ᠬᠠᠷᠠᠴᠢᠨ ᠬᠣᠱᠢᠭᠤᠨ᠎ᠤ ᠠᠷᠪᠠᠨᠭᠡᠷ ᠮᠠᠨᠵᠤ ᠦᠨᠳᠦᠰᠦᠲᠡᠨ᠎ᠦ ᠰᠢᠶᠠᠡᠭ ᠤ᠋ᠨ ᠮᠠᠯᠴᠢᠳ ᠤᠳᠤ ᠮᠠᠯ ᠰᠦᠷᠦᠭ ᠵᠢᠡᠨ ᠪᠠᠢᠭᠠᠯᠢᠯᠢᠭ ᠪᠡᠯᠴᠢᠭᠡᠷ᠎ᠡᠴᠡ ᠨᠢ ᠲᠠᠷᠢᠶᠠᠯᠠᠬᠤ ᠣᠷᠣᠨ ᠤ᠋《ᠰᠠᠭᠤᠷᠢᠰᠢᠯ》 ᠳ᠋ᠤ ᠨᠡᠬᠦᠯᠭᠡᠵᠠᠢ᠃ ᠲᠡᠭᠡᠪᠡᠯ ᠳᠤᠰ ᠱᠢᠶᠠᠩ᠎ᠤᠨ ᠬᠢᠨ ᠮᠠᠯᠴᠢᠳ᠎ᠤᠨ ᠵᠢᠠᠨ ᠤᠯᠠᠮᠵᠢᠯᠠᠯᠲᠤ ᠮᠠᠯᠵᠢᠯ ᠤᠨ ᠬᠡᠯᠪᠡᠷᠢ᠎ᠶ᠋ᠢ ᠬᠡᠷᠬᠢᠨ ᠬᠤᠪᠢᠷᠠᠭᠤᠯᠤᠭ᠍ᠰᠠᠨ ᠪᠤᠯ ?
ᠠᠷᠪᠠᠨᠭᠡᠷ ᠮᠠᠨᠵᠤ ᠦᠨᠳᠦᠰᠦᠲᠡᠨ᠎ᠦ ᠱᠢᠶᠠᠩ ᠳ᠋ᠤ ᠮᠠᠨᠵᠤ ᠦᠨᠳᠦᠰᠦᠲᠡᠨ᠎ᠦ ᠬᠥᠮᠦᠨ ᠠᠮᠠ ᠪᠠᠷᠤᠭ 16.3%᠎ᠶ᠋ᠢ ᠡᠵᠡᠯᠡᠵᠦ᠍ ᠬᠢᠯᠢ᠎ᠶ᠋ᠢᠨ ᠳᠣᠲᠣᠷ᠎ᠠ ᠠᠭᠤᠯᠠᠷᠬᠠᠭ ᠭᠠᠵᠠᠷ ᠠᠷᠪᠢᠨ ᠲᠠᠷᠢᠶᠠᠨ ᠭᠠᠵᠠᠷ ᠪᠠᠭ᠎ᠠ ᠮᠠᠯᠵᠢᠯ ᠤᠨ ᠦᠶ᠋ᠯᠡᠰ ᠪᠣᠯ ᠲᠤᠬᠠᠶ᠎ᠶ᠋ᠢᠨ ᠭᠠᠵᠠᠷ᠎ᠤᠨ ᠣᠯᠠᠨ ᠲᠦᠮᠡᠨ᠎ᠦ ᠭᠣᠸ᠋ᠯ ᠣᠷᠣᠯᠭ᠎ᠠ ᠪᠠᠢᠵᠤ᠂ 7000 ᠲᠤᠯᠤᠭᠠᠢ ᠡᠴᠡ ᠳᠡᠭᠡᠭ᠌ᠰᠢ ᠮᠢᠬᠠᠨ᠎ᠤ ᠦᠬᠡᠷ᠂ 3.3 ᠲᠦᠮᠡᠨ ᠲᠤᠯᠤᠭᠠᠢ ᠮᠢᠬᠠᠨ᠎ᠤ ᠬᠣᠨᠢ ᠲᠠᠢ᠃
ᠵᠢᠯ ᠪᠦᠷᠢ᠎ᠶ᠋ᠢᠨ ᠠᠭᠤᠯᠠ᠎ᠶ᠋ᠢ ᠪᠢᠲᠡᠭᠦᠮᠵᠢᠯᠡᠨ ᠪᠡᠯᠴᠢᠭᠡᠷᠯᠡᠭᠦᠯᠬᠦ᠌᠎ᠶ᠋ᠢ ᠵᠤᠭᠰᠤᠭᠠᠬᠤ ᠬᠤᠭᠤᠴᠠᠭᠠᠨ᠎ᠳᠤ ᠲᠤᠰ ᠱᠢᠶᠠᠩᠪᠡᠯᠴᠢᠭᠡᠷᠯᠡᠭᠦᠯᠬᠦ᠌ᠶ᠋ᠢ ᠵᠤᠭᠰᠤᠭᠠᠬᠤ ᠲᠦᠷᠦ᠍᠎ᠶ᠋ᠢᠨ ᠪᠤᠳᠤᠯᠭ᠎ᠠ᠎ᠶ᠋ᠢ ᠤᠬᠠᠭᠤᠯᠤᠨ ᠲᠠᠢᠯᠪᠤᠷᠢᠯᠠᠬᠤ᠂ ᠤᠬᠠᠭᠤᠯᠭ᠎ᠠ᠎ᠶ᠋ᠢᠨ ᠤᠷᠢᠶ᠎ᠠ ᠯᠣᠽᠦ᠋ᠩ ᠭᠠᠷᠭᠠᠬᠤ ᠵᠡᠷᠭᠡ ᠤᠯᠠᠨ ᠬᠡᠯᠪᠡᠷᠢ᠎ᠪᠡᠷ ᠤᠬᠠᠭᠤᠯᠵᠤ᠂ ᠮᠠᠯᠵᠢᠯ ᠤᠨ ᠡᠷᠦᠬᠡ᠎ᠶ᠋ᠢᠨ ᠪᠡᠯᠴᠢᠭᠡᠷᠯᠡᠭᠦᠯᠬᠦ᠌᠎ᠶ᠋ᠢ ᠴᠠᠭᠠᠵᠠᠯᠠᠬᠤ ᠱᠠᠭᠠᠷᠳᠠᠯᠭ᠎ᠠ ᠶᠣᠰᠣᠭᠠᠷ ᠦᠢᠯᠡᠳᠪᠦᠷᠢᠯᠡᠯ ᠡᠵᠡᠩᠨᠡᠯᠲᠡ ᠬᠢᠬᠦ᠌᠎ᠶ᠋ᠢ ᠬᠦᠰᠡᠳᠡᠭ ᠪᠤᠯᠪᠠᠴᠤ ᠲᠣᠰᠭᠣᠨ᠎ᠤ ᠠᠷᠠᠳ ᠮᠦᠨ ᠯᠡ ᠠᠭᠤᠯᠠᠨ᠎ᠳᠤ ᠭᠠᠷᠴᠤ᠌ ᠮᠠᠯ ᠬᠠᠷᠢᠭᠤᠯᠬᠤ ᠪᠠᠢᠳᠠᠯ ᠭᠠᠷᠳᠠᠭ᠃ ᠣᠯᠠᠨ ᠲᠦᠮᠡᠨ᠎ᠢ ᠬᠡᠷᠬᠢᠨ ᠪᠡᠯᠴᠢᠭᠡᠷᠯᠡᠭᠦᠯᠬᠦ᠌᠎ᠶ᠋ᠢ ᠵᠤᠭᠰᠤᠭᠠᠬᠤ ᠵᠢ ᠤᠬᠠᠮᠰᠠᠷ ᠡᠴᠡ᠎ᠪᠠᠨ ᠰᠠᠬᠢᠭᠤᠯᠬᠤ ᠨᠢ ᠠᠷᠪᠠᠨᠭᠡᠷ ᠮᠠᠨᠵᠤ ᠦᠨᠳᠦᠰᠦᠲᠡᠨ᠎ᠦ ᠱᠢᠶᠠᠩ᠎ᠤᠨ ᠪᠠᠴᠢᠮ ᠱᠢᠶ᠋ᠳᠪᠦᠷᠢᠯᠡᠬᠦ᠌ ᠴᠢᠬᠤᠯᠠᠲᠠᠶ ᠪᠡᠷᠬᠡ ᠰᠡᠳᠦᠪ ᠪᠣᠯᠵᠠᠶ᠃
2023 ᠣᠨ᠎ᠳᠤ ᠠᠷᠪᠠᠨᠭᠡᠷ ᠮᠠᠨᠵᠤ ᠦᠨᠳᠦᠰᠦᠲᠡᠨ᠎ᠦ ᠱᠢᠶᠠᠩ 《ᠠᠷᠪᠠᠨᠭᠡᠷ ᠮᠠᠨᠵᠤ ᠦᠨᠳᠦᠰᠦᠲᠡᠨ᠎ᠦ ᠱᠢᠶᠠᠩ ᠤ᠋ᠨ ᠲᠣᠰᠭᠣᠨ᠎ᠤ ᠠᠷᠠᠳ᠎ᠤᠨ ᠢᠲᠡᠭᠡᠮᠵᠢ᠎ᠶ᠋ᠢᠨ ᠬᠤᠪᠢ ᠬᠤᠷᠠᠮᠳᠤᠭᠤᠯᠬᠤ ᠳᠦᠷᠢᠮ᠎ᠦᠨ ᠬᠠᠮᠢᠶᠠᠷᠤᠯᠲᠠ᠎ᠶ᠋ᠢᠨ ᠬᠡᠷᠡᠭ᠌ᠵᠢᠭᠦᠯᠬᠦ᠌ ᠠᠷᠭ᠎ᠠ (ᠲᠤᠷᠱᠢᠨ ᠬᠡᠷᠡᠭ᠌ᠵᠢᠭᠦᠯᠬᠦ᠌)》 ᠵᠢ ᠲᠣᠭ᠍ᠲᠠᠭᠠᠵᠤ᠂ ᠲᠤᠰᠭᠠᠢᠯᠠᠨ ᠪᠡᠯᠴᠢᠭᠡᠷᠯᠡᠭᠦᠯᠬᠦ᠌᠎ᠶ᠋ᠢ ᠵᠤᠭᠰᠤᠭᠠᠬᠤ ᠬᠤᠪᠢ ᠬᠤᠷᠠᠮᠳᠤᠭᠤᠯᠬᠤ ᠺᠠᠷᠲ ᠭᠠᠷᠭᠠᠨ᠂ ᠪᠦᠬᠦ᠌ ᠱᠢᠶᠠᠩ᠎ᠤᠨ ᠮᠠᠯᠴᠢᠳ ᠠᠭᠤᠯᠠ᠎ᠶ᠋ᠢ ᠪᠢᠲᠡᠭᠦᠮᠵᠢᠯᠡᠨ ᠪᠡᠯᠴᠢᠭᠡᠷᠯᠡᠭᠦᠯᠬᠦ᠌᠎ᠶ᠋ᠢ ᠵᠤᠭᠰᠤᠭᠠᠬᠤ ᠠᠮᠠᠯᠠᠯᠲᠠ᠎ᠶ᠋ᠢᠨ ᠪᠢᠴᠢᠭ ᠲᠤ᠌ ᠭᠠᠷ ᠤ᠋ᠨ ᠦᠰᠦᠭ ᠵᠢᠷᠤᠵᠤ᠂ ᠠᠮᠠᠯᠠᠯᠲᠠ᠎ᠶ᠋ᠢᠨ ᠱᠠᠭᠠᠷᠳᠠᠯᠭ᠎ᠠ ᠶᠣᠰᠣᠭᠠᠷ ᠮᠠᠯᠴᠢᠳ ᠪᠡᠯᠴᠢᠭᠡᠷᠯᠡᠭᠦᠯᠬᠦ᠌᠎ᠶ᠋ᠢ ᠵᠤᠭᠰᠤᠭᠠᠬᠤ ᠬᠤᠭᠤᠴᠠᠭᠠᠨ᠎ᠳᠤ ᠪᠣᠢ ᠪᠦᠬᠦᠢ ᠮᠠᠯ᠎ᠢᠶᠠᠨ ᠬᠠᠱᠢᠶᠠᠯᠠᠨ ᠲᠡᠵᠢᠭᠡᠨ᠎ᠡ᠂ ᠱᠢᠶᠠᠩ ᠡᠴᠡ ᠠᠮᠠᠯᠠᠯᠲᠠ᠎ᠶ᠋ᠢ ᠴᠢᠩᠭ᠎ᠠ ᠵᠢᠷᠤᠮᠯᠠᠭ᠍ᠰᠠᠨ ᠮᠠᠯᠴᠢᠳ ᠲᠸ᠋ ᠬᠤᠷᠠᠮᠳᠤᠯ ᠬᠤᠪᠢ ᠱᠠᠡᠭᠨᠠᠵᠤ᠂ ᠣᠯᠤᠭ᠍ᠰᠠᠨ ᠬᠤᠷᠠᠮᠳᠤᠯ ᠬᠤᠪᠢ ᠪᠠᠷ ᠵᠢᠡᠨ ᠲᠣᠰᠭᠣᠨ᠎ᠤ ᠬᠠᠢᠷ᠎ᠠ ᠬᠠᠯᠠᠮᠵᠢ᠎ᠶ᠋ᠢᠨ ᠬᠠᠮ ᠳᠡᠯᠭᠡᠭᠦᠷ᠎ᠡᠴᠡ ᠡᠳ᠋ ᠪᠠᠷᠠᠭ᠎ᠠ ᠰᠣᠯᠢᠵᠤ ᠠᠪᠴᠤ᠌ ᠪᠣᠯᠤᠨ᠎ᠠ᠃
《ᠢᠳᠡᠬᠡᠮᠵᠢ ᠶ᠋ᠢᠨ ᠬᠤᠪᠢ ᠬᠤᠷᠠᠮᠳᠤᠭᠤᠯᠬᠤ ᠬᠦᠰᠦᠨᠦᠭ᠌ᠢ ᠰᠠᠷ᠎ᠠ᠎ᠳᠤ ᠨᠢᠭᠡ ᠤᠳᠠᠭ᠎ᠠ ᠪᠦᠷᠢᠳᠬᠡᠵᠤ᠂ ᠲᠤᠰᠭᠠᠶ ᠬᠥᠮᠦᠨᠲᠤᠮᠢᠯᠠᠨ ᠳᠤᠰᠬᠤᠨ᠎ᠤ ᠠᠷᠠᠳ᠎ᠤᠨ ᠬᠤᠷᠠᠮᠳᠤᠭᠤᠯᠤᠭ᠍ᠰᠠᠨ ᠬᠤᠪᠢ ᠵᠢ ᠲᠡᠮᠳᠡᠭ᠌ᠯᠡᠨ᠎ᠡ᠂ ᠰᠠᠷ᠎ᠠ ᠪᠦᠷᠢ᠎ᠶ᠋ᠢᠨ ᠡᠬᠢᠨ᠎ᠳᠦ ᠳᠡᠭᠡᠷ᠎ᠡ ᠰᠠᠷ᠎ᠠ᠎ᠶ᠋ᠢᠨ ᠭᠠᠴᠠᠭᠠᠨ᠎ᠤ ᠠᠷᠠᠳ᠎ᠤᠨ ᠪᠠᠢᠳᠠᠯ᠎ᠢ ᠦᠨᠳᠦᠰᠦᠯᠡᠨ ᠬᠤᠪᠢ ᠦᠭᠴᠦ᠂ ᠵᠠᠷᠯᠠᠨ ᠮᠡᠳᠡᠭ᠌ᠳᠡᠵᠦ᠍᠂ ᠪᠦᠬᠦ᠌ ᠳᠤᠰᠬᠤᠨ᠎ᠤ ᠠᠷᠠᠳ᠎ᠤᠨ ᠬᠢᠨᠠᠯᠲᠠ᠎ᠶ᠋ᠢ ᠬᠦᠯᠢᠶᠡᠵᠦ᠍᠂ ᠢᠲᠡᠭᠡᠮᠵᠢ᠎ᠶ᠋ᠢᠨ ᠬᠤᠪᠢ ᠬᠤᠷᠠᠮᠳᠤᠭᠤᠯᠬᠤ ᠳᠦᠷᠢᠮ᠎ᠦᠨ ᠬᠠᠮᠢᠶᠠᠷᠤᠯᠲᠠ᠎ᠶ᠋ᠢᠨ ᠱᠢᠨᠵᠢᠯᠡᠬᠦ᠌ ᠤᠬᠠᠭᠠᠨᠴᠢ ᠢᠯᠡ ᠲᠣᠳᠣ ᠪᠠᠢᠬᠤ᠎ᠶ᠋ᠢ ᠦᠨᠡᠨ ᠬᠦ᠌ ᠪᠠᠲᠤᠯᠠᠵᠤ᠂ ᠬᠤᠪᠢ ᠦᠨᠡᠯᠡᠭ᠌ᠰᠡᠨ ᠦᠷ᠎ᠡ ᠳ᠋ᠦᠩ᠎ᠦᠨ ᠳᠠᠩᠰᠠ ᠡᠪᠬᠡᠮᠡᠯ᠎ᠢ ᠬᠠᠳᠠᠭᠠᠯᠠᠵᠤ᠂ ᠵᠢᠷᠤᠮᠯᠠᠬᠤ ᠳᠦᠷᠢᠮ᠎ᠲᠡᠶ ᠪᠠᠢᠬᠤ᠎ᠶ᠋ᠢ ᠪᠡᠶᠡᠯᠡᠭᠦᠯᠦᠨ᠂ ᠬᠣᠢᠱᠢᠳᠠ᠎ᠶ᠋ᠢᠨ ᠱᠠᠩᠨᠠᠵᠤ ᠲᠣᠷᠭᠠᠬᠤ᠎ᠳᠤ ᠴᠢᠬᠤᠯᠠ ᠦᠨᠳᠦᠰᠦᠯᠡᠯ ᠪᠣᠯᠭᠠᠨ᠎ᠠ》 ᠭᠡᠵᠦ᠍ ᠠᠷᠪᠠᠨᠭᠡᠷ ᠮᠠᠨᠵᠤ ᠦᠨᠳᠦᠰᠦᠲᠡᠨ᠎ᠦ ᠱᠢᠶᠠᠩ ᠤᠨ ᠨᠠᠮ᠎ᠤᠨ ᠬᠣᠷᠢᠶ᠎ᠠ ᠵᠢᠨ ᠱᠦᠵᠢ ᠰᠦᠨ ᠵᠢᠶᠠᠨ ᠯᠦᠩ ᠰᠤᠷᠪᠤᠯᠵᠢᠯᠠᠭ᠍ᠴᠢ᠎ᠳᠤ ᠲᠠᠨᠢᠯᠴᠠᠭᠤᠯᠵᠤ ᠪᠠᠢᠪᠠ᠃
ᠸᠠᠩ ᠷᠦᠢ ᠵᠢᠶ᠍ᠸ ᠵᠢᠨ ᠬᠢᠨ ᠪᠣᠯ ᠲᠡᠭᠡᠷ᠎ᠠ ᠱᠤᠤ ᠭᠦᠸᠧ ᠲᠣᠰᠭᠣᠨ᠎ᠤ ᠮᠠᠯᠴᠢᠨ ᠪᠣᠯᠤᠨ᠎ᠠ᠂ ᠸᠠᠩ ᠷᠦᠢ ᠵᠢᠶ᠍ᠸ ᠡᠨᠡ ᠵᠢᠯ 60 ᠨᠠᠰᠤᠲᠠᠢ᠃ ᠥᠩᠭᠡᠷᠡᠭ᠌ᠰᠡᠨ ᠨᠢᠭᠡ ᠵᠢᠯ᠎ᠳᠦ ᠲᠡᠷᠡ ᠠᠮᠠᠯᠠᠯᠲᠠ᠎ᠪᠠᠨ ᠨᠠᠷᠢᠨ ᠬᠢᠨᠠᠮᠠᠭᠠᠢ ᠭᠦᠢᠴᠡᠳᠭᠡᠭ᠌ᠰᠡᠨ ᠪᠤᠯᠬᠤᠷ ᠲᠣᠰᠭᠣᠨ ᠡᠴᠡ ᠲᠡᠭᠦᠨ ᠢ᠋ 1 ᠲᠦᠮᠡᠨ ᠬᠤᠷᠠᠮᠳᠤᠯ ᠬᠤᠪᠢ ᠪᠠᠷ ᠱᠠᠩᠨᠠᠵᠤ᠂ ᠲᠡᠷᠡ ᠡᠳᠡᠭᠡᠷ ᠬᠤᠷᠠᠮᠳᠤᠯ ᠬᠤᠪᠢ ᠪᠠᠷ᠎ᠢᠶᠠᠨ ᠲᠣᠰᠭᠣᠨ᠎ᠤ ᠬᠠᠢᠷ᠎ᠠ ᠬᠠᠯᠠᠮᠵᠢ᠎ᠶ᠋ᠢᠨ ᠬᠠᠮ ᠳᠡᠯᠭᠡᠭᠦᠷ ᠡᠴᠡ ᠤᠷᠢᠳ ᠬᠣᠵᠢᠳ ᠴᠠᠬᠢᠯᠭᠠᠨ ᠳᠤᠭᠤᠭ᠎ᠠ᠂ ᠲᠠᠮᠤᠷ ᠬᠦᠷᠵᠡ᠂ ᠱᠠᠬᠠᠢ ᠵᠡᠷᠭᠡ 3000 ᠭᠠᠷᠤᠢ ᠲᠥᠭᠥᠷᠢᠭ᠎ᠦᠨ ᠦᠷᠳᠡᠭ ᠪᠦᠬᠦᠢ ᠡᠳ᠋ ᠪᠠᠷᠠᠭ᠎ᠠ ᠰᠣᠯᠢᠵᠤ ᠠᠪᠴᠠᠢ᠃ 《ᠮᠠᠨ᠎ᠤ ᠬᠢᠨ 70 ᠭᠠᠷᠤᠢ ᠦᠬᠡᠷ᠎ᠲᠡᠶ᠂ ᠪᠡᠯᠴᠢᠭᠡᠷᠯᠡᠭᠦᠯᠬᠦ᠌᠎ᠶ᠋ᠢ ᠵᠤᠭᠰᠤᠭᠠᠬᠤ ᠠᠮᠠᠯᠠᠯᠲᠠ᠎ᠶ᠋ᠢᠨ ᠪᠢᠴᠢᠭ ᠲᠤ᠌ ᠭᠠᠷ ᠤ᠋ᠨ ᠦᠰᠦᠭ ᠵᠢᠷᠤᠭᠰᠠᠨ ᠤ᠋ ᠳᠠᠷᠠᠭ᠎ᠠ ᠪᠦᠬᠦᠨ᠎ᠢ ᠬᠠᠱᠢᠶᠠᠯᠠᠨ ᠲᠡᠵᠢᠭᠡᠵᠡᠢ᠂ ᠮᠢᠨᠦ᠍ ᠦᠵᠡᠬᠦ᠌᠎ᠪᠡᠷ ᠠᠮᠠᠯᠳᠠᠴᠢᠬᠠᠪᠠᠯ ᠵᠠᠪᠠᠯ ᠪᠡᠶᠡᠯᠡᠭᠦᠯᠬᠦ᠌ ᠬᠡᠷᠡᠭ᠌ᠲᠡᠢ᠂ ᠲᠡᠷᠡᠴᠢᠯᠡᠨ ᠠᠮᠠᠯᠠᠯᠲᠠ ᠪᠠᠨ ᠦᠢᠯᠡᠳᠦᠯᠭᠡᠵᠢᠭᠦᠯᠪᠡᠯ ᠪᠠᠰᠠ ᠦᠨ᠎ᠡ ᠲᠥᠯᠥᠪᠦᠷᠢ ᠦᠭᠡᠢ᠎ᠪᠡᠷ ᠡᠳ᠋ ᠪᠠᠷᠠᠭ᠎ᠠ ᠰᠤᠯᠢᠵᠤ ᠲᠠᠢᠯᠤᠨ᠎ᠠ᠂ ᠶᠡᠬᠡ ᠰᠠᠢ᠌ᠨ ᠶᠠᠪᠤᠳᠠᠯ ᠡ 》 ᠭᠡᠵᠦ᠍ ᠸᠠᠩ ᠷᠦᠢ ᠵᠢᠶ᠍ᠸ ᠪᠠᠶᠠᠷᠳᠠᠢ ᠬᠡᠯᠡᠪᠡ᠃
《ᠥᠩᠭᠡᠷᠡᠭ᠌ᠰᠡᠨ᠎ᠳᠦ ᠡᠷᠦᠬᠡ ᠪᠣᠯᠭᠠᠨ ᠴᠥᠮ ᠠᠭᠤᠯᠠ ᠵᠢ ᠳᠤᠭᠤᠷᠢᠨ ᠪᠡᠯᠴᠢᠭᠡᠷᠯᠡᠭᠦᠯᠵᠦ ᠪᠠᠢᠭ᠍ᠰᠠᠨ ᠪᠣᠯᠬᠣᠷ ᠤᠤᠯ ᠡᠴᠡ᠎ᠪᠠᠨ ᠬᠡᠪᠡᠷᠡᠭ ᠪᠠᠢᠭ᠍ᠰᠠᠨ ᠠᠮᠢ ᠣᠷᠴᠢᠨ ᠨᠥᠬᠥᠴᠡᠯ ᠤᠯᠠᠮ ᠡᠴᠡ ᠤᠯᠠᠮ ᠮᠠᠭᠤᠳᠠᠨ᠂ ᠤᠯᠠᠮᠵᠢᠯᠠᠯᠲᠤ ᠮᠠᠯᠵᠢᠯ ᠤᠨ ᠦᠢᠯᠡᠰ ᠴᠦ᠍ ᠮᠠᠭᠤ ᠣᠷᠴᠢᠯ᠎ᠳᠤ ᠣᠷᠣᠭᠠᠳ ᠪᠠᠢᠵᠠᠢ᠂ ᠢᠲᠡᠭᠡᠮᠵᠢ᠎ᠶ᠋ᠢᠨ ᠬᠤᠪᠢ ᠬᠤᠷᠠᠮᠳᠤᠭᠤᠯᠬᠤ ᠳᠦᠷᠢᠮ᠎ᠦᠨ ᠬᠠᠮᠢᠶᠠᠷᠤᠯᠲᠠ᠎ᠶ᠋ᠢᠨ ᠠᠷᠭ᠎ᠠ ᠲᠣᠰᠭᠣᠨ᠎ᠤ ᠠᠷᠠᠳ᠎ᠢ ᠳᠠᠢᠴᠢᠯᠠᠨ᠂ ᠣᠳᠣᠬᠠᠨ᠎ᠳᠤ ᠲᠣᠰᠭᠣᠨ᠎ᠤ ᠠᠷᠠᠳ ᠪᠡᠯᠴᠢᠭᠡᠷᠯᠡᠭᠦᠯᠬᠦ᠌᠎ᠶ᠋ᠢ ᠵᠤᠭᠰᠤᠭᠠᠬᠤ ᠲᠣᠭ᠍ᠲᠠᠭᠠᠯ᠎ᠢ ᠤᠬᠠᠮᠰᠠᠷ ᠡᠴᠡ᠎ᠪᠠᠨ ᠵᠢᠷᠤᠮᠯᠠᠬᠤ᠎ᠪᠠᠷ ᠪᠠᠷᠠᠬᠤ ᠦᠭᠡᠢ ᠪᠠᠰᠠ ᠬᠤᠷᠠᠮᠳᠤᠯ ᠬᠤᠪᠢ ᠪᠠᠨ ᠭᠠᠢᠬᠠᠭᠤᠯᠬᠤ ᠪᠤᠯᠵᠠᠢ》 ᠬᠡᠵᠤ ᠲᠡᠭᠡᠷ᠎ᠠ ᠱᠤᠤ ᠭᠦᠸᠧ ᠲᠣᠰᠭᠣᠨ᠎ᠤ ᠨᠠᠮ᠎ᠤᠨ ᠶᠡᠷᠦᠩᠬᠡᠢ ᠡᠭᠦᠷ᠎ᠦᠨ ᠱᠦᠵᠢ ᠭᠦᠸᠧ ᠱᠢᠶᠤᠤ ᠳ᠋ᠦᠩ ᠬᠡᠯᠡᠪᠡ᠃
ᠢᠲᠡᠭᠡᠮᠵᠢ᠎ᠶ᠋ᠢᠨ ᠬᠢᠨᠠᠯᠲᠠ ᠬᠠᠮᠢᠶᠠᠷᠤᠯᠲᠠ᠎ᠪᠠᠷ ᠪᠣᠬᠢᠷᠲᠤᠯ ᠦᠭᠡᠢ ᠬᠥᠳᠡᠭᠡ ᠲᠣᠰᠭᠣᠨ᠎ᠢ ᠴᠣᠭ᠍ᠴᠠᠯᠠᠨ ᠪᠠᠢᠭᠤᠯᠵᠤ᠂ ᠠᠮᠠᠯᠲᠠᠬᠤ ᠡᠴᠡ ᠠᠮᠠᠯᠠᠯᠲᠠ᠎ᠪᠠᠨ ᠪᠡᠶᠡᠯᠡᠭᠦᠯᠬᠦ᠌ ᠬᠦᠷᠲᠡᠯ᠎ᠡ ᠠᠷᠪᠠᠨᠭᠡᠷ ᠮᠠᠨᠵᠤ ᠦᠨᠳᠦᠰᠦᠲᠡᠨ᠎ᠦ ᠱᠢᠶᠠᠩ ᠦᠨᠡᠨᠴᠢ ᠢᠲᠡᠭᠡᠮᠵᠢ᠎ᠪᠡᠷ ᠶᠡᠬᠡ ᠬᠥᠭ᠌ᠵᠢᠯᠲᠡ᠎ᠶ᠋ᠢ ᠰᠣᠯᠢᠵᠤ ᠠᠪᠴᠢᠷᠠᠭ᠍ᠰᠠᠨ ᠪᠠᠢᠨ᠎ᠠ᠃
ᠪᠦᠬᠦ᠌ ᠱᠢᠶᠠᠩᠵᠢᠡᠷ ᠵᠢᠡᠨ ᠪᠡᠯᠴᠢᠭᠡᠷᠯᠡᠭᠦᠯᠬᠦ᠌᠎ᠶ᠋ᠢ ᠵᠤᠭᠰᠤᠭᠠᠬᠤ ᠬᠤᠭᠤᠴᠠᠭᠠᠨ᠎ᠳᠤ ᠲᠣᠭ᠍ᠲᠠᠭᠠᠯ ᠡᠴᠡ ᠵᠥᠷᠢᠴᠡᠨ ᠪᠡᠯᠴᠢᠭᠡᠷᠯᠡᠭᠦᠯᠦᠭ᠌ᠰᠡᠨ ᠬᠡᠮᠵᠢᠶ᠎ᠠ ᠠᠳᠠᠯᠢ ᠬᠤᠭᠤᠴᠠᠭᠠᠨ ᠤ᠋ ᠬᠢ ᠡᠴᠡ 86% ᠪᠠᠷ ᠪᠠᠭᠠᠰᠴᠤ᠌᠂ ᠪᠡᠯᠴᠢᠭᠡᠷᠯᠡᠭᠦᠯᠬᠦ᠌᠎ᠶ᠋ᠢ ᠵᠤᠭᠰᠤᠭᠠᠭᠰᠠᠨ ᠡᠴᠡ ᠪᠣᠯᠤᠭ᠍ᠰᠠᠨ ᠵᠥᠷᠢᠴᠡᠯ ᠵᠠᠭᠤᠷᠠᠯᠳᠤᠭᠠᠨ ᠴᠦ᠍ ᠠᠳᠠᠯᠢ ᠬᠤᠭᠤᠴᠠᠭᠠᠨ ᠤ᠋ ᠬᠢ ᠡᠴᠡ 74% ᠪᠠᠷ ᠪᠠᠭᠠᠰᠴᠠᠢ᠃ ᠡᠭᠦᠨ᠎ᠦ ᠵᠡᠷᠭᠡ᠎ᠳᠦ ᠳᠤᠰᠬᠤᠨ ᠤ᠋ ᠠᠷᠠᠳ᠎ᠤᠨ ᠬᠠᠢᠷ᠎ᠠ ᠬᠠᠯᠠᠮᠵᠢ᠎ᠶ᠋ᠢᠨ ᠬᠠᠮ ᠳᠡᠯᠭᠡᠭᠦᠷ᠂ ᠱᠢᠯᠢᠳᠡᠭ ᠲᠡᠷᠢᠭᠦᠨ᠎ᠦ ᠬᠢ᠎ᠶ᠋ᠢ ᠱᠢᠯᠭᠠᠷᠠᠭᠤᠯᠬᠤ ᠠᠵᠢᠯᠯᠠᠭ᠎ᠠ ᠳ᠋ᠤ ᠣᠷᠣᠯᠴᠠᠬᠤ ᠢᠳᠡᠪᠬᠢᠵᠢᠯ ᠳᠠᠢᠴᠢᠯᠠᠭᠳᠠᠪᠠ᠃
2023 ᠣᠨ᠎ᠤ 6 ᠰᠠᠷ᠎ᠠ᠎ᠳᠤ ᠠᠷᠪᠠᠨᠭᠡᠷ ᠮᠠᠨᠵᠤ ᠦᠨᠳᠦᠰᠦᠲᠡᠨ᠎ᠦ ᠱᠢᠶᠠᠩ᠎ᠤᠨ《ᠪᠠᠭ᠎ᠠ ᠢᠲᠡᠭᠡᠮᠵᠢ·ᠶᠡᠬᠡ ᠬᠥᠭ᠌ᠵᠢᠯᠲᠡ》 ᠵᠢᠨ ᠦᠨᠳᠦᠰᠦᠨ ᠱᠠᠲᠤᠨ᠎ᠤ ᠵᠠᠰᠠᠯᠲᠠ᠎ᠶ᠋ᠢᠨ ᠱᠢᠨ᠎ᠡ ᠵᠠᠭ᠍ᠪᠤᠷ᠎ᠢ ᠤᠯᠤᠰ᠎ᠤᠨ ᠢᠲᠡᠭᠡᠮᠵᠢ᠎ᠶ᠋ᠢᠨ ᠲᠥᠪ ᠡᠴᠡ ᠪᠥᠬᠥ᠌ ᠤᠯᠤᠰ᠎ᠤᠨ ᠦᠨᠳᠦᠰᠦᠨ ᠱᠠᠲᠤᠨ᠎ᠤ ᠵᠠᠰᠠᠯᠲᠠ᠎ᠶ᠋ᠢᠨ ᠢᠲᠡᠭᠡᠮᠵᠢ᠎ᠶ᠋ᠢᠨ ᠠᠮᠠᠯᠠᠯᠲᠠ᠎ᠶ᠋ᠢᠨ ᠨᠡᠢᠲᠡᠯᠢᠭ ᠬᠡᠷᠡᠭ᠎ᠦᠨ ᠵᠢᠱ᠌ᠢᠶ᠎ᠡ᠎ᠪᠡᠷ ᠦᠨᠡᠯᠡᠵᠡᠶ᠃
《〈ᠢᠲᠡᠭᠡᠮᠵᠢ᠎ᠶ᠋ᠢᠨ ᠬᠤᠪᠢ ᠬᠤᠷᠠᠮᠳᠤᠭᠤᠯᠬᠤ ᠲᠦᠷᠢᠮ᠎ᠦᠨ ᠬᠠᠮᠢᠶᠠᠷᠤᠯᠲᠠ〉ᠬᠠᠷᠢᠭᠤᠴᠠᠯᠭ᠎ᠠ᠎ᠲᠠᠶ ᠪᠠᠢᠬᠤ᠂ ᠲᠡᠷᠢᠭᠦᠨ ᠤ᠋ ᠬᠢ ᠵᠢ ᠲᠡᠮᠡᠴᠡᠬᠦ ᠳ᠋ᠤ ᠪᠠᠷᠢᠮᠵᠢᠶ᠎ᠠ᠎ᠲᠠᠶ᠂ ᠰᠢᠯᠢᠳᠡᠭ ᠢ᠋ ᠱᠢᠯᠭᠠᠷᠠᠭᠤᠯᠬᠤ᠎ᠳᠤ ᠪᠠᠷᠢᠮᠲᠠ᠎ᠲᠠᠶ ᠭᠡᠳᠡᠭ᠎ᠢ ᠲᠣᠰᠭᠣᠨ᠎ᠤ ᠠᠷᠠᠳᠲᠦ᠍ ᠮᠡᠳᠡᠭᠦᠯᠵᠦ᠂ ᠲᠣᠰᠭᠣᠨ᠎ᠤ ᠠᠷᠠᠳ᠎ᠤᠨ ᠤᠬᠠᠮᠰᠠᠷ ᠡᠴᠡ᠎ᠪᠠᠨ ᠲᠦᠷᠢᠮ ᠲᠣᠭ᠍ᠲᠠᠭᠠᠯ᠎ᠢ ᠵᠢᠷᠤᠮᠯᠠᠬᠤ ᠪᠠ ᠦᠨᠳᠦᠰᠦᠨ ᠱᠠᠲᠤᠨ᠎ᠤ ᠵᠠᠰᠠᠯᠲᠠ᠎ᠳᠤ ᠣᠷᠣᠯᠴᠠᠬᠤ ᠢᠳᠡᠪᠬᠢᠵᠢᠯ᠎ᠢ ᠤᠯᠠᠮ ᠴᠢᠨᠠᠭ᠍ᠰᠢᠳᠠ ᠬᠥᠭ᠌ᠵᠢᠭᠡᠵᠡᠢ᠃ ᠬᠤᠢᠰᠢᠳᠠ ᠡᠨᠡ ᠬᠦ᠌ ᠲᠦᠷᠢᠮ᠎ᠢ ᠲᠠᠰᠤᠷᠠᠯᠲᠠ ᠥᠬᠡᠶ ᠲᠡᠭᠦᠯᠳᠡᠷᠵᠢᠭᠦᠯᠬᠦ᠎ᠶ᠋ᠢᠨ ᠬᠠᠮᠲᠤ ᠬᠥᠳᠡᠭᠡ ᠲᠣᠰᠭᠣᠨ᠎ᠤ ᠢᠲᠡᠭᠡᠮᠵᠢ᠎ᠶ᠋ᠢᠨ ᠱᠢᠰᠲ᠋ᠧᠮ᠎ᠢ ᠪᠠᠢᠭᠤᠯᠬᠤ ᠡᠷᠴᠢᠮ᠎ᠢᠶᠡᠨ ᠴᠢᠩᠭᠠᠳᠬᠠᠵᠤ᠂ ᠦᠨᠡᠨᠴᠢ ᠢᠲᠡᠭᠡᠮᠵᠢᠲᠡᠶ ᠬᠥᠳᠡᠭᠡ ᠲᠣᠰᠭᠣᠨ᠎ᠢ ᠲᠦᠷᠭᠡᠳᠭᠡᠨ ᠪᠠᠢᠭᠤᠯᠵᠤ᠂ ᠦᠨᠡᠨᠴᠢ ᠢᠲᠡᠭᠡᠮᠵᠢ᠎ᠶ᠋ᠢᠨ ᠪᠠᠢᠭᠤᠯᠤᠯᠲᠠ᠎ᠪᠠᠷ ᠦᠨᠳᠦᠰᠦᠨ ᠱᠠᠲᠤᠨ᠎ᠤ ᠵᠠᠰᠠᠯᠲᠠ᠎ᠳᠤ ᠨᠠᠩ ᠰᠠᠢᠳᠤᠷ ᠵᠢᠠᠷ ᠬᠦᠴᠦᠨ ᠨᠡᠮᠡᠷᠢᠯᠡᠨ᠎ᠡ》 ᠬᠡᠵᠤ ᠠᠷᠪᠠᠨᠭᠡᠷ ᠮᠠᠨᠵᠤ ᠦᠨᠳᠦᠰᠦᠲᠡᠨ᠎ᠦ ᠱᠢᠶᠠᠩ᠎ᠤᠨ ᠨᠠᠮ᠎ᠤᠨ ᠬᠣᠷᠢᠶ᠎ᠠ ᠵᠢᠨ ᠱᠦᠵᠢ ᠰᠦᠨ ᠵᠢᠶᠠᠨ ᠯᠦᠩ ᠬᠡᠯᠡᠵᠠᠢ᠃