ᠤᠢᠷ᠎ᠠ ᠳ᠋ᠤ᠂ ᠤᠯᠤᠰ ᠤ᠋ᠨ ᠤᠯᠠᠨ ᠨᠡᠢᠳᠡ ᠶ᠋ᠢᠨ ᠢᠳᠡᠭᠡᠮᠵᠢ ᠶ᠋ᠢᠨ ᠮᠡᠳᠡᠭᠡ ᠵᠠᠩᠬᠢ ᠶ᠋ᠢᠨ ᠲᠦᠪ ᠡᠴᠡ 2024 ᠤᠨ ᠤ᠋ 1 — 2 ᠰᠠᠷ᠎ᠠ ᠶ᠋ᠢᠨ ᠪᠦᠬᠦ ᠤᠯᠤᠰ ᠤ᠋ᠨ ᠡᠯ᠎ᠠ ᠬᠤᠳᠠ ᠶ᠋ᠢᠨ ᠢᠳᠡᠭᠡᠮᠵᠢ ᠶ᠋ᠢᠨ ᠬᠢᠨᠠᠨ ᠬᠡᠮᠵᠢᠯᠳᠡ ᠵᠢᠨ ᠵᠢᠭᠰᠠᠭᠠᠯᠳᠠ ᠶ᠋ᠢ ᠨᠡᠢᠳᠡᠯᠡᠵᠦ᠂ ᠬᠦᠬᠡᠬᠤᠳᠠ 85.73 ᠬᠤᠪᠢ ᠶ᠋ᠢᠨ ᠢᠳᠡᠭᠡᠮᠵᠢ ᠶ᠋ᠢᠨ ᠶᠡᠷᠦᠩᠬᠡᠢᠯᠡᠭᠰᠡᠨ ᠵᠢᠭᠠᠯᠳᠠ ᠲᠤᠭ᠎ᠠ ᠪᠡᠷ ᠪᠦᠬᠦ ᠤᠯᠤᠰ ᠤ᠋ᠨ 22 ᠳ᠋ᠤᠭᠠᠷ ᠲᠤ᠌ ᠵᠢᠭᠰᠠᠨ᠂ ᠨᠢᠳᠤᠨᠤᠨ ᠡᠴᠡ 3 ᠤᠷᠤ ᠳᠠᠪᠰᠢᠵᠤ᠂ ᠤᠢᠷ᠎ᠠ ᠶ᠋ᠢᠨ ᠳᠠᠪᠤᠨ ᠵᠢᠯ ᠤ᠋ᠨ ᠲᠤᠷᠰᠢᠬᠢ ᠬᠠᠮᠤᠭ ᠤ᠋ᠨ ᠰᠠᠢᠨ ᠬᠢᠷᠢ ᠪᠦᠲᠦᠮᠵᠢ ᠶ᠋ᠢ ᠤᠯᠤᠭᠰᠠᠨ ᠪᠠᠢᠨ᠎ᠠ᠃
ᠤᠢᠯᠠᠭᠠᠭᠰᠠᠨ ᠶ᠋ᠢᠡᠷ᠂ ᠡᠨᠡ ᠵᠢᠯ ᠡᠴᠡ ᠨᠠᠭᠠᠰᠢ ᠬᠦᠬᠡᠬᠤᠳᠠ ᠨᠡᠢᠭᠡᠮ ᠤ᠋ᠨ ᠢᠳᠡᠭᠡᠮᠵᠢ ᠶ᠋ᠢᠨ ᠰᠢᠰᠲ᠋ᠧᠮ ᠤ᠋ᠨ ᠪᠠᠢᠭᠤᠯᠤᠯᠳᠠ ᠶ᠋ᠢᠨ ᠴᠢᠨᠠᠷ ᠰᠠᠢᠳᠠᠢ ᠬᠦᠭᠵᠢᠯᠳᠡ ᠶ᠋ᠢ ᠲᠠᠰᠤᠷᠠᠯᠳᠠ ᠦᠭᠡᠢ ᠠᠬᠢᠭᠤᠯᠵᠤ᠂ 《ᠬᠦᠬᠡᠬᠤᠳᠠ ᠶ᠋ᠢᠨ ᠦᠨᠡᠨᠴᠢ ᠢᠳᠡᠭᠡᠮᠵᠢ ᠶ᠋ᠢᠨ ᠪᠠᠢᠭᠤᠯᠤᠯᠳᠠ ᠶ᠋ᠢᠨ ᠢᠨᠵᠧᠨᠧᠷᠢᠩ ᠢ᠋ ᠠᠬᠢᠭᠤᠯᠬᠤ ᠬᠡᠷᠡᠭᠵᠢᠭᠦᠯᠬᠦ ᠲᠦᠰᠦᠯ》 ᠢ᠋ ᠳᠤᠭᠳᠠᠭᠠᠨ ᠨᠡᠢᠳᠡᠯᠡᠵᠦ᠂ ᠵᠠᠰᠠᠭ ᠤ᠋ᠨ ᠶᠠᠪᠤᠳᠠᠯ᠂ ᠬᠤᠳᠠᠯᠳᠤᠭᠠᠨ ᠤ᠋ ᠶᠠᠪᠤᠳᠠᠯ᠂ ᠨᠡᠢᠭᠡᠮ ᠪᠠ ᠬᠠᠤᠯᠢ ᠴᠠᠭᠠᠵᠠ ᠵᠡᠷᠭᠡ ᠳᠦᠷᠪᠡᠨ ᠶᠡᠬᠡ ᠬᠦᠷᠢᠶᠡᠨ ᠤ᠋ ᠬᠠᠷᠢᠯᠴᠠᠨ ᠬᠠᠮᠵᠢᠯᠴᠠᠭᠰᠠᠨ ᠪᠦᠬᠦ ᠬᠦᠷᠢᠶ᠎ᠠ ᠶ᠋ᠢ ᠬᠠᠮᠤᠷᠤᠭᠰᠠᠨ ᠦᠨᠡᠨᠴᠢ ᠢᠳᠡᠭᠡᠮᠵᠢ ᠶ᠋ᠢᠨ ᠪᠠᠢᠭᠤᠯᠤᠯᠳᠠ ᠶ᠋ᠢ ᠠᠳᠬᠤᠬᠤ ᠶᠡᠷᠦᠩᠬᠡᠢᠯᠡᠭᠰᠡᠨ ᠵᠠᠰᠠᠯᠳᠠ ᠶ᠋ᠢᠨ ᠰᠢᠰᠲ᠋ᠧᠮ ᠪᠠ ᠠᠵᠢᠯ ᠤ᠋ᠨ ᠪᠠᠢᠷᠢᠰᠢᠯ ᠢ᠋ ᠪᠦᠷᠢᠯᠳᠦᠭᠦᠯᠪᠡ᠃
ᠬᠦᠬᠡᠬᠤᠳᠠ ᠢᠳᠡᠭᠡᠮᠵᠢ ᠶ᠋ᠢᠨ ᠦᠢᠯᠡᠴᠢᠯᠡᠭᠡ ᠶ᠋ᠢᠨ ᠰᠢᠨ᠎ᠠ ᠶ᠋ᠢ ᠡᠭᠦᠳᠬᠦ ᠪᠡᠷ ᠳᠠᠮᠵᠢᠨ᠂ ᠢᠳᠡᠭᠡᠮᠵᠢ ᠶ᠋ᠢᠨ ᠮᠡᠳᠡᠭᠡ ᠵᠠᠩᠬᠢ ᠶ᠋ᠢᠨ ᠵᠠᠰᠠᠭ ᠤ᠋ᠨ ᠶᠠᠪᠤᠳᠠᠯ ᠤ᠋ᠨ ᠦᠢᠯᠡᠴᠢᠯᠡᠭᠡ᠂ ᠮᠦᠩᠭᠦᠨ ᠭᠦᠢᠯᠭᠡᠭᠡᠨ ᠤ᠋ ᠦᠢᠯᠡᠴᠢᠯᠡᠭᠡ᠂ ᠤᠯᠠᠨ ᠨᠡᠢᠳᠡ ᠶ᠋ᠢᠨ ᠦᠢᠯᠡᠴᠢᠯᠡᠭᠡ ᠵᠡᠷᠭᠡ ᠬᠦᠷᠢᠶᠡᠨ ᠳ᠋ᠡᠬᠢ ᠬᠡᠷᠡᠭᠯᠡᠭᠡ ᠶ᠋ᠢ ᠲᠠᠰᠤᠷᠠᠯᠳᠠ ᠦᠭᠡᠢ ᠭᠦᠨᠵᠡᠭᠡᠢᠷᠡᠭᠦᠯᠵᠤ ᠪᠠᠢᠨ᠎ᠠ᠃ ᠡᠭᠦᠨ ᠳ᠋ᠤ ᠦᠪᠡᠷ ᠤ᠋ᠨ ᠦᠷᠳᠡᠭ ᠢ᠋ ᠠᠷᠪᠢᠯᠠᠨ ᠦᠷ᠎ᠠ ᠠᠰᠢᠭ ᠢ᠋ ᠨᠡᠮᠡᠭᠳᠡᠭᠦᠯᠬᠦ ᠳ᠋ᠤ ᠠᠩᠬᠠᠷᠤᠯ ᠶ᠋ᠢᠡᠨ ᠲᠦᠪᠯᠡᠷᠡᠭᠦᠯᠦᠨ《ᠢᠳᠡᠭᠡᠮᠵᠢ + ᠡᠯᠧᠺᠲᠷᠤᠨ ᠪᠠᠳᠤᠯᠠᠭ᠎ᠠ ᠶ᠋ᠢᠨ ᠵᠠᠬᠢᠶ᠎ᠠ》 ᠶ᠋ᠢᠨ ᠬᠡᠯᠪᠡᠷᠢ ᠪᠡᠷ ᠲᠦᠷᠦᠭᠦᠦ ᠤᠯᠠᠷᠢᠯ ᠳ᠋ᠤ ᠠᠵᠤ ᠠᠬᠤᠢᠯᠠᠯ ᠤ᠋ᠨ ᠳᠠᠭᠠᠭᠠᠴᠢᠯᠠᠯᠳᠠ ᠬᠦᠯᠢᠶᠡᠬᠦ ᠦᠪᠡᠷ ᠤ᠋ᠨ ᠦᠷᠳᠡᠭ ᠢ᠋ 1.46 ᠳ᠋ᠦᠩᠰᠢᠭᠤᠷ ᠲᠦᠭᠦᠷᠢᠭ ᠪᠠᠭᠤᠷᠠᠭᠤᠯᠵᠤ᠂ ᠡᠨᠡ ᠨᠢ ᠠᠵᠤ ᠠᠬᠤᠢᠯᠠᠯ ᠤ᠋ᠨ ᠪᠠᠳᠤᠯᠠᠭ᠎ᠠ ᠶ᠋ᠢᠨ ᠮᠦᠩᠬᠦ ᠶ᠋ᠢᠨ ᠶᠡᠷᠦᠩᠬᠡᠢ ᠬᠡᠮᠵᠢᠶᠡᠨ ᠤ᠋ 34% ᠶ᠋ᠢ ᠡᠵᠡᠯᠡᠪᠡ; 《ᠢᠳᠡᠭᠡᠮᠵᠢ ᠶ᠋ᠢᠨ ᠠᠮᠠᠯᠠᠯᠳᠠ + ᠸᠢᠳᠢᠣ᠋ ᠪᠡᠷ ᠰᠢᠯᠭᠠᠬᠤ》 ᠬᠡᠯᠪᠡᠷᠢ ᠪᠡᠷ ᠬᠢᠨᠠᠨ ᠵᠦᠪᠰᠢᠶᠡᠷᠡᠬᠦ ᠠᠬᠢᠴᠠ ᠶ᠋ᠢ ᠳᠦᠷᠭᠡᠳᠭᠡᠨ᠂ ᠬᠢᠨᠠᠨ ᠰᠢᠯᠭᠠᠬᠤ ᠳ᠋ᠤ ᠬᠡᠷᠡᠭᠰᠡᠬᠦ ᠴᠠᠭ ᠢ᠋ 90% ᠭᠠᠷᠤᠢ ᠪᠡᠷ ᠪᠤᠭᠤᠨᠢᠰᠬᠠᠪᠠ᠃ ᠡᠨᠡ ᠬᠤᠶᠠᠷ ᠵᠦᠢᠯ ᠤ᠋ᠨ ᠰᠢᠨ᠎ᠠ ᠶ᠋ᠢ ᠡᠭᠦᠳᠦᠭᠰᠡᠨ ᠠᠷᠭ᠎ᠠ ᠪᠠᠷᠢᠯ ᠨᠢ ᠴᠦᠮ ᠢᠳᠡᠭᠡᠮᠵᠢᠳᠦ ᠳᠤᠮᠳᠠᠳᠤ ᠤᠯᠤᠰ ᠤ᠋ᠨ ᠰᠦᠯᠵᠢᠶᠠᠨ ᠳᠠᠪᠴᠠᠩ ᠪᠠ ᠤᠯᠤᠰ ᠤ᠋ᠨ ᠰᠤᠨᠢᠨ ᠮᠡᠳᠡᠭᠡ ᠵᠠᠭᠤᠴᠢᠯᠠᠭᠤᠷ ᠲᠤ᠌ ᠨᠡᠢᠳᠡᠯᠡᠭᠳᠡᠵᠠᠢ᠃