ᠲᠡᠯᠭᠡᠷ ᠵᠤᠨ᠎ᠤ ᠦᠳᠡᠰᠢ᠎ᠶ᠋ᠢᠨ ᠪᠦᠷᠦᠶ ᠠᠯᠭᠤᠷᠬᠠᠨ ᠨᠥᠮᠤᠷᠢᠨ ᠪᠠᠭᠤᠯ᠎ᠠ᠃
ᠬᠥᠬᠡᠬᠣᠲᠠ᠎ᠶ᠋ᠢᠨ ᠡᠯ᠎ᠡ ᠬᠤᠳᠠᠯᠳᠤᠭᠠᠨ᠎ᠤ ᠲᠣᠭᠣᠷᠢᠭ ᠂ ᠰᠥᠨᠢ᠎ᠶ᠋ᠢᠨ ᠵᠠᠬ᠎ᠠ ᠳᠡᠯᠭᠡᠭᠦᠷ ᠲᠤ᠌ ᠬᠥᠮᠦᠨ ᠬᠠᠷ᠎ᠠ ᠰᠦᠯᠵᠢᠯᠳᠦᠵᠦ᠂ ᠬᠤᠳᠠ᠎ᠶ᠋ᠢᠨ ᠠᠷᠠᠳ ᠪᠣᠯᠤᠨ ᠵᠢᠭᠤᠯᠴᠢᠯᠠᠭᠰᠠᠳ ᠬᠣᠢᠨ᠎ᠠ ᠬᠣᠢᠨ᠎ᠠ᠎ᠡᠴᠡ᠎ᠪᠠᠨ ᠬᠡᠷ᠎ᠡᠴᠡ᠎ᠪᠡᠨ ᠭᠠᠷᠴᠤ᠌ ᠂ ᠤᠷᠤᠢ᠎ᠶ᠋ᠢᠨ ᠰᠡᠷᠢᠭᠦᠨ᠎ᠢᠶᠠᠷ ᠠᠮᠲᠠᠲᠤ ᠢᠳᠡᠭᠡᠨ᠂ ᠡᠳ᠋ ᠪᠠᠷᠠᠭ᠎ᠠ ᠬᠤᠳᠠᠯᠳᠤᠨ ᠠᠪᠬᠤ ᠵᠤᠭ᠎ᠠ ᠴᠡᠩᠭᠡᠯ᠎ᠢ ᠡᠷᠢᠯᠬᠢᠯᠡᠵᠦ᠍ ᠂ ᠲᠠᠭᠠᠯᠠᠮᠵᠢᠲᠠᠢ ᠰᠠᠢᠬᠠᠨ ᠠᠮᠢᠳᠤᠷᠠᠯ᠎ᠢ ᠡᠳ᠋ᠯᠡᠨ᠎ᠠ᠃ ᠡᠨᠡ ᠬᠥ᠌ ᠬᠦᠷ ᠬᠥᠭ᠌ᠵᠢᠶᠡᠨ ᠨᠢ ᠬᠤᠳᠠ᠎ᠶ᠋ᠢᠨ ᠰᠦᠨᠢ ᠵᠢᠨ ᠠᠮᠢᠳᠤᠷᠠᠯ ᠢ᠋ 《ᠪᠠᠶᠠᠯᠢᠭᠵᠢᠭᠤᠯᠵᠤ 》 ᠂ ᠬᠤᠳᠠᠯᠳᠤᠭᠠᠨ᠎ᠤ ᠲᠣᠭᠣᠷᠢᠭ 《 ᠬᠦᠷ ᠬᠥᠭ᠌ᠵᠢᠶᠡᠨᠵᠢᠡᠷ ᠪᠢᠯᠬᠠᠵᠤ》᠂ ᠰᠣᠶᠣᠯ ᠵᠢᠭᠤᠯᠴᠢᠯᠠᠯ 《ᠬᠠᠯᠠᠮᠰᠢᠯ》 ᠪᠤᠯᠤᠯ᠎ᠠ᠃
6 ᠰᠠᠷ᠎ᠠ᠎ᠶ᠋ᠢᠨ 23 ᠤ᠋ ᠡᠳᠦᠷ ᠪᠣᠯ ᠭᠠᠷᠠᠭ᠎ᠤᠨ ᠡᠳᠦᠷ ᠃ ᠰᠤᠷᠪᠤᠯᠵᠢᠯᠠᠭ᠍ᠴᠢ ᠬᠣᠲᠣᠩ ᠠᠷᠠᠳ᠎ᠤᠨ ᠲᠣᠭᠣᠷᠢᠭ᠎ᠤᠨ ᠺᠤᠸᠠᠨ ᠱᠢᠶᠠᠩ ᠽᠢ ᠭᠤᠳᠤᠮᠵᠢ ᠳ᠋ᠥ᠍ ᠬᠦᠷᠬᠦ᠌᠎ᠳᠦ ᠴᠥᠭᠡᠨ ᠪᠤᠰᠤ ᠳᠡᠯᠭᠡᠭᠦᠷ᠎ᠦᠨ ᠡᠭᠦᠳᠡᠨ ᠳᠡᠭᠡᠷ᠎ᠡ ᠨᠢᠭᠡᠨᠲᠡ ᠤᠷᠲᠤ ᠮᠥᠷᠯᠡᠭ᠌ᠰᠡᠨ ᠪᠠᠢᠯ᠎ᠠ᠃
《ᠡᠢᠮᠦ᠍ ᠣᠯᠠᠨ ᠠᠮᠲᠠᠲᠤ ᠢᠳᠡᠭᠡᠨ᠎ᠢ ᠦᠵᠡᠭᠡᠳ ᠢᠳᠡᠬᠦ᠌ ᠂ ᠬᠤᠳᠠᠯᠳᠤᠨ ᠠᠪᠬᠤ ᠵᠠᠭ᠍ᠪᠤᠷ᠎ᠢᠶᠠᠨ ᠡᠬᠢᠯᠡᠭᠦᠯᠵᠦ᠍ ᠂ ᠢᠯᠡᠭᠦᠬᠡᠨ ᠱᠢᠭ ᠠᠪᠴᠤ᠌ ᠬᠠᠷᠢᠬᠤ ᠰᠠᠨᠠᠭ᠎ᠠ᠎ᠲᠠᠶ 》 ᠭᠡᠵᠦ᠍ ᠵᠢᠶᠠᠩᠯᠠᠭᠰᠠᠨ ᠦᠬᠡᠷ᠎ᠦᠨ ᠮᠢᠬ᠎ᠠ ᠬᠤᠳᠠᠯᠳᠤᠨ ᠠᠪᠴᠤ᠌ ᠪᠠᠢᠭ᠎ᠠ ᠬᠣᠲᠠ᠎ᠶ᠋ᠢᠨ ᠠᠷᠠᠳ ᠯᠢᠦ ᠱᠢᠶᠤᠤ ᠬᠣᠶ ᠬᠡᠯᠡᠨ᠎ᠠ᠃
ᠬᠣᠲᠠ᠎ᠶ᠋ᠢᠨ ᠬᠥᠭ᠌ᠵᠢᠶᠡᠨ ᠨᠠᠷᠭᠢᠶᠠᠨ ᠨᠢ ᠡᠭᠡᠯ ᠠᠷᠠᠳ᠎ᠤᠨ ᠰᠡᠳᠭᠢᠯ᠎ᠢ ᠬᠠᠮᠤᠭ᠎ᠡᠴᠡ ᠪᠠᠶᠠᠰᠭᠠᠨ᠎ᠠ᠃
ᠨᠠᠷᠠ ᠵᠢᠷᠭᠠᠵᠤ ᠦᠳᠡᠰᠢ᠎ᠶ᠋ᠢᠨ ᠰᠠᠷᠢᠬᠦᠨ ᠤᠷᠤᠯ᠎ᠠ᠃ ᠵᠦᠩ ᠱᠠᠨ ᠪᠠᠷᠠᠭᠤᠨ ᠵᠠᠮ᠎ᠤᠨ ᠦᠨᠳᠦᠰᠦᠲᠡᠨ᠎ᠦ ᠬᠤᠳᠠᠯᠳᠤᠭᠠᠨ᠎ᠤ ᠲᠠᠯᠠᠪᠠᠢ ᠵᠢᠨ ᠤᠢ᠍ᠢᠷᠠᠯᠴᠠᠭᠠᠬᠢ ᠵᠤᠸᠠᠨ ᠵᠢᠶᠤᠤ ᠰᠢᠶᠠᠩ ᠶᠠᠪᠠᠭᠠᠨ ᠵᠡᠭᠡᠯᠢ ᠵᠢᠨ ᠬᠠᠷᠠᠭ᠎ᠠ ᠪᠤᠯᠢᠶᠠᠮ᠎ᠠ ᠂ ᠦᠨᠦᠷ ᠬᠠᠩᠬᠤᠯᠤᠮ᠎ᠠ ᠡᠯ᠎ᠡ ᠲᠦᠷᠦᠯ᠎ᠦᠨ ᠢᠳᠡᠭᠡᠨ ᠨᠢ ᠬᠥᠮᠦᠰ᠎ᠦᠨ ᠳᠤᠷ᠎ᠠ ᠪᠠᠬ᠎ᠠ᠎ᠶ᠋ᠢ ᠲᠠᠲᠠᠨ᠎ᠠ᠃
ᠬᠥᠬᠡᠬᠣᠲᠠ᠎ᠶ᠋ᠢᠨ ᠠᠩᠬᠠᠳᠠᠭ᠍ᠴᠢ HI —BOX ᠴᠢᠩᠭᠡᠯᠢᠭ᠎ᠦᠨ ᠤᠨᠴᠠᠯᠢᠭ᠍ᠳᠤ ᠤᠷᠤᠰᠭᠠᠯᠲᠤ ᠨᠠᠭᠠᠳᠭᠤ ᠵᠢᠭᠤᠯᠴᠢᠯᠠᠬᠤ ᠶᠠᠪᠠᠭᠠᠨ ᠵᠡᠭᠡᠯᠢ ᠪᠣᠯᠤᠭ᠍ᠰᠠᠨ᠎ᠤ ᠬᠤᠪᠢ᠎ᠳᠤ ᠵᠤᠸᠠᠨ ᠵᠢᠶᠤᠤ ᠰᠢᠶᠠᠩ ᠶᠠᠪᠠᠭᠠᠨ ᠵᠡᠭᠡᠯᠢ ᠵᠢᠨ ᠭᠤᠤᠯ ᠡᠵᠡᠩᠨᠡᠯᠲᠡ᠎ᠶ᠋ᠢᠨ ᠬᠡᠯᠪᠡᠷᠢ ᠨᠢ ᠢᠳᠡᠭᠡᠨ ᠤᠮᠳᠠᠭᠠᠨ᠂ ᠰᠦᠯᠵᠢᠶᠡᠨ᠎ᠦ ᠨᠠᠷᠠᠲᠤ ᠢᠳᠡᠭᠡᠨ ᠂ ᠢᠵᠢ ᠪᠥᠷᠢᠳᠦᠭ᠌ᠰᠡᠨ ᠵᠤᠭ᠎ᠠ ᠴᠡᠩᠭᠡᠯ᠂ ᠤᠷᠤᠰᠭᠠᠯᠲᠤ ᠲᠣᠭ᠍ᠯᠠᠭᠠᠮ᠎ᠤᠨ ᠪᠡᠶᠡᠴᠢᠯᠡᠨ ᠣᠢᠯᠠᠭᠠᠯᠲᠠ ᠪᠠᠢᠵᠤ ᠂ ᠬᠣᠲᠠ᠎ᠶ᠋ᠢᠨ ᠠᠷᠠᠳ᠂ ᠵᠢᠭᠤᠯᠴᠢᠯᠠᠭ᠍ᠰᠡᠳ᠎ᠤᠨ ᠣᠯᠠᠨ ᠡᠱᠢᠵᠢᠭ᠌ᠰᠡᠨ ᠂ ᠥᠪᠡᠷᠮᠢᠴᠡ ᠂ ᠴᠢᠨᠠᠷᠵᠢᠭ᠍ᠰᠠᠨ ᠬᠡᠷᠡᠭ᠌ᠯᠡᠭᠡᠨ᠎ᠦ ᠬᠡᠷᠡᠭ᠌ᠴᠡᠭᠡ᠎ᠶ᠋ᠢ ᠬᠠᠩᠭᠠᠭ᠍ᠰᠠᠨ ᠪᠠᠢᠨ᠎ᠠ᠃
ᠠᠰᠠᠷ ᠲᠠᠭ᠍ᠳᠤ ᠰᠡᠬᠦᠢᠨ ᠰᠦᠨᠳᠡᠷᠯᠡᠵᠦ᠍ ᠂ ᠥᠩᠭᠡᠲᠦ ᠳ᠋ᠧᠩ ᠰᠣᠯᠣᠩᠭᠠᠷᠠᠭ᠍ᠰᠠᠨ ᠵᠦᠩ ᠱᠠᠨ ᠪᠠᠷᠠᠭᠤᠨ ᠵᠠᠮ᠎ᠤᠨ ᠬᠤᠳᠠᠯᠳᠤᠭᠠᠨ᠎ᠤ ᠲᠣᠭᠣᠷᠢᠭ᠎ᠤᠨ ᠭᠠᠵᠠᠷ ᠪᠣᠯᠭᠠᠨ᠎ᠳᠤ ᠤᠳᠤ ᠦᠶ᠎ᠡ᠎ᠶ᠋ᠢᠨ ᠶᠡᠬᠡ ᠬᠤᠳᠠ᠎ᠶ᠋ᠢᠨ ᠬᠥᠭ᠌ᠵᠢᠶᠡᠨ ᠨᠠᠷᠭᠢᠶᠠᠨᠤᠷᠤᠰᠬᠠᠯᠳᠤ ᠵᠦᠢᠯᠡᠰ ᠳᠡᠯᠭᠡᠭᠳᠡᠨ᠎ᠡ᠃
ᠡᠨᠳᠡ ᠦᠨᠳᠦᠰᠦᠲᠡᠨ᠎ᠦ ᠬᠤᠳᠠᠯᠳᠤᠭᠠᠨ᠎ᠤ ᠲᠠᠯᠠᠪᠠᠢ ᠂ ᠸᠠᠩ ᠹᠦ᠋ ᠵᠢᠩ ᠣᠤ ᠯᠠᠢ ᠂ ᠵᠧᠨ ᠬᠤᠸᠠ ᠠᠭᠤᠳᠠᠮ ᠲᠠᠯᠠᠪᠠᠢ ᠵᠡᠷᠭᠡ ᠬᠤᠳᠠᠯᠳᠤᠭᠠᠨ᠎ᠤ ᠲᠠᠯᠠᠪᠠᠢ ᠲᠥᠪᠯᠡᠷᠡᠵᠦ᠍᠂ ᠣᠷᠣᠨ᠎ᠤ ᠲᠥᠪ᠎ᠦᠨ ᠬᠤᠳᠠ᠎ᠶ᠋ᠢᠨ ᠠᠷᠠᠳ᠎ᠤᠨ ᠲᠡᠷᠢᠭᠦᠨ ᠰᠣᠩᠭᠣᠯᠲᠠ ᠪᠣᠯᠬᠤ ᠪᠠᠷᠠᠭ᠎ᠠ ᠬᠤᠳᠠᠯᠳᠤᠨ ᠠᠪᠬᠤ᠂ ᠵᠢᠭᠤᠯᠴᠢᠯᠠᠬᠤ ᠭᠠᠵᠠᠷ ᠪᠣᠯᠤᠨ᠎ᠠ᠃
ᠵᠣᠨ ᠪᠤᠯᠤᠭᠰᠠᠨ ᠡᠴᠡ ᠨᠠᠭᠠᠰᠢ ᠵᠥᠩ ᠱᠠᠨ ᠪᠠᠷᠠᠭᠤᠨ ᠵᠠᠮ᠎ᠤᠨ ᠬᠤᠳᠠᠯᠳᠤᠭᠠᠨ᠎ᠤ ᠲᠣᠭᠣᠷᠢᠭ᠎ᠤᠨ ᠲᠣᠮᠣ ᠬᠡᠯᠪᠡᠷᠢ᠎ᠶ᠋ᠢᠨ ᠬᠤᠳᠠᠯᠳᠤᠭᠠᠨ᠎ᠤ ᠲᠠᠯᠠᠪᠠᠢ᠎ᠨᠢ ᠵᠣᠨ᠎ᠤ ᠤᠯᠠᠷᠢᠯ᠎ᠤᠨ ᠡᠵᠡᠩᠨᠡᠯᠲᠡ᠎ᠶ᠋ᠢᠨ ᠴᠠᠭ᠎ᠢ ᠬᠡᠷᠡᠭ᠌ᠵᠢᠭᠦᠯᠵᠦ᠍᠂ ᠥᠷᠭᠡᠨ ᠣᠯᠠᠨ ᠬᠣᠲᠠ᠎ᠶ᠋ᠢᠨ ᠠᠷᠠᠳ᠂ ᠵᠢᠭᠤᠯᠴᠢᠯᠠᠭ᠍ᠰᠡᠳ᠎ᠤᠨ ᠰᠥᠨᠢ᠎ᠪᠡᠷ ᠪᠠᠷᠠᠭ᠎ᠠ ᠬᠤᠳᠠᠯᠳᠤᠨ ᠠᠪᠬᠤ ᠂ ᠵᠢᠭᠤᠯᠴᠢᠯᠠᠨ ᠨᠠᠭᠠᠳᠭᠤ᠎ᠳᠤ ᠲᠥᠬᠥᠮ ᠦᠵᠡᠭᠦᠯᠦᠭᠰᠡᠨ ᠪᠠᠢᠨ᠎ᠠ᠃
ᠰᠡᠷᠢᠬᠦᠨ ᠰᠠᠯᠬᠢ ᠰᠡᠷᠴᠢᠬᠢᠨᠡᠭᠰᠡᠨ ᠠᠶᠠᠳᠠᠢᠬᠠᠨ ᠦᠳᠡᠰᠢ ᠪᠡᠷ ᠰᠤᠷᠪᠤᠯᠵᠢᠯᠠᠭ᠍ᠴᠢ ᠰᠠᠢᠬᠠᠨ ᠲᠣᠭᠣᠷᠢᠭ᠎ᠤᠨ ᠹᠸᠩ ᠵᠧᠦ ᠵᠠᠮ᠎ᠤᠨ ᠵᠢᠨ ᠶᠢᠤ ᠴᠧᠩ ᠬᠤᠳᠠᠯᠳᠤᠭᠠᠨ᠎ᠤ ᠲᠣᠭᠣᠷᠢᠭ᠎ᠲᠤ ᠢᠷᠡᠬᠦ ᠳ᠋ᠤ ᠥᠪᠡᠷ ᠥᠪᠡᠷ᠎ᠦᠨ ᠣᠨᠴᠠᠯᠢᠭ᠎ᠲᠠᠶ ᠬᠤᠳᠠᠯᠳᠤᠭᠠᠨ᠎ᠤ ᠳᠡᠯᠭᠡᠭᠦᠷᠤ᠋ᠳ ᠬᠦᠷ ᠬᠦᠭᠵᠢᠶᠠᠨ ᠵᠢᠡᠷ ᠪᠢᠯᠬᠠᠵᠤ ᠪᠠᠢᠯ᠎ᠠ᠃ ᠡᠨᠳᠡᠬᠢ ᠣᠯᠠᠩᠬᠢ ᠨᠢ ᠠᠮᠲᠠᠲᠤ ᠢᠳᠡᠭᠡᠨ ᠪᠠᠢᠵᠤ᠂ ᠪᠠᠰᠠ ᠭᠠᠷ ᠤᠷᠠᠯᠠᠯ᠎ᠤᠨ ᠪᠦᠲᠦᠭᠡᠭ᠌ᠳᠡᠬᠦᠨ ᠪᠣᠯᠤᠨ ᠨᠠᠭᠠᠳᠤᠮ᠎ᠤᠨ ᠵᠦᠶ᠋ᠯ ᠵᠡᠷᠭᠡ ᠪᠠᠢᠵᠦ ᠬᠣᠲᠠ᠎ᠶ᠋ᠢᠨ ᠠᠭᠤᠷ ᠠᠮᠢᠰᠭᠤᠯ᠎ᠢ ᠬᠥᠭ᠌ᠵᠢᠭᠡᠬᠦ᠌᠎ᠶ᠋ᠢᠨ ᠵᠡᠷᠭᠡ ᠪᠡᠷ ᠵᠠᠯᠠᠭᠤᠴᠤᠳ᠎ᠲᠤ ᠨᠠᠩ ᠣᠯᠠᠨ ᠰᠣᠩᠭᠣᠯᠲᠠ ᠣᠯᠭᠣᠭ᠍ᠰᠠᠨ ᠪᠠᠢᠨ᠎ᠠ᠃ ᠵᠠᠷᠢᠮ ᠨᠢ ᠡᠬᠦᠷᠭᠡ ᠵᠢᠨ ᠮᠠᠢᠮᠠᠢ᠎ᠳᠤ ᠲᠦᠱᠢᠭ᠌ᠯᠡᠨ ᠣᠬᠣᠷᠬᠠᠨ ᠬᠤᠭᠤᠴᠠᠭᠠᠨ᠎ᠤ ᠱᠢᠯᠵᠢᠯᠲᠡ ᠬᠢᠵᠦ᠍ ᠂ ᠵᠠᠷᠢᠮ ᠨᠢ ᠡᠬᠦᠷᠭᠡ ᠵᠢᠨ ᠮᠠᠢᠮᠠᠢ ᠵᠢ ᠬᠦᠰᠡᠯ ᠵᠡᠭᠦᠳᠦ᠍᠎ᠪᠡᠷ ᠦᠵᠡᠵᠦ᠍᠂ ᠪᠠᠰᠠ ᠵᠠᠷᠢᠮ ᠨᠢ ᠲᠡᠭᠦᠨ᠎ᠢ ᠦᠢᠯᠡᠰ ᠪᠤᠰᠬᠠᠬᠤ ᠲᠦᠷᠦᠬᠦᠦ ᠠᠯᠬᠤᠮ ᠵᠢᠡᠷ ᠦᠵᠡᠵᠦ᠍ ᠪᠠᠢᠨ᠎ᠠ᠃ ᠶᠡᠬᠡ ᠬᠡᠮᠵᠢᠶᠡᠨ᠎ᠦ ᠵᠠᠯᠠᠭᠤ ᠬᠤᠳᠠᠯᠳᠤᠭᠠᠴᠢᠨ ᠤ᠋ ᠤᠷᠤᠵᠤ ᠢᠷᠡᠭᠰᠡᠨ ᠵᠢᠡᠷ ᠡᠬᠥᠷᠭᠡ ᠵᠢᠨ ᠮᠠᠢᠮᠠᠢ ᠵᠢᠨ ᠠᠵᠤ ᠠᠬᠤᠶ᠎ᠶ᠋ᠢ ᠠᠮᠢᠵᠢᠷᠠᠯ᠎ᠤᠨ ᠬᠦᠴᠦᠨ᠎ᠢᠶᠡᠷ ᠪᠢᠯᠬᠠᠮ᠎ᠠ ᠪᠣᠯᠭᠠᠪᠠ᠃
《 ᠪᠢᠳᠡ ᠡᠬᠦᠷᠭᠡ ᠵᠢᠨ ᠮᠠᠢᠮᠠᠢ ᠬᠢᠵᠤ ᠵᠣᠭᠣᠰ ᠤᠯᠬᠤ᠎ᠶ᠋ᠢ ᠬᠦᠰᠡᠳᠡᠭ ᠪᠣᠯᠪᠠᠴᠤ᠌ ᠰᠣᠷᠭᠣᠭ ᠴᠡᠴᠡᠭ ᠂ ᠬᠤᠷᠢᠶᠠᠨ ᠬᠠᠳᠠᠭᠠᠯᠠᠬᠤ ᠡᠳ᠋ ᠂ ᠭᠠᠷ ᠤᠷᠠᠯᠠᠯ᠎ᠤᠨ ᠪᠦᠲᠦᠭᠡᠭ᠌ᠳᠡᠬᠦᠨ᠂ ᠡᠩᠬᠦᠷᠡᠶ ᠠᠮᠢᠲᠠᠨ᠎ᠤ ᠵᠢᠵᠢᠭ ᠰᠤᠯᠠ ᠢᠳᠡᠭᠡᠨ ᠵᠡᠷᠭᠡ ᠥᠪᠡᠷ᠎ᠦᠨ ᠳᠤᠷᠠᠲᠠᠶ ᠶᠠᠭᠤᠮ᠎ᠠ᠎ᠪᠠᠨ ᠬᠤᠳᠠᠯᠳᠤᠬᠤ ᠳ᠋ᠤ ᠨᠠᠩ ᠴᠤ᠌ ᠳᠤᠷᠠᠲᠠᠶ ᠪᠠᠢᠳᠠᠭ᠃ ᠪᠢ ᠡᠳᠦᠷ᠎ᠲᠡᠬᠡᠨ ᠬᠤᠳᠠᠯᠳᠤᠭᠠᠨ ᠤ᠋ ᠲᠠᠯᠠᠪᠠᠢ ᠳ᠋ᠤ ᠳᠡᠯᠭᠡᠭᠦᠷ ᠡᠵᠡᠩᠨᠡᠵᠦ᠍᠂ ᠣᠷᠣᠶ ᠭᠠᠷᠴᠤ᠌ ᠢᠷᠡᠭᠡᠳ ᠳᠡᠯᠭᠡᠨ ᠬᠤᠳᠠᠯᠳᠤᠵᠤ᠂ ᠡᠳᠦᠷ᠎ᠦᠨ ᠣᠷᠣᠯᠭ᠎ᠠ ᠮᠠᠰᠢ ᠰᠠᠢᠨ ᠪᠠᠢᠨ᠎ᠠ 》 ᠭᠡᠵᠤ 95 ᠤᠨ ᠡᠴᠡ ᠰᠡᠬᠦᠯᠡᠷ ᠲᠦᠷᠦᠭᠰᠡᠨ ᠳᠡᠯᠭᠡᠭᠦᠷ᠎ᠦᠨ ᠡᠵᠡᠨ ᠸᠠᠩ ᠠᠪᠠᠬᠠᠶ ᠰᠤᠷᠪᠤᠯᠵᠢᠯᠠᠭ᠍ᠴᠢ᠎ᠳᠤ ᠬᠡᠯᠡᠪᠡ᠃
ᠨᠡᠢᠭᠡᠮ᠎ᠦᠨ ᠬᠠᠷᠢᠯᠴᠠᠭᠠᠨ᠎ᠤ ᠲᠠᠪᠴᠠᠩ ᠰᠢᠶᠤᠤ ᠬᠤᠩ ᠱᠣ᠌ ᠵᠢᠨ ᠬᠠᠩᠭᠠᠭ᠍ᠰᠠᠨ ᠲᠣᠭ᠎ᠠ ᠪᠠᠷᠢᠮᠲᠠ᠎ᠳᠤ ᠬᠠᠷᠠᠭᠤᠯᠤᠬᠰᠡᠨ᠎ᠢᠶᠡᠷ ᠂ ᠣᠢᠷ᠎ᠠ᠎ᠶ᠋ᠢᠨ ᠵᠢᠯ᠎ᠳᠦ ᠱᠢᠶᠤᠤ ᠬᠣᠩ ᠱᠣ᠌ᠳᠤ 《ᠡᠬᠦᠷᠭᠡ ᠵᠢᠨ ᠮᠠᠢᠮᠠᠢ 》 ᠭᠡᠬᠦ ᠵᠠᠩᠭᠢᠯᠠᠭ᠎ᠠ᠎ᠶ᠋ᠢᠨ ᠦᠭᠡ᠎ᠶ᠋ᠢ ᠪᠠᠭ᠍ᠲᠠᠭᠠᠭ᠍ᠰᠠᠨ ᠲᠡᠮᠳᠡᠭ᠌ᠯᠡᠯ᠎ᠨᠢ ᠶᠡᠬᠡ ᠬᠡᠮᠵᠢᠶ᠎ᠡ᠎ᠪᠡᠷ ᠨᠡᠮᠡᠭ᠌ᠳᠡᠪᠡ᠃
ᠭᠤᠱᠤᠭᠤᠨ ᠬᠣᠨᠢᠨ ᠱᠢᠭᠢᠷᠡ ᠵᠢᠨ ᠢᠳᠡᠭᠡᠨ ᠡᠵᠡᠩᠨᠡᠵᠦ᠍ ᠪᠠᠢᠭ᠎ᠠ ᠳᠡᠯᠭᠡᠭᠦᠷ᠎ᠦᠨ ᠡᠮᠦᠨᠡᠬᠢ ᠳ᠋ᠧᠩ᠎ᠦᠨ ᠭᠡᠷᠡᠯ ᠳᠡᠯᠭᠡᠭᠦᠷ᠎ᠦᠨ ᠡᠵᠡᠨ ᠱᠢᠶᠣᠤ ᠶᠣᠣ ᠪᠣᠯᠤᠨ ᠲᠠᠰᠤᠷᠠᠯᠲᠠ ᠦᠭᠡᠢ ᠴᠤᠪᠤᠷᠠᠵᠤ ᠪᠠᠢᠭ᠎ᠠ ᠵᠣᠴᠢᠳ ᠤ᠋ᠨ ᠴᠢᠷᠠᠢ ᠵᠢ ᠭᠡᠷᠡᠯᠳᠦᠬᠦᠯᠵᠦ ᠪᠠᠢᠯ᠎ᠠ᠃ ᠭᠣᠱᠢᠭᠤᠨ ᠬᠣᠨᠢᠨ ᠱᠢᠭᠢᠷᠡ ᠡᠴᠡ ᠨᠢᠭᠡ ᠭᠡᠰᠡᠭ ᠠᠮᠳᠠᠯᠠᠬᠤ ᠪᠡᠷ ᠵᠥᠪᠬᠡᠨ ᠬᠣᠳᠣᠭᠣᠳᠣ ᠪᠠᠨ ᠪᠠᠶᠠᠰᠬᠠᠭᠰᠠᠨ ᠪᠢᠰᠢ᠂ ᠨᠡᠩ ᠴᠤ᠌ ᠨᠢᠭᠡ ᠡᠳᠦᠷ᠎ᠦᠨ ᠶᠠᠳᠠᠷᠠᠯ ᠵᠦᠳᠡᠷᠡᠯ ᠢ᠋ ᠠᠷᠢᠯᠭᠠᠴᠢᠬᠠᠨᠠ᠃ ᠵᠣᠴᠢᠳ᠎ᠤ᠋ᠨ ᠪᠠᠶᠠᠷ ᠬᠦᠷ ᠲᠠᠢ ᠪᠡᠷ ᠠᠮᠳᠠᠷᠬᠠᠨ ᠵᠤᠭᠤᠬᠯᠠᠬᠤ ᠵᠢ ᠬᠠᠷᠠᠬᠰᠠᠭᠠᠷ ᠰᠢᠶᠤᠤ ᠶᠤᠤ ᠵᠢᠨ ᠨᠢᠭᠤᠷ ᠲᠤ᠌ ᠪᠠᠶᠠᠷ ᠤ᠋ᠨ ᠮᠦᠰᠢᠶᠠᠳᠤ ᠲᠤᠳᠤᠷᠠᠨ᠎ᠠ᠃
ᠲᠡᠬᠦᠨ ᠤ᠋ ᠨᠢᠭᠡ ᠡᠳᠤᠷ ᠨᠢ ᠲᠠᠷᠢᠶᠠᠯᠠᠩ᠎ᠤᠨ ᠪᠦᠲᠦᠭᠡᠭ᠌ᠳᠡᠬᠦᠨ᠎ᠦ ᠵᠠᠬ᠎ᠠ᠎ᠳᠤ ᠣᠴᠢᠵᠤ ᠢᠳᠡᠭᠡᠨ᠎ᠦ ᠮᠠᠲ᠋ᠧᠷᠢᠶᠠᠯ ᠬᠤᠳᠠᠯᠳᠤᠨ ᠠᠪᠬᠤ᠎ᠡᠴᠡ ᠡᠬᠢᠯᠡᠳᠡᠭ᠃ ᠭᠡᠷ᠎ᠲᠡᠬᠡᠨ ᠬᠠᠷᠢᠭᠠᠳ ᠢᠳᠡᠭᠡᠨ᠎ᠦ ᠮᠠᠲ᠋ᠧᠷᠢᠶᠠᠯ᠎ᠢᠶᠠᠨ ᠤᠬᠢᠶᠠᠨ ᠴᠡᠪᠡᠷᠯᠡᠵᠦ᠍᠂ ᠠᠮᠲᠠ ᠣᠷᠣᠭᠤᠯᠬᠤ ᠡᠳ᠋ᠢᠶᠡᠨ ᠰᠠᠴᠤᠵᠤ ᠳᠠᠪᠤᠰᠤᠯᠠᠨᠠ᠃ ᠦᠳᠡ᠎ᠳᠦ ᠭᠤᠱᠤᠭᠤᠨ ᠠᠮᠲᠠᠲᠤ ᠬᠣᠨᠢᠨ ᠱᠢᠭᠢᠷᠡ ᠬᠢᠵᠦ᠍᠂ ᠵᠥᠭᠡᠯᠡᠨ ᠭᠠᠯ᠎ᠢᠶᠠᠷ ᠤᠳᠠᠭᠠᠨ ᠴᠢᠨᠠᠨ᠎ᠠ᠃ ᠦᠳᠡ᠎ᠶ᠋ᠢᠨ ᠬᠣᠢᠨᠠᠬᠢ 4 ᠴᠠᠭ᠎ᠲᠤ ᠲᠡᠷᠡ ᠬᠢᠭ᠌ᠰᠡᠨ ᠢᠳᠡᠭᠡᠨ᠎ᠦ ᠮᠠᠲ᠋ᠧᠷᠢᠶᠠᠯᠵᠢᠡᠨ ᠠᠴᠢᠶᠠᠯᠠᠵᠤ ᠰᠥᠨᠢ᠎ᠶ᠋ᠢᠨ ᠵᠠᠬ᠎ᠠ ᠳᠡᠯᠭᠡᠭᠦᠷ᠎ᠲᠦ ᠬᠦᠷᠴᠦ᠍᠂ ᠭᠤᠱᠤᠭᠤᠨ ᠠᠮᠲᠠᠲᠤ ᠬᠣᠨᠢᠨ ᠱᠢᠭᠢᠷᠡᠪᠡᠨ ᠳᠡᠯᠭᠡᠨ ᠬᠤᠳᠠᠯᠳᠤᠨ᠎ᠠ᠃ ᠳᠠᠷᠠᠭ᠎ᠠ ᠡᠳᠦᠷ᠎ᠦᠨ ᠳᠠᠩ ᠴᠠᠭ ᠣᠷᠴᠢᠮ ᠪᠣᠯᠪᠠᠯ ᠮᠠᠢᠮᠠᠢ ᠪᠡᠨ ᠬᠤᠷᠢᠶᠠᠵᠤ ᠭᠡᠷ᠎ᠲᠦ᠍᠎ᠪᠡᠨ ᠬᠠᠷᠢᠨ᠎ᠠ᠃
《ᠪᠢ ᠡᠨᠡ ᠵᠢᠯ 27 ᠨᠠᠰᠤᠲᠠᠶ᠂ ᠥᠪᠥᠷ ᠮᠣᠩᠭᠣᠯ᠎ᠤᠨ ᠬᠢᠮᠢ᠎ᠶ᠋ᠢᠨ ᠠᠵᠤ ᠦᠶ᠋ᠯᠡᠳᠪᠦᠷᠢ᠎ᠶ᠋ᠢᠨ ᠠᠵᠢᠯ ᠮᠡᠷᠭᠡᠵᠢᠯ᠎ᠦᠨ ᠰᠤᠷᠭᠠᠭᠤᠯᠢ᠎ᠶ᠋ᠢᠨ ᠠᠵᠤ ᠦᠶ᠋ᠯᠡᠳᠪᠦᠷᠢ᠎ᠶ᠋ᠢᠨ ᠵᠠᠳᠠᠯᠤᠯᠲᠠ ᠪᠠ ᠱᠢᠯᠭᠠᠨ ᠪᠠᠢᠴᠠᠭᠠᠯᠲᠠ᠎ᠶ᠋ᠢᠨ ᠲᠤᠰᠭᠠᠶ ᠮᠡᠷᠭᠡᠵᠢᠯ᠎ᠡᠴᠡ ᠲᠡᠭᠦᠰᠴᠦ᠍᠂ ᠠᠵᠤ ᠠᠬᠤᠢᠯᠠᠯ᠎ᠳᠤ ᠬᠣᠶᠠᠷ ᠵᠢᠯ ᠠᠵᠢᠯᠯᠠᠭ᠍ᠰᠠᠨ ᠪᠣᠯᠪᠠᠴᠤ᠌ ᠮᠥᠨ ᠯᠡ ᠥᠭᠡᠷ᠎ᠡ ᠨᠢᠭᠡ ᠵᠦᠶ᠋ᠯ᠎ᠦᠨ ᠠᠮᠢᠳᠤᠷᠠᠯ ᠤ᠋ᠨ ᠵᠠᠮ ᠢ᠋ ᠰᠤᠨᠭᠭᠤᠶᠠ ᠭᠡᠵᠦ᠍ ᠪᠤᠳᠤᠭᠰᠠᠨ᠂ ᠥᠪᠡᠷ᠎ᠢᠶᠡᠨ ᠦᠶ᠋ᠯᠡᠰ ᠪᠤᠰᠬᠠᠬᠤ᠎ᠳᠤ ᠴᠠᠭ ᠨᠢ ᠴᠦ᠍ ᠴᠢᠯᠥᠭᠡᠲᠡᠶ ᠶᠤᠮ᠃ ᠪᠢ ᠡᠮᠡᠭ᠌ᠲᠡᠢ ᠨᠠᠢᠵᠠᠲᠠᠶᠪᠠᠨ ᠡᠬᠦᠷᠭᠡ ᠵᠢᠨ ᠮᠠᠢᠮᠠᠢ ᠬᠢᠭᠡᠳ ᠬᠤᠶᠠᠷ ᠵᠢᠯ ᠪᠤᠯᠵᠦ ᠪᠠᠢᠨ᠎ᠠ᠃ ᠮᠤᠯ ᠬᠤᠲᠠ᠂ ᠺᠠᠢ ᠳ᠋ᠸ ᠮᠤᠤ᠎ᠳᠤ ᠡᠬᠦᠷᠭᠡ ᠵᠢᠨ ᠮᠠᠢᠮᠠᠢ ᠬᠢᠵᠤ ᠦᠨᠭᠭᠡᠷᠡᠪᠠ᠂ ᠮᠢᠨᠦ᠍ ᠡᠨᠳᠡ ᠢᠷᠡᠳᠡᠭ ᠨᠢ ᠦᠨᠳᠦᠰᠦᠨ᠎ᠳᠡᠭᠡᠨ ᠪᠦᠷ ᠬᠠᠭᠤᠴᠢᠨ ᠵᠣᠴᠢᠨ᠂ ᠡᠳᠦᠷ ᠪᠦᠷᠢ᠎ᠶ᠋ᠢᠨ ᠡᠵᠡᠩᠨᠡᠯᠲᠡ᠎ᠶ᠋ᠢᠨ ᠬᠡᠮᠵᠢᠶ᠎ᠡ 2000 ᠲᠥᠭᠥᠷᠢᠭ ᠣᠷᠴᠢᠮ ᠳ᠋ᠤ ᠬᠦᠷᠳᠡᠭ᠃ ᠠᠷᠠᠯᠵᠢᠶ᠎ᠠ ᠵᠦᠭᠡᠷ ᠰᠢᠭ ᠪᠣᠯ ᠨᠢᠭᠡ ᠳᠡᠯᠭᠡᠭᠦᠷ ᠲᠦᠷᠢᠶᠡᠰᠦᠯᠡᠬᠦ᠌᠎ᠪᠡᠷ ᠪᠡᠯᠡᠳᠭᠡᠵᠦ᠍ ᠪᠠᠢᠨ᠎ᠠ》 ᠭᠡᠵᠦ ᠮᠠᠢᠮᠠᠢ ᠵᠢᠨ ᠵᠢᠡᠨ ᠵᠡᠪ ᠵᠢᠡᠷ ᠰᠢᠶᠤᠤ ᠶᠤᠤ ᠰᠤᠷᠪᠤᠯᠵᠢᠯᠠᠭ᠍ᠴᠢ᠎ᠳᠦ ᠳᠠᠨᠢᠯᠴᠠᠭᠤᠯᠤᠨ᠎ᠠ᠃