨ ᠲᠠᠰ ᠤ᠋ᠨ ᠬᠥᠳᠡᠭᠡ ᠲᠣᠰᠭᠣᠨ ᠤ᠋ ᠵᠢᠭᠤᠯᠴᠢᠯᠠᠯ ᠤ᠋ᠨ ᠭᠥᠯᠢᠶᠡᠨ ᠠᠪᠤᠭ᠍ᠴᠢ᠂ ᠳᠤᠮᠳᠠᠳᠤ ᠤᠯᠤᠰ ᠤ᠋ᠨ ᠣᠨᠴᠠᠯᠢᠭ᠎ᠲᠠᠶ 10 ᠰᠤᠳᠤᠨ ᠭᠡᠷ ᠪᠠᠭᠤᠳᠠᠯ᠎ᠤᠨ ᠨᠢᠭᠡ ᠪᠠᠢᠵᠤ᠂  100 ᠭᠠᠷᠤᠶ ᠬᠥᠮᠦᠨ ᠴᠤᠬ ᠬᠣᠭᠣᠯᠠᠯᠠᠵᠦ ᠪᠣᠯᠤᠨ᠎ᠠ᠃

《〈ᠶᠠᠨᠱᠠᠨ ᠠᠭᠤᠯᠠ ᠶ᠋ᠢᠨ ᠠᠷᠤ ᠬᠣᠷᠮᠣᠶ· ᠵᠠᠭᠤᠨ ᠭᠠᠵᠠᠷ ᠤ᠋ᠨ ᠵᠢᠷᠤᠭ᠍ᠲᠤ ᠬᠣᠩᠭᠢᠯ〉 ᠤ᠋ᠨ 60 ᠺᠢᠯᠣᠮᠧᠲ᠋ᠷ ᠤ᠋ᠨ ᠪᠥᠬᠥ᠌ ᠵᠠᠮ ᠨᠢ ᠵᠢᠷᠤᠭ ᠮᠡᠲᠦ ᠭᠣᠶᠣ ᠪᠠᠢᠵᠤ᠂ ᠵᠢᠭᠤᠯᠴᠢᠯᠠᠯ ᠤ᠋ᠨ ᠭᠤᠤᠯ ᠬᠦᠴᠦᠨ ᠪᠣᠯᠵᠣ᠂ 2024 ᠣᠨ ᠤ᠋ ᠳᠡᠭᠡᠷ᠎ᠠ ᠬᠠᠭᠠᠰ ᠵᠢᠯ ᠳ᠋ᠦ ᠪᠥᠬᠥ᠌ ᠱᠢᠶᠠᠨ ᠢ᠋ᠶ᠋ᠠᠷ ᠢ᠋ᠶ᠋ᠠᠨ ᠤᠯᠤᠰ ᠤ᠋ᠨ ᠳᠣᠲᠣᠭᠠᠳᠤ ᠶ᠋ᠢᠨ ᠵᠢᠭᠤᠯᠴᠢᠯᠠᠭ᠍ᠴᠢ ᠵᠢ 164 ᠲᠦᠮᠡᠨ ᠬᠥᠮᠦᠨ ᠤᠳᠠᠭ᠎ᠠ ᠭᠥᠯᠢᠶᠡᠨ ᠠᠪᠴᠤ᠌᠂ ᠠᠳᠠᠯᠢ ᠬᠤᠭᠤᠴᠠᠭᠠᠨ ᠤ᠋ ᠬᠢ᠎ᠡᠴᠡ 58% ᠪᠡᠷ ᠨᠡᠮᠡᠭ᠌ᠳᠡᠪᠡ;  ᠵᠢᠭᠤᠯᠴᠢᠯᠠᠯ ᠤ᠋ᠨ ᠶᠡᠷᠦᠩᠬᠡᠶ ᠤᠷᠤᠯᠭ᠎ᠠ 16.4 ᠳ᠋ᠦᠩᠱᠢᠭᠤᠷ ᠲᠥᠭᠥᠷᠢᠭ᠎ᠲᠦ ᠬᠦᠷᠴᠦ᠍᠂ ᠠᠳᠠᠯᠢ ᠬᠤᠭᠤᠴᠠᠭᠠᠨ ᠤ᠋᠎ᠬᠢ᠎ᠡᠴᠡ 22.4% ᠎ᠪᠠᠷ ᠨᠡᠮᠡᠭ᠌ᠳᠡᠪᠡ》 ᠭᠡᠵᠦ ᠨᠢᠩᠴᠧᠩ ᠱᠢᠶᠠᠨ ᠤ᠋ ᠰᠣᠶᠣᠯ ᠵᠢᠭᠤᠯᠴᠢᠯᠠᠯ ᠪᠡᠶ᠎ᠡ ᠶ᠋ᠢᠨ ᠲᠠᠮᠢᠷ ᠤ᠋ᠨ ᠲᠣᠪᠴᠢᠶᠠᠨ ᠤ᠋ ᠬᠠᠷᠢᠭᠤᠴᠠᠯᠭᠠᠳᠠᠨ ᠶᠠᠷᠢᠵᠦ ᠪᠠᠢᠪᠠ᠂ ᠨᠢᠩᠴᠧᠩ ᠱᠢᠶᠠᠨ ᠤ᠋ ᠦᠵᠡᠮᠵᠢ ᠶ᠋ᠢᠨ ᠣᠷᠣᠨ ᠪᠠ ᠦᠵᠡᠮᠵᠢ ᠶ᠋ᠢᠨ ᠴᠡᠭ ᠲᠠᠰ ᠳᠡᠪᠱᠢᠬᠦ᠌ ᠲᠦᠷᠭᠡᠨ ᠵᠠᠮ ᠳ᠋ᠦ ᠣᠷᠣᠵᠤ᠂ ᠠᠵᠤ ᠦᠶ᠋ᠯᠡᠰ ᠤ᠋ᠨ ᠬᠥᠭ᠌ᠵᠢᠯᠲᠡ᠂ ᠬᠥᠳᠡᠭᠡ ᠲᠣᠰᠭᠣᠨ ᠢ᠋ ᠬᠥᠭ᠌ᠵᠢᠭᠦᠯᠦᠨ ᠮᠠᠨᠳᠤᠭᠤᠯᠬᠤ ᠱᠢᠨ᠎ᠡ ᠦᠵᠡᠮᠵᠢ ᠵᠢ ᠵᠢᠷᠤᠭ᠍ᠯᠠᠵᠦ ᠪᠤᠢ᠃

《ᠶᠠᠨᠱᠠᠨ ᠠᠭᠤᠯᠠ ᠶ᠋ᠢᠨ ᠠᠷᠤ ᠬᠣᠷᠮᠣᠶ·ᠵᠠᠭᠤᠨ ᠭᠠᠵᠠᠷ ᠤ᠋ᠨ ᠵᠢᠷᠤᠭ᠍ᠲᠤ ᠬᠣᠩᠭᠢᠯ》ᠨᠢ ᠠᠵᠤ ᠠᠬᠤᠶ᠂ ᠨᠡᠢᠭᠡᠮ᠂ ᠰᠣᠶᠣᠯ ᠤ᠋ᠨ ᠣᠯᠠᠨ ᠡᠵᠡᠩᠨᠡᠯᠲᠡ ᠶ᠋ᠢᠨ ᠬᠡᠯᠪᠡᠷᠢ ᠵᠢ ᠠᠭᠤᠰᠤᠯᠴᠠᠭᠤᠯᠤᠨ ᠬᠥᠭ᠌ᠵᠢᠭᠦᠯᠬᠦ᠌ ᠴᠣ ᠱᠢᠨ᠎ᠡ ᠲᠠᠪᠴᠠᠩ ᠢ᠋ ᠪᠠᠢᠭᠤᠯᠵᠤ᠂ ᠬᠡᠷᠡᠭ᠌ᠯᠡᠭᠡ ᠵᠢᠨ ᠱᠢᠨ᠎ᠡ ᠪᠠᠢᠳᠠᠯ ᠢ᠋ ᠪᠣᠶ ᠪᠣᠯᠭᠠᠪᠠ᠂ ᠣᠲᠣᠬᠠᠨ ᠪᠣᠯᠲᠠᠯ᠎ᠠ 15 ᠲᠥᠷᠥᠯ ᠵᠦᠶ᠋ᠯ ᠢ᠋ ᠲᠥᠰᠦᠪᠯᠡᠵᠦ᠍᠂ ᠨᠡᠢᠲᠡ 21 ᠳ᠋ᠦᠩᠱᠢᠭᠤᠷ ᠲᠥᠭᠥᠷᠢᠭ ᠤ᠋ᠨ ᠪᠠᠯᠠ ᠣᠷᠣᠭᠤᠯᠵᠤ᠂ ᠣᠷᠣᠨ ᠪᠦᠰᠡ ᠶ᠋ᠢᠨ ᠳᠣᠲᠣᠷᠠᠬᠢ ᠡᠯ᠎ᠡ ᠡᠵᠡᠩᠨᠡᠯᠲᠡ ᠶ᠋ᠢᠨ ᠬᠡᠯᠪᠡᠷᠢ ᠵᠢ ᠬᠠᠮᠤᠷᠴᠠᠢ᠃

—《ᠵᠢᠭᠤᠯᠴᠢᠯᠠᠯ + ᠲᠠᠷᠢᠶᠠᠯᠠᠩ》 ᠨᠢ《ᠨᠢᠭᠡ ᠲᠣᠭᠣᠷᠢᠭ ᠬᠣᠶᠠᠷ ᠪᠦᠰᠡ ᠳᠥᠷᠪᠡᠨ ᠣᠷᠣᠨ ᠣᠯᠠᠨ ᠴᠡᠭ》 ᠬᠥᠳᠡᠭᠡ ᠲᠣᠰᠭᠣᠨ ᠤ᠋ ᠵᠢᠭᠤᠯᠴᠢᠯᠠᠯ ᠤ᠋ᠨ ᠱᠢᠨ᠎ᠡ ᠪᠠᠢᠷᠢᠱᠢᠯ ᠢ᠋ ᠪᠣᠶ ᠪᠣᠯᠭᠠᠪᠠ᠃ 《ᠨᠢᠭᠡ ᠪᠠᠯᠭᠠᠰᠤ ᠨᠢᠭᠡ ᠠᠵᠤ ᠦᠢᠯᠡᠰ᠂ ᠨᠢᠭᠡ ᠲᠣᠰᠭᠣᠨ ᠨᠢᠭᠡ ᠲᠦᠷᠦᠯ ᠲᠡᠮᠳᠡᠭ》 ᠲᠠᠢ ᠪᠠᠢᠵᠤ ᠂ ᠬᠤᠷᠬᠤᠭ ᠪᠠᠯᠭᠠᠰᠤᠨ ᠤ᠋ ᠠᠮᠢ ᠠᠬᠤᠢ ᠶ᠋ᠢᠨ ᠵᠢᠭᠤᠯᠴᠢᠯᠠᠯ᠂ ᠬᠠᠷᠠᠬᠤᠳᠠ ᠶ᠋ᠢᠨ ᠰᠣᠶᠣᠯ ᠤ᠋ᠨ ᠵᠢᠭᠤᠯᠴᠢᠯᠠᠯ᠂ ᠱᠧᠩ ᠴᠢᠤᠸᠠᠨ ᠤ᠋ ᠤᠨᠴᠠᠯᠢᠬ᠍ᠳᠤ ᠪᠠᠯᠭᠠᠰᠤ ᠶ᠋ᠢᠨ ᠵᠢᠭᠤᠯᠴᠢᠯᠠᠯ᠂ ᠯᠢᠶᠣᠤ ᠶ᠋ᠢᠨ ᠰᠣᠶᠣᠯ ᠤ᠋ᠨ ᠬᠠᠮᠠᠭᠠᠯᠠᠯᠲᠠ ᠵᠡᠷᠭᠡ 4 ᠵᠢᠭᠤᠯᠴᠢᠯᠠᠯ ᠤ᠋ᠨ ᠵᠢᠱ᠌ᠢᠢ᠎ᠡ ᠦᠵᠡᠭᠦᠯᠬᠦ᠌ ᠣᠷᠣᠨ ᠢ᠋ ᠴᠣᠭ᠍ᠴᠠᠯᠠᠵᠤ ᠂ ᠵᠠᠭᠤᠨ ᠭᠠᠵᠠᠷ ᠤ᠋ᠨ ᠵᠢᠷᠤᠭ᠍ᠲᠤ ᠬᠤᠩᠬᠢᠯ ᠤ᠋ᠨ ᠥᠪᠡᠷᠮᠢᠴᠡ ᠦᠵᠡᠮᠵᠢ ᠶ᠋ᠢᠨ ᠴᠡᠭ ᠪᠤᠯᠵᠠᠢ ᠃

— 《ᠵᠢᠭᠤᠯᠴᠢᠯᠠᠯ + ᠰᠣᠶᠣᠯ》 ᠨᠢ ᠬᠠᠮᠤᠭ ᠤ᠋ᠨ ᠲᠠᠭᠠᠯᠠᠮᠵᠢᠲᠠᠶ ᠦᠵᠡᠮᠵᠢ ᠵᠢ ᠪᠣᠶ ᠪᠣᠯᠭᠠᠪᠠ᠃ ᠲᠦᠷᠪᠡᠨ ᠤᠯᠠᠷᠢᠯ᠎ᠤᠨ ᠵᠢᠭᠤᠯᠴᠢᠯᠠᠯ ᠵᠢᠴᠢ ᠪᠠᠶᠠᠷ ᠳᠤᠷᠠᠰᠭᠠᠯ ᠤ᠋ᠨ ᠡᠳᠦᠷ᠎ᠤᠨ ᠠᠵᠢᠯᠯᠠᠭ᠎ᠠ ᠨᠢ ᠤᠷᠤᠰᠬᠠᠯ ᠳᠠᠭᠠᠭᠰᠠᠨ ᠰᠣᠶᠣᠯ ᠵᠢᠭᠤᠯᠴᠢᠯᠠᠯ ᠤ᠋ᠨ ᠠᠴᠢᠶᠠᠯᠠᠭ᠍ᠴᠢ ᠪᠣᠯᠵᠠᠶ᠃ ᠠᠭᠤᠯᠠ ᠤᠰᠤᠨ ᠤ᠋ ᠦᠵᠡᠮᠵᠢ᠂ ᠰᠣᠶᠣᠯ ᠤ᠋ᠨ ᠤᠢᠯᠠᠭᠠᠯᠳᠠ ᠂ ᠵᠠᠩ ᠦᠢᠯᠡ ᠂ ᠠᠮᠢ ᠠᠬᠤᠢ ᠶ᠋ᠢᠨ ᠰᠡᠯᠡᠭᠦᠴᠡᠯ᠂ ᠦᠵᠡᠮᠵᠢ ᠰᠣᠨᠢᠷᠬᠠᠬᠤ᠂  ᠪᠠᠶᠠᠷ ᠳᠤᠷᠠᠰᠭᠠᠯ᠂ ᠨᠤᠲᠤᠭ ᠤᠰᠤᠨ ᠤ᠋ ᠮᠥᠷᠥᠭᠡᠳᠦᠯ᠂ ᠪᠡᠶ᠎ᠡ ᠶ᠋ᠢᠨ ᠲᠠᠮᠢᠷ᠂ ᠡᠬᠡ ᠪᠠᠢᠭᠠᠯᠢ ᠵᠢ ᠰᠤᠨᠢᠷᠬᠠᠬᠤ ᠵᠡᠷᠭᠡ ᠥᠪᠡᠷᠮᠢᠴᠡ ᠣᠨᠴᠠᠯᠢᠭ᠎ᠲᠠᠶ ᠰᠣᠶᠣᠯ ᠵᠢᠭᠤᠯᠴᠢᠯᠠᠯ ᠤ᠋ᠨ ᠠᠵᠢᠯᠯᠠᠭ᠎ᠠ ᠨᠢ ᠵᠢᠭᠤᠯᠴᠢᠯᠠᠭᠰᠠᠳ ᠲᠦ᠍ ᠪᠡᠶ᠎ᠡ ᠰᠡᠳᠭᠢᠯ ᠤ᠋ᠨ ᠰᠡᠯᠡᠬᠦᠴᠡᠯ ᠠᠶᠠᠯᠠᠯ᠂ ᠰᠣᠶᠣᠯ ᠤ᠋ᠨ ᠨᠥᠯᠥᠭᠡᠯᠡᠯ᠎ᠲᠡᠶ ᠠᠶᠠᠯᠠᠯ ᠂ ᠵᠣᠷᠢᠭ ᠰᠠᠨᠠᠭᠠᠨ ᠤ᠋ ᠪᠠᠶᠠᠯᠢᠭ ᠠᠶᠠᠯᠠᠯ ᠢ᠋ ᠡᠳ᠋ᠯᠡᠬᠦᠯᠳᠡᠭ᠃

—《ᠵᠢᠭᠤᠯᠴᠢᠯᠠᠯ + ᠪᠡᠶ᠎ᠡ ᠶ᠋ᠢᠨ ᠲᠠᠮᠢᠷ》 ᠨᠢ ᠠᠮᠢᠵᠢᠷᠠᠯ ᠤ᠋ᠨ ᠬᠦᠴᠦᠨ ᠢ᠋ ᠬᠥᠭ᠌ᠵᠢᠭᠡᠪᠡ ᠃ ᠪᠦᠬᠦ᠌ ᠤᠯᠤᠰ ᠤ᠋ᠨ ᠴᠠᠬᠢᠯᠭᠠᠨ ᠬᠥᠳᠡᠯᠭᠡᠭᠦᠷᠲᠦ ᠳᠠᠪᠠᠯᠭᠠᠨ ᠥᠭ᠌ᠰᠥᠬᠦ᠌ ᠬᠠᠪᠲᠠᠰᠤᠨ ᠤ᠋ ᠮᠠᠩᠯᠠᠶ ᠱᠢᠯᠭᠠᠷᠠᠭᠤᠯᠬᠤ ᠤᠷᠤᠯᠳᠤᠭᠠᠨ᠂ ᠳᠤᠮᠳᠠᠳᠤ ᠤᠯᠤᠰ ᠤ᠋ᠨ ᠨᠢᠩᠴᠧᠩ ᠤ᠋ᠨ ᠣᠯᠠᠨ ᠤᠯᠤᠰ ᠤ᠋ᠨ ᠯᠤᠸ᠋ᠲᠤ ᠣᠩᠭᠣᠴᠠ ᠶ᠋ᠢᠨ ᠢᠯᠠ ᠤᠷᠤᠯᠳᠤᠭᠠᠨ ᠵᠡᠷᠭᠡ ᠲᠣᠮᠣ ᠬᠡᠯᠪᠡᠷᠢ ᠶ᠋ᠢᠨ ᠤᠯᠤᠰ ᠤ᠋ᠨ ᠳᠣᠲᠣᠭᠠᠳᠤ ᠭᠠᠳᠠᠭᠠᠳᠤ ᠶ᠋ᠢᠨ ᠪᠡᠶ᠎ᠡ ᠶ᠋ᠢᠨ ᠲᠠᠮᠢᠷ ᠤ᠋ᠨ ᠤᠷᠤᠯᠳᠤᠭᠠᠨ ᠡᠴᠡ 《ᠶᠠᠪᠠᠭᠠᠨ ᠢ᠋ᠶ᠋ᠠᠷ ᠬᠠᠪᠤᠷ ᠤ᠋ᠨ ᠦᠵᠡᠮᠵᠢ ᠵᠢ ᠰᠣᠨᠢᠷᠬᠠᠵᠤ᠂ ᠰᠠᠢᠨ ᠰᠠᠢᠬᠠᠨ ᠴᠠᠭ ᠮᠥᠴᠡ ᠵᠢ ᠬᠠᠮᠲᠤ᠎ᠪᠠᠷ ᠡᠳ᠋ᠯᠡᠬᠦ᠌》 ᠲᠦᠮᠡᠨ ᠬᠥᠮᠦᠨ ᠤ᠋ ᠶᠠᠪᠠᠭᠠᠨ ᠠᠶᠠᠯᠠᠯ᠂ ᠲᠣᠰᠭᠣᠨ ᠤ᠋ ᠤᠷᠤᠯᠳᠤᠭᠠᠨ᠂ ᠵᠠᠭᠤᠨ ᠭᠠᠵᠠᠷ ᠤ᠋ᠨ ᠵᠢᠷᠤᠭ᠍ᠲᠤ ᠬᠣᠩᠭᠢᠯ ᠤ᠋ᠨ ᠰᠣᠶᠣᠯ ᠵᠢᠭᠤᠯᠴᠢᠯᠠᠯ ᠤ᠋ᠨ ᠪᠡᠶ᠎ᠡ ᠲᠠᠮᠢᠷ ᠬᠦᠷᠲᠡᠯ᠎ᠡ ᠤᠳᠠᠭ᠎ᠠ ᠳᠠᠷᠠᠭᠠᠯᠠᠨ ᠱᠢᠨ᠎ᠡ ᠵᠢ ᠡᠭᠦᠳᠬᠦ᠌ ᠦᠶ᠋ᠯᠡᠳᠦᠯᠭᠡ ᠬᠢᠵᠦ᠍᠂ ᠥᠪᠡᠷ ᠤ᠋ᠨ ᠳᠠᠪᠠᠯᠲᠠ ᠵᠢ ᠪᠡᠶᠡᠯᠡᠭᠦᠯᠪᠡ᠃

《ᠶᠠᠨᠱᠠᠨ ᠠᠭᠤᠯᠠ ᠶ᠋ᠢᠨ ᠠᠷᠤ ᠬᠤᠷᠮᠤᠢ· ᠵᠠᠭᠤᠨ ᠭᠠᠵᠠᠷ ᠤ᠋ᠨ ᠵᠢᠷᠤᠭᠳᠦ ᠬᠤᠩᠬᠢᠯ》 ᠨᠢ ᠡᠷᠲᠡᠨ ᠡᠳᠦᠭᠡ ᠶ᠋ᠢᠨ ᠭᠡᠷᠡᠯ ᠭᠢᠯᠪᠠᠭ᠎ᠠ ᠰᠠᠴᠤᠷᠠᠭ᠍ᠰᠠᠨ ᠤᠭᠰᠠᠭ᠎ᠠ ᠰᠣᠶᠣᠯ ᠤ᠋ᠨ ᠬᠤᠩᠬᠢᠯ᠂ ᠨᠣᠮᠢᠨ ᠨᠣᠭᠣᠭᠠᠨ ᠠᠮᠢ ᠠᠬᠤᠢ ᠶ᠋ᠢᠨ ᠬᠤᠩᠬᠢᠯ᠂ ᠠᠵᠤ ᠦᠢᠯᠡᠰ ᠢ᠋ ᠬᠥᠭ᠌ᠵᠢᠭᠦᠯᠦᠨ ᠮᠠᠨᠳᠤᠭᠤᠯᠵᠦ ᠠᠷᠠᠳ ᠢ᠋ ᠪᠠᠶᠠᠵᠢᠭᠤᠯᠬᠤ ᠬᠤᠩᠬᠢᠯ᠂ ᠰᠠᠢ᠌ᠨ ᠰᠠᠢᠬᠠᠨ ᠵᠣᠯ ᠵᠢᠷᠭᠠᠯᠲᠠᠢ ᠠᠮᠢᠳᠤᠷᠠᠨ ᠰᠠᠭᠤᠷᠢᠰᠢᠬᠤ ᠬᠤᠩᠬᠢᠯ ᠪᠣᠯᠵᠠᠢ᠃ 《ᠵᠢᠭᠤᠯᠴᠢᠯᠠᠯ +》ᠡᠵᠡᠩᠨᠡᠯᠲᠡ ᠶ᠋ᠢᠨ ᠵᠠᠭ᠍ᠪᠤᠷ ᠨᠢ ᠲᠠᠷᠢᠶᠠᠴᠢᠳ᠎ᠲᠠᠶ ᠡᠵᠡᠩᠨᠡᠯᠲᠡ ᠬᠠᠮᠲᠤᠷᠠᠯᠴᠠᠭᠠᠨ ᠤ᠋ ᠲᠤᠭᠳᠠᠪᠤᠷᠢᠳᠠᠢ ᠬᠠᠷᠢᠴᠠᠭ᠎ᠠ ᠪᠠᠢᠭᠤᠯᠵᠤ᠂ ᠡᠳ᠋ ᠪᠠᠷᠠᠭᠠᠨ ᠤ᠋ ᠬᠦᠢᠯᠭᠡᠭᠡ᠂ ᠢᠳᠡᠱᠢᠨ ᠨᠣᠭᠣᠭ᠎ᠠ ᠲᠠᠷᠢᠬᠤ᠂ ᠬᠡᠭᠡᠷ᠎ᠡ ᠶ᠋ᠢᠨ ᠭᠠᠷᠤᠯᠳᠠ ᠵᠢ ᠡᠵᠡᠩᠨᠡᠨ ᠪᠣᠷᠣᠯᠠᠭᠤᠯᠬᠤ᠂ ᠨᠢᠭᠡᠳᠦᠭᠡᠷ ᠬᠣᠶᠠᠳᠤᠭᠠᠷ ᠭᠤᠷᠪᠠᠳᠤᠭᠠᠷ ᠠᠵᠤ ᠦᠢᠯᠡᠰ ᠤ᠋ᠨ ᠬᠡᠯᠬᠢᠶ᠎ᠡ ᠵᠢ ᠤᠷᠲᠤᠳᠭᠠᠨ ᠬᠥᠭ᠌ᠵᠢᠭᠦᠯᠵᠦ᠍᠂ ᠱᠢᠭᠤᠳ ᠪᠤᠶᠤ ᠳᠠᠮ ᠢ᠋ᠶ᠋ᠠᠷ 5 ᠲᠦᠮᠡᠨ ᠬᠥᠮᠦᠨ᠎ᠳᠤ ᠠᠵᠢᠯ ᠣᠯᠭᠣᠵᠦ᠂ ᠡᠷᠦᠬᠡ ᠲᠤᠮᠳᠠᠴᠢ ᠶ᠋ᠢᠨ ᠵᠢᠯ ᠤ᠋ᠨ ᠣᠷᠣᠯᠭ᠎ᠠ ᠵᠢ 4 ᠲᠦᠮᠡ ᠭᠠᠷᠤᠢ ᠲᠥᠭᠥᠷᠢᠭ᠎ᠨᠡᠮᠡᠭᠳᠡᠬᠦᠯᠵᠦ᠂ ᠵᠠᠭᠤᠨ ᠭᠠᠵᠠᠷ  ᠤ᠋ᠨ ᠵᠢᠷᠤᠭ᠍ᠲᠤ ᠬᠤᠩᠬᠢᠯ  ᠨᠢ ᠬᠥᠳᠡᠭᠡ ᠲᠣᠰᠭᠣᠨ ᠤ᠋ ᠠᠵᠤ ᠠᠬᠤᠢ ᠵᠢ ᠬᠥᠭ᠌ᠵᠢᠭᠡᠬᠦ᠌ ᠬᠦᠴᠦᠳᠦ ᠵᠢᠬᠦᠷ ᠪᠣᠯᠵᠠᠢ᠃

ᠨᠢᠩᠴᠧᠩ ᠱᠢᠶᠠᠨ 《ᠠᠭᠤᠯᠠ ᠦᠵᠡᠬᠦ᠌᠂ ᠤᠰᠤ ᠲᠤᠭᠤᠯᠬᠤ᠂ ᠨᠤᠲᠤᠭ ᠡᠷᠬᠢᠬᠦ᠂ ᠵᠢᠯᠠᠭ᠎ᠠ ᠬᠠᠢᠬᠤ᠂ ᠣᠶ ᠲᠤᠭᠤᠷᠢᠬᠤ》 ᠲᠠᠪᠤᠨ ᠶᠡᠬᠡ ᠭᠤᠤᠯ ᠰᠡᠳᠦᠪ ᠢ᠋ᠶ᠋ᠡᠷ᠂ ᠲᠣᠭᠣᠷᠢᠨ ᠦᠵᠡᠬᠦ᠌ ᠪᠦᠰᠡ᠂ ᠵᠢᠭᠤᠯᠴᠢᠯᠠᠯ ᠤ᠋ᠨ ᠪᠦᠰᠡ᠂ ᠠᠮᠢ ᠠᠬᠤᠶ ᠶ᠋ᠢᠨ ᠪᠦᠰᠡ᠂ ᠰᠣᠶᠣᠯ ᠤ᠋ᠨ ᠪᠦᠰᠡ᠂ ᠵᠠᠮ ᠬᠠᠷᠢᠯᠴᠠᠭᠠᠨ ᠤ᠋ ᠪᠦᠰᠡ᠂ ᠡᠷᠡᠭᠦᠯᠵᠢᠯ ᠰᠤᠪᠢᠯᠠᠯᠲᠠ ᠶ᠋ᠢᠨ ᠪᠦᠰᠡ᠂ ᠠᠵᠤ ᠦᠶ᠋ᠯᠡᠰ ᠤ᠋ᠨ ᠪᠦᠰᠡ᠂ ᠬᠥᠳᠡᠭᠡ ᠲᠣᠰᠭᠣᠨ ᠤ᠋ ᠪᠦᠰᠡ ᠶ᠋ᠢᠨ 《ᠨᠠᠶ᠋ᠮᠠᠨ ᠶᠡᠬᠡ》 ᠭᠤᠤᠯᠯᠠᠬᠤ ᠴᠢᠳᠠᠮᠵᠢ ᠵᠢ ᠳᠣᠪᠣᠢᠯᠭᠠᠵᠤ᠂ 《2 + 2 + 4 + 10》 ᠳᠥᠷᠪᠡᠨ ᠱᠠᠲᠤᠨ ᠤ᠋ ᠵᠢᠭᠤᠯᠴᠢᠯᠠᠯ ᠤ᠋ᠨ ᠦᠶ᠋ᠯᠡᠴᠢᠯᠡᠭᠡᠨ ᠤ᠋ ᠱᠢᠰᠲ᠋ᠧᠮ  ᠢ᠋ ᠪᠠᠢᠭᠤᠯᠵᠤ᠂ 《ᠶᠠᠨᠱᠠᠨ ᠠᠭᠤᠯᠠ ᠶ᠋ᠢᠨ ᠠᠷᠤ ᠬᠣᠷᠮᠣᠶ· ᠵᠠᠭᠤᠨ ᠭᠠᠵᠠᠷ ᠤ᠋ᠨ ᠵᠢᠷᠤᠭ᠍ᠲᠤ ᠬᠣᠩᠭᠢᠯ》  ᠤ᠋ᠨ ᠠᠮᠢ ᠠᠬᠤᠶ ᠶ᠋ᠢᠨ ᠰᠡᠯᠡᠭᠦᠴᠡᠯ ᠤ᠋ᠨ ᠦᠵᠡᠮᠵᠢ ᠶ᠋ᠢᠨ ᠣᠷᠣᠨ᠂ ᠬᠤᠪᠢ ᠶ᠋ᠢᠨ ᠮᠠᠰᠢᠨ ᠲᠡᠷᠭᠡᠨ ᠤ᠋ ᠵᠢᠭᠤᠯᠴᠢᠯᠠᠯ ᠤ᠋ᠨ ᠰᠠᠭᠤᠷᠢᠨ᠂ ᠯᠢᠶᠤᠤᠨᠢᠩ ᠾᠧᠪᠧᠢ ᠦᠪᠦᠷ ᠮᠤᠨᠭᠭᠤᠯ ᠤ᠋ᠨ ᠨᠡᠷᠡᠳᠦ ᠵᠢᠭᠤᠯᠴᠢᠯᠠᠯ ᠤ᠋ᠨ ᠤᠷᠤᠨ ᠎ᠢ ᠬᠦᠴᠦᠯᠡᠨ ᠴᠤᠭᠴᠠᠯᠠᠵᠦ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号