ᠤᠷᠤᠯᠳᠤᠭᠠᠨ — ᠲᠤᠭᠯᠠᠯᠳᠠ — ᠦᠵᠡᠰᠬᠦᠯᠡᠩ — ᠰᠤᠷᠤᠯᠴᠠᠯᠭ᠎ᠠ — ᠵᠢᠭᠤᠯᠴᠢᠯᠡᠯ ᠬᠥᠬᠡᠬᠣᠲᠠ 《ᠠᠳᠤᠭᠤᠨ ᠰᠣᠶᠣᠯ》 ᠤ᠋ᠨ ᠰᠢᠨ᠎ᠡ ᠬᠠᠭᠤᠳᠠᠰᠤ ᠵᠢ ᠪᠢᠴᠢᠭᠯᠡᠨᠡᠮ
2024-07-15 09:50:52
ᠵᠣᠬᠢᠶᠠᠭ᠍ᠴᠢ᠄
​ ᠵᠧᠩ ᠰᠢᠤᠸᠠᠢ ᠯᠢᠶᠠᠩ ᠸᠠᠩ ᠯᠦ᠍
ᠣᠩᠱᠢᠭ᠍ᠰᠠᠨ ᠣᠳᠠᠭ᠎ᠠ᠄
★★★☆☆

ᠥᠪᠡᠷᠲᠡᠭᠡᠨ ᠵᠠᠰᠠᠬᠤ ᠣᠷᠣᠨ ᠤ᠋ ᠲᠥᠪ ᠪᠣᠯᠤᠭᠰᠠᠨ ᠬᠥᠬᠡᠬᠣᠲᠠ ᠭᠦᠨ ᠵᠤᠵᠠᠭᠠᠨ ᠠᠳᠤᠭᠤᠨ ᠰᠣᠶᠣᠯ ᠢ᠋ᠶ᠋ᠠᠷ ᠢ᠋ᠶ᠋ᠠᠨ ᠨᠡᠷ᠎ᠡ ᠠᠯᠳᠠᠷᠰᠢᠵᠤ᠂ 2019 ᠣᠨ ᠳ᠋ᠦ 《ᠳᠡᠯᠡᠬᠡᠢ ᠶ᠋ᠢᠨ ᠠᠳᠤᠭᠤᠨ ᠰᠣᠶᠣᠯ ᠤ᠋ᠨ ᠲᠥᠪ》 ᠬᠡᠮᠡᠬᠦ ᠰᠠᠢᠬᠠᠨ ᠠᠯᠳᠠᠷ ᠢ᠋ ᠬᠦᠷᠳᠡᠪᠡ᠃

ᠬᠦᠬᠡᠬᠤᠳᠠ ᠳ᠋ᠦ 2024 ᠣᠨ ᠤ᠋ ᠳᠤᠮᠳᠠᠳᠤ ᠤᠯᠤᠰ ᠤ᠋ᠨ ᠬᠤᠷᠳᠤᠨ ᠮᠣᠷᠢᠨ ᠤ᠋ ᠬᠤᠪᠢ ᠬᠤᠷᠠᠮᠳᠤᠭᠤᠯᠬᠤ ᠤᠷᠤᠯᠳᠤᠭᠠᠨ ᠵᠢᠴᠢ ᠥᠪᠥᠷ ᠮᠣᠩᠭᠣᠯ ᠤ᠋ᠨ ᠬᠥᠬᠡᠬᠣᠲᠠ ᠶ᠋ᠢᠨ ᠬᠤᠷᠳᠤᠨ ᠮᠣᠷᠢᠨ ᠤ᠋ ᠡᠩ ᠤ᠋ᠨ ᠤᠷᠤᠯᠳᠤᠭᠠᠨ ᠶᠠᠭ ᠬᠥᠷ ᠬᠥᠭᠵᠢᠶᠡᠨᠲᠡᠢ ᠶᠠᠪᠤᠭᠳᠠᠵᠤ᠂ ᠬᠣᠲᠠ ᠶ᠋ᠢᠨ ᠠᠷᠠᠳ ᠪᠣᠯᠣᠨ ᠵᠢᠭᠤᠯᠴᠢᠯᠠᠭᠰᠠᠳ ᠤᠷᠤᠯᠳᠤᠭᠠᠨ ᠤ᠋ ᠲᠠᠯᠠᠪᠠᠢ ᠳ᠋ᠦ ᠬᠦᠷᠴᠦ᠂ ᠵᠢᠪᠬᠤᠭᠠᠳᠦ ᠮᠣᠷᠢᠲᠠᠨ ᠢ᠋ ᠪᠠᠬᠠᠷᠠᠨ ᠬᠠᠷᠠᠵᠦ ᠤᠷᠠᠢ ᠬᠠᠰᠬᠢᠷᠤᠨ᠎ᠠ᠃

ᠬᠥᠮᠥᠰ ᠤᠷᠤᠯᠳᠤᠭᠠᠨ ᠦᠵᠡᠬᠦ ᠶ᠋ᠢᠨ ᠳᠠᠭᠠᠤ ᠪᠠᠰᠠ ᠡᠯ᠎ᠡ ᠲᠥᠷᠥᠯ ᠤ᠋ᠨ ᠠᠳᠤᠭᠤᠨ ᠰᠣᠶᠣᠯ ᠤ᠋ᠨ ᠦᠵᠡᠰᠬᠦᠯᠡᠩ ᠢ᠋ ᠲᠣᠭᠣᠷᠢᠨ ᠦᠵᠡᠵᠦ᠂ ᠥᠪᠡᠷᠮᠢᠴᠡ ᠣᠨᠴᠠᠯᠢᠭ᠋ ᠲᠠᠢ ᠰᠣᠶᠣᠯ ᠤ᠋ᠨ ᠡᠬᠦᠳᠦᠯᠳᠡ ᠵᠢᠨ ᠪᠦᠲᠦᠭᠡᠭᠳᠡᠬᠦᠨ ᠢ᠋ ᠬᠤᠳᠠᠯᠳᠤᠨ ᠠᠪᠴᠤ ᠂ ᠰᠡᠳᠬᠢᠯ ᠳᠣᠭᠳᠣᠯᠤᠭᠤᠯᠤᠮ᠎ᠠ ᠲᠣᠮᠣ᠌ ᠬᠡᠯᠪᠡᠷᠢ ᠶ᠋ᠢᠨ ᠮᠣᠷᠢᠨ ᠪᠥᠵᠢᠭᠲᠦ ᠵᠦᠴᠦᠭᠡ ᠵᠢ ᠰᠣᠨᠢᠷᠬᠠᠵᠤ ᠶᠠᠪᠤᠨ᠎ᠠ ᠃

ᠠᠳᠤᠭᠤᠨ ᠰᠣᠶᠣᠯ ᠤ᠋ᠨ ᠡᠯᠧᠮᠧᠨ᠋ᠲ ᠤ᠋ᠨ ᠠᠯᠳᠠᠷ ᠨᠢ ᠢᠮᠠᠭᠳᠠ ᠳᠠᠭᠤᠷᠢᠰᠤᠨ᠂ ᠣᠷᠣᠨ ᠤ᠋ ᠲᠥᠪ ᠬᠡᠮᠡᠬᠦ ᠣᠳᠣᠬᠢᠴᠢᠯᠠᠭᠰᠠᠨ ᠲᠠᠯ᠎ᠠ ᠨᠤᠲᠤᠭ ᠤ᠋ᠨ ᠲᠣᠮᠣ᠌ ᠬᠣᠲᠠ ᠳ᠋ᠦ ᠥᠪᠡᠷᠮᠢᠴᠡ ᠦᠩᠭᠡ ᠴᠢᠮᠡᠭ ᠨᠡᠮᠡᠵᠠᠢ ᠃

ᠤᠷᠤᠯᠳᠤᠭᠠᠨ ᠤ᠋ ᠮᠤᠷᠢᠳ ᠳᠠᠴᠢᠬᠢᠨᠠᠨ ᠳᠠᠪᠬᠢᠯᠳᠤᠵᠦ ᠠᠳᠤᠭᠤᠨ ᠤ᠋ ᠠᠵᠤ ᠦᠢᠯᠡᠰ ᠤ᠋ᠨ ᠬᠥᠭᠵᠢᠯᠲᠡ ᠵᠢᠨ ᠰᠢᠨ᠎ᠡ ᠬᠠᠭᠤᠳᠠᠰᠤ ᠵᠢ ᠬᠠᠷᠠᠭᠤᠯᠤᠨ᠎ᠠ

《ᠦᠨᠡᠬᠡᠷ ᠭᠠᠢᠬᠠᠯᠳᠠᠢ᠂ ᠬᠣᠶᠠᠷ ᠮᠣᠷᠢ ᠠᠯᠢ ᠨᠢ ᠲᠡᠷᠢᠬᠦᠯᠡᠭᠰᠡᠨ ᠪᠤᠯ?》

6 ᠰᠠᠷ᠎ᠠ ᠶ᠋ᠢᠨ 16 ᠤ᠋ ᠡᠳᠦᠷ᠂ ᠥᠪᠥᠷ ᠮᠣᠩᠭᠣᠯ ᠤ᠋ᠨ ᠴᠥᠭᠡᠨ ᠲᠣᠭᠠᠲᠤ ᠦᠨᠳᠦᠰᠦᠲᠡᠨ ᠤ᠋ ᠣᠯᠠᠨ ᠲᠦᠮᠡᠨᠴᠢ ᠰᠣᠶᠣᠯ ᠪᠡᠶ᠎ᠡ ᠶ᠋ᠢᠨ ᠲᠠᠮᠢᠷ ᠤ᠋ᠨ ᠬᠥᠳᠡᠯᠭᠡᠭᠡᠨ ᠤ᠋ ᠲᠥᠪ ᠲᠦ᠍ ᠶᠠᠪᠤᠭᠳᠠᠭᠰᠠᠨ 2024 ᠳᠤᠮᠳᠠᠳᠤ ᠤᠯᠤᠰ ᠤ᠋ᠨ ᠬᠤᠷᠳᠤᠨ ᠮᠣᠷᠢᠨ ᠤ᠋ ᠬᠤᠪᠢ ᠬᠤᠷᠠᠮᠳᠤᠭᠤᠯᠬᠤ ᠤᠷᠤᠯᠳᠤᠭᠠᠨ ᠵᠢᠴᠢ ᠥᠪᠥᠷ ᠮᠣᠩᠭᠣᠯ ᠤ᠋ᠨ ᠬᠥᠬᠡᠬᠣᠲᠠ ᠶ᠋ᠢᠨ ᠬᠤᠷᠳᠤᠨ ᠮᠣᠷᠢᠨ ᠤ᠋ ᠡᠩ ᠤ᠋ᠨ ᠤᠷᠤᠯᠳᠤᠭᠠᠨ ᠤ᠋ ᠲᠠᠪᠤᠳᠤᠭᠠᠷ ᠡᠳᠦᠷ ᠤ᠋ᠨ ᠤᠷᠤᠯᠳᠤᠭᠠᠨ ᠳ᠋ᠦ ᠨᠢᠭᠡ ᠬᠤᠷᠳᠤᠨ ᠮᠤᠷᠢ ᠪᠠᠷᠢᠶᠠᠨ ᠤ᠋ ᠴᠡᠭ ᠲᠦ᠍ ᠲᠦᠷᠦᠬᠦᠦ ᠮᠤᠷᠢ ᠪᠠᠨ ᠬᠦᠢᠴᠡᠨ᠂ ᠤᠯᠠᠨ ᠢ᠋ ᠤᠤᠬᠠᠢᠯᠠᠭᠤᠯᠵᠦ ᠪᠠᠢᠯ᠎ᠠ ᠃

ᠥᠪᠡᠷᠲᠡᠭᠡᠨ ᠵᠠᠰᠠᠬᠤ ᠣᠷᠣᠨ ᠤ᠋ ᠮᠣᠷᠢᠨ ᠮᠡᠷᠭᠡᠵᠢᠯ ᠤ᠋ᠨ ᠨᠡᠢᠭᠡᠮᠯᠢᠭ ᠤ᠋ᠨ ᠳᠡᠳ᠋ ᠲᠡᠷᠢᠭᠦᠯᠡᠭᠴᠢ᠂ ᠬᠥᠬᠡᠬᠣᠲᠠ ᠶ᠋ᠢᠨ ᠮᠣᠷᠢᠨ ᠮᠡᠷᠭᠡᠵᠢᠯ ᠤ᠋ᠨ ᠨᠡᠢᠭᠡᠮᠯᠢᠭ ᠤ᠋ᠨ ᠲᠡᠷᠢᠭᠦᠯᠡᠭᠴᠢ ᠠᠨ ᡁᠢ ᠴᠢᠶᠠᠩ᠄ 《ᠤᠷᠤᠯᠳᠤᠭᠠᠨ ᠢ᠋ᠶ᠋ᠠᠷ ᠲᠠᠮᠵᠢᠨ ᠥᠪᠥᠷ ᠮᠣᠩᠭᠣᠯ ᠤ᠋ᠨ ᠠᠳᠤᠭᠤᠨ ᠤ᠋ ᠠᠵᠤ ᠦᠢᠯᠡᠰ ᠤ᠋ᠨ ᠬᠥᠭᠵᠢᠯᠲᠡ ᠵᠢ ᠠᠬᠢᠭᠤᠯᠬᠤ ᠪᠣᠯ ᠬᠥᠬᠡᠬᠣᠲᠠ ᠶ᠋ᠢᠨ ᠮᠣᠷᠢᠨ ᠤᠷᠤᠯᠳᠤᠭᠠᠨ ᠤ᠋ ᠵᠤᠷᠢᠯᠳᠠ ᠶᠤᠮ᠂ ᠨᠡᠩ ᠤᠯᠠᠨ ᠬᠤᠳᠠ ᠶ᠋ᠢᠨ ᠠᠷᠠᠳ᠂ ᠵᠢᠭᠤᠯᠴᠢᠯᠠᠭᠰᠠᠳ ᠲᠦ᠍〈ᠮᠣᠩᠭᠣᠯ ᠮᠣᠷᠢᠨ ᠤ᠋ ᠵᠣᠷᠢᠭ᠋ ᠰᠠᠨᠠᠭ᠎ᠠ〉 ᠶ᠋ᠢ ᠣᠢᠯᠠᠭᠠᠭᠤᠯᠬᠤ ᠪᠣᠯᠣᠨ᠎ᠠ》 ᠭᠡᠵᠦ ᠬᠡᠯᠡᠨ᠎ᠠ ᠃

《ᠢᠷᠡᠭᠡᠳᠦᠢ ᠶ᠋ᠢᠨ 5 ᠵᠢᠯ ᠳ᠋ᠦ ᠪᠢᠳᠠ ᠪᠠᠰᠠ ᠨᠡᠩ ᠤᠯᠠᠨ᠂ ᠨᠡᠩ ᠥᠨᠳᠥᠷ ᠲᠡᠰ ᠤ᠋ᠨ ᠮᠣᠷᠢᠨ ᠤᠷᠤᠯᠳᠤᠭᠠᠨ ᠢ᠋ ᠡᠷᠬᠢᠯᠡᠬᠦ ᠪᠡᠷ ᠲᠥᠯᠥᠪᠯᠡᠵᠦ᠂ ᠥᠨᠳᠥᠷ ᠪᠠᠷᠢᠮᠵᠢᠶᠠᠲᠤ ᠮᠣᠷᠢᠨ ᠤᠷᠤᠯᠳᠤᠭᠠᠨ ᠤ᠋ ᠰᠠᠭᠤᠷᠢᠨ ᠢ᠋ ᠪᠠᠢᠭᠤᠯᠵᠤ᠂ ᠥᠪᠥᠷ ᠮᠣᠩᠭᠣᠯ ᠤ᠋ᠨ ᠠᠳᠤᠭᠤᠨ ᠤ᠋ ᠠᠵᠤ ᠦᠢᠯᠡᠰ ᠤ᠋ᠨ ᠰᠢᠨ᠎ᠡ ᠬᠠᠭᠤᠳᠠᠰᠤ ᠵᠢ ᠰᠡᠬᠦᠨ᠎ᠠ》 ᠭᠡᠵᠦ ᠠᠨ ᡁᠢ ᠴᠢᠶᠠᠩ ᠬᠡᠯᠡᠪᠡ᠃

ᠰᠣᠶᠣᠯ ᠤ᠋ᠨ ᠡᠭᠦᠳᠦᠯᠲᠡ ᠶ᠋ᠢᠨ ᠪᠦᠲᠦᠭᠡᠭᠳᠡᠬᠦᠨ ᠬᠠᠷᠠᠭ᠎ᠠ ᠪᠠᠶᠠᠰᠬᠠᠵᠤ ᠠᠳᠤᠭᠤᠨ ᠰᠣᠶᠣᠯ ᠨᠢ ᠬᠦᠬᠡᠬᠤᠳᠠ ᠵᠢᠨ ᠰᠣᠶᠣᠯ ᠵᠢᠭᠤᠯᠴᠢᠯᠠᠯ ᠤ᠋ᠨ ᠰᠢᠨ᠎ᠡ ᠭᠢᠯᠠᠰ ᠴᠡᠭ ᠪᠣᠯᠪᠠ

ᠣᠢᠷ᠎ᠠ ᠶ᠋ᠢᠨ ᠵᠢᠯ ᠡᠴᠡ ᠨᠠᠭᠠᠰᠢ ᠬᠥᠬᠡᠬᠣᠲᠠ ᠠᠳᠤᠭᠤᠨ ᠰᠣᠶᠣᠯ ᠤ᠋ᠨ ᠤᠳᠬ᠎ᠠ ᠠᠭᠤᠯᠬᠤᠨ ᠢ᠋ ᠭᠦᠨ ᠠᠭᠤᠳᠠᠯᠵᠤ ᠂ ᠠᠳᠤᠭᠤᠨ ᠰᠣᠶᠣᠯ ᠢ᠋ ᠰᠢᠨ᠎ᠡ ᠠᠮᠢᠵᠢᠷᠠᠯ ᠤ᠋ᠨ ᠬᠦᠴᠦᠨ ᠲᠠᠢ ᠪᠣᠯᠭᠠᠪᠠ᠃ ᠤᠯᠠᠮᠵᠢᠯᠠᠯᠲᠤ ᠠᠳᠤᠭᠤᠨ ᠰᠣᠶᠣᠯ ᠢ᠋ ᠣᠲᠣ᠌ ᠦᠶ᠎ᠡ ᠶ᠋ᠢᠨ ᠠᠳᠤᠭᠤᠨ ᠤ᠋ ᠠᠵᠤ ᠦᠢᠯᠡᠰ ᠲᠠᠢ ᠨᠢᠭ᠍ᠲᠠ ᠤᠶᠠᠯᠳᠤᠭᠤᠯᠤᠨ᠂ ᠣᠷᠣᠨ ᠤ᠋ ᠲᠥᠪ ᠬᠣᠲᠠ ᠶ᠋ᠢᠨ ᠠᠳᠤᠭᠤᠨ ᠰᠣᠶᠣᠯ ᠤ᠋ᠨ ᠠᠭᠤᠷ ᠠᠮᠢᠰᠬᠤᠯ ᠢ᠋ ᠤᠯᠠᠮ ᠦᠳᠬᠡᠷᠡᠬᠦᠯᠵᠤ ᠂ ᠰᠢᠨ᠎ᠡ ᠳᠦᠷᠰᠦ ᠪᠠᠢᠳᠠᠯ ᠢ᠋ ᠪᠣᠶ ᠪᠣᠯᠭᠠᠪᠠ᠃

ᠰᠢᠨ᠎ᠡ ᠬᠤᠳᠠ ᠲᠣᠭᠣᠷᠢᠭ᠋ ᠤ᠋ᠨ ᠴᠢᠶᠠᠨ ᠯᠢ ᠮᠠ ᠮᠣᠷᠢᠨ ᠮᠡᠷᠭᠡᠵᠢᠯ ᠤ᠋ᠨ ᠪᠣᠯᠪᠠᠰᠤᠷᠠᠯ ᠤ᠋ᠨ ᠰᠠᠭᠤᠷᠢᠨ ᠳ᠋ᠦ ᠪᠠᠢᠷᠢᠯᠠᠭ᠎ᠠ 《ᠶᠢᠤ ᠮᠠ ᠺᠤᠹᠸ  ᠵᠢᠨ ᠳᠡᠯᠭᠡᠭᠦᠷ》 ᠨᠢᠭᠡᠨᠲᠡ ᠬᠥᠬᠡᠬᠣᠲᠠ ᠶ᠋ᠢᠨ ᠬᠠᠯᠠᠮᠰᠢᠯ ᠢᠳᠡᠭᠡᠨ ᠤᠮᠳᠠᠭᠠᠨ ᠤ᠋ ᠭᠠᠵᠠᠷ ᠪᠤᠯᠵᠠᠢ᠃ ᠶᠡᠷᠡᠭᠡᠳ ᠣᠨ ᠳ᠋ᠦ ᠲᠥᠷᠥᠭᠰᠡᠨ ᠬᠡᠳᠦᠨ ᠲᠦᠷᠦᠯ ᠲᠡᠮᠳᠡᠭ ᠴᠤᠭᠴᠠᠯᠠᠭᠴᠢ᠂ ᠠᠳᠤᠭᠤᠨ ᠰᠣᠶᠣᠯ ᠤ᠋ᠨ ᠡᠯᠧᠮᠧᠨ᠋ᠲ ᠢ᠋ ᠺᠣᠹᠧ  ᠵᠢᠨ ᠮᠤᠬᠤᠯᠠᠭ ᠤ᠋ᠨ ᠥᠨᠴᠥᠭ ᠪᠤᠯᠤᠩ ᠳ᠋ᠦ ᠠᠭᠤᠰᠬᠠᠭᠰᠠᠨ ᠢ᠋ᠶ᠋ᠡᠷ ᠤᠯᠠᠨ ᠤ᠋ ᠰᠤᠨᠢᠷᠬᠠᠯ ᠢ᠋ ᠳᠠᠳᠠᠨ᠎ᠠ᠃

《ᠮᠠᠨ ᠤ᠋ ᠺᠣᠹᠧ ᠪᠤᠯᠤᠨ ᠪᠤᠭᠤᠷᠰᠤᠭ ᠴᠥᠮ ᠠᠳᠤᠭᠤᠨ ᠰᠣᠶᠣᠯ ᠤ᠋ᠨ ᠡᠯᠧᠮᠧᠨ᠋ᠲ ᠲᠠᠢ᠂ ᠭᠡᠷ ᠤ᠋ᠨ ᠭᠠᠳᠠᠨ᠎ᠠ ᠪᠠᠰᠠ ᠪᠢᠴᠢᠬᠠᠨ ᠮᠣᠳᠣᠨ ᠮᠣᠷᠢ ᠵᠤᠭᠰᠤᠭᠠᠭᠠᠳ ᠵᠣᠴᠢᠳ ᠲᠦ᠍ ᠬᠡᠷᠡᠯ ᠵᠢᠷᠤᠭ ᠠᠪᠤᠭᠤᠯᠵᠤ ᠳᠤᠷᠠᠰᠬᠠᠯ ᠦᠯᠡᠳᠡᠭᠡᠳᠡᠭ ᠤ᠋ᠨ ᠬᠠᠮᠲᠤ ᠮᠣᠷᠢ ᠤᠨᠤᠵᠤ ᠣᠢᠯᠠᠭᠠᠬᠤ ᠢᠵᠢ ᠦᠢᠯᠡᠴᠢᠯᠡᠭᠡ ᠭᠠᠷᠭᠠᠵᠠᠢ᠂ ᠣᠯᠠᠨ ᠢ᠋ᠶ᠋ᠠᠷ ᠢ᠋ᠶ᠋ᠠᠨ ᠺᠣᠹᠧ ᠤᠤᠭᠤᠬᠤ ᠶ᠋ᠢᠨ ᠬᠠᠮᠲᠤ ᠬᠥᠬᠡᠬᠣᠲᠠ ᠶ᠋ᠢᠨ ᠠᠳᠤᠭᠤᠨ ᠰᠣᠶᠣᠯ ᠤ᠋ᠨ ᠷᠢᠳᠢ ᠰᠢᠳᠢ ᠵᠢ ᠣᠢᠯᠠᠭᠠᠬᠤ ᠵᠢ ᠤᠷᠢᠵᠦ ᠪᠠᠢᠨ᠎ᠠ》 ᠭᠡᠵᠦ ᠶᠢᠤ ᠮᠠ ᠺᠤᠹᠸ ᠵᠢᠨ ᠳᠡᠯᠭᠡᠭᠦᠷ ᠤ᠋ᠨ ᠡᠵᠡᠨᠳᠡᠨ ᠬᠡᠯᠡᠨ᠎ᠠ ᠃

《ᠠᠳᠤᠭᠤ》 ᠪᠡᠷ ᠰᠡᠳᠦᠪᠯᠡᠭᠰᠡᠨ ᠲᠣᠭᠯᠠᠯᠲᠠ ᠦᠵᠡᠬᠦ ᠪᠣᠯ ᠬᠥᠬᠡᠬᠣᠲᠠ ᠶ᠋ᠢᠨ ᠵᠢᠭᠤᠯᠴᠢᠯᠠᠯ ᠤ᠋ᠨ ᠨᠢᠭᠡᠨ ᠵᠤᠷᠢᠯᠳᠠᠳᠦ ᠠᠵᠢᠯᠯᠠᠭ᠎ᠠ ᠶᠤᠮᠰᠠᠨ᠃ 《ᠪᠤᠭᠤᠷᠤᠯ ᠲᠡᠥᠬᠡ ᠶ᠋ᠢᠨ ᠬᠦᠯᠦᠭ ᠤ᠋ᠨ ᠮᠠᠭᠳᠠᠭᠠᠯ》 ᠪᠣᠯ ᠥᠪᠥᠷ ᠮᠣᠩᠭᠣᠯ ᠤ᠋ᠨ ᠤᠷᠠᠯᠢᠭ᠋ ᠵᠦᠴᠦᠭᠡ ᠶ᠋ᠢᠨ ᠬᠦᠷᠢᠶᠡᠯᠡᠩ ᠤ᠋ᠨ ᠬᠦᠴᠦᠯᠡᠨ ᠪᠦᠲᠦᠭᠡᠭᠰᠡᠨ ᠲᠣᠮᠣ᠌ ᠬᠡᠯᠪᠡᠷᠢ ᠶ᠋ᠢᠨ ᠮᠣᠷᠢᠨ ᠪᠥᠵᠢᠭᠲᠦ ᠵᠦᠴᠦᠭᠡ ᠪᠣᠯᠣᠨ᠎ᠠ ᠃

《ᠪᠤᠭᠤᠷᠤᠯ ᠲᠡᠥᠬᠡ ᠶ᠋ᠢᠨ ᠬᠦᠯᠦᠭ ᠤ᠋ᠨ ᠮᠠᠭᠳᠠᠭᠠᠯ》 ᠢ᠋ 2014 ᠣᠨ ᠳ᠋ᠦ ᠠᠩᠬ᠎ᠠ ᠲᠣᠭᠯᠠᠭᠰᠠᠨ ᠡᠴᠡ ᠨᠠᠭᠠᠰᠢ ᠨᠡᠢ᠍ᠢᠳᠡ 500 ᠭᠠᠷᠤᠢ ᠲᠠᠯᠠᠪᠠᠢ ᠲᠣᠭᠯᠠᠵᠦ᠂ 20 ᠭᠠᠷᠤᠢ ᠤᠯᠤᠰ ᠵᠢᠴᠢ ᠭᠠᠵᠠᠷ ᠣᠷᠣᠨ ᠤ᠋ ᠵᠢᠭᠤᠯᠴᠢᠯᠠᠭᠰᠠᠳ 50 ᠲᠦᠮᠡ ᠰᠢᠬᠠᠮ ᠬᠥᠮᠥᠨ ᠤᠳᠠᠭ᠎ᠠ ᠰᠣᠨᠢᠷᠬᠠᠵᠤ᠂ ᠤᠳᠤ ᠡᠨᠡ ᠬᠦ᠌ ᠵᠦᠴᠦᠭᠡ ᠨᠢ ᠬᠦᠬᠡᠬᠤᠳᠠ ᠶ᠋ᠢᠨ ᠰᠣᠶᠣᠯ ᠵᠢᠭᠤᠯᠴᠢᠯᠠᠯ ᠤ᠋ᠨ  ᠲᠦᠷᠦᠯ ᠳᠡᠮᠳᠡᠭ ᠪᠤᠯᠵᠠᠢ ᠃

ᠦᠵᠡᠰᠬᠦᠯᠡᠩ ᠰᠤᠷᠤᠯᠴᠠᠯᠭ᠎ᠠ ᠨᠢ ᠲᠦᠮᠡᠨ ᠪᠤᠳᠠᠰ ᠢ᠋ ᠰᠢᠮᠡᠵᠢᠬᠦᠯᠵᠦ ᠠᠳᠤᠭᠤᠨ ᠰᠣᠶᠣᠯ ᠬᠥᠮᠥᠰ ᠤ᠋ᠨ ᠰᠡᠳᠬᠢᠯ ᠳ᠋ᠦ ᠬᠦᠨ ᠦᠨᠳᠦᠰᠦᠯᠡᠪᠠ

5 ᠰᠠᠷ᠎ᠠ ᠶ᠋ᠢᠨ 18  ᠤ᠋ ᠡᠳᠦᠷ ᠂ ᠬᠥᠬᠡᠬᠣᠲᠠ ᠶ᠋ᠢᠨ ᠵᠣᠣ ᠵᠢᠶᠦ᠋ᠨ ᠮᠦᠽᠧᠢ ᠶ᠋ᠢᠨ 2024 ᠣᠨ ᠤ᠋ ᠤᠤᠭᠠᠯ ᠡᠭᠦᠳᠦᠯᠲᠡ ᠶ᠋ᠢᠨ ᠦᠵᠡᠬᠦᠯᠬᠡ 《ᠠᠵᠢᠨᠠᠢ ᠬᠦᠯᠦᠭ ᠲᠦᠮᠡᠨ ᠭᠠᠵᠠᠷ ᠲᠡᠬᠦᠯᠢᠨ᠎ᠠ — ᠠᠳᠤᠭᠤᠨ ᠰᠣᠶᠣᠯ ᠤ᠋ᠨ ᠣᠨᠴᠠ ᠦᠵᠡᠭᠦᠯᠭᠡ》 ᠶᠠᠪᠤᠭᠳᠠᠵᠤ᠂ ᠦᠢ ᠣᠯᠠᠨ ᠵᠢᠭᠤᠯᠴᠢᠯᠠᠭᠰᠠᠳ ᠦᠵᠡᠭᠦᠯᠭᠡ ᠵᠢ ᠳᠠᠪᠠᠳᠠᠢ ᠰᠣᠨᠢᠷᠬᠠᠪᠠ ᠃

ᠦᠵᠡᠭᠦᠯᠭᠡ ᠵᠢᠨ ᠤᠬᠠᠭᠠᠯᠠᠭᠴᠢ ᠂ ᠵᠤᠤ ᠵᠢᠶᠦ᠋ᠨ ᠮᠦᠽᠧᠢ ᠶ᠋ᠢᠨ ᠳᠡᠳ᠋ ᠵᠠᠬᠢᠷᠤᠯ ᠪᠦᠦ ᠰᠤᠭᠤᠨᠠᠭ᠄ 《ᠲᠤᠰ ᠤᠳᠠᠭ᠎ᠠ ᠶ᠋ᠢᠨ ᠣᠨᠴᠠ ᠦᠵᠡᠭᠦᠯᠭᠡ ᠳ᠋ᠦ ᠠᠳᠤᠭᠤᠨ ᠰᠣᠶᠣᠯ ᠲᠠᠢ ᠬᠤᠯᠪᠤᠭ᠎ᠠ ᠪᠦᠬᠦᠢ ᠲᠥᠯᠥᠭᠡᠯᠡᠬᠦ ᠴᠢᠨᠠᠷᠲᠠᠢ ᠲᠡᠦᠬᠡ ᠶ᠋ᠢᠨ ᠳᠤᠷᠠᠰᠬᠠᠯᠲᠤ ᠵᠦᠢᠯᠡᠰ ᠢ᠋ 150 ᠬᠤᠪᠢ(ᠢᠵᠢ)ᠳᠡᠯᠭᠡᠨ ᠦᠵᠡᠭᠦᠯᠵᠦ᠂ ᠰᠤᠷᠪᠤᠯᠵᠢ ᠪᠢᠴᠢᠭ ᠮᠠᠲᠧᠷᠢᠶᠠᠯ᠂ ᠬᠣᠪᠣᠷ ᠨᠠᠨᠳᠢᠨ ᠲᠡᠦᠬᠡ ᠶ᠋ᠢᠨ ᠳᠤᠷᠠᠰᠬᠠᠯᠲᠤ ᠵᠦᠢᠯᠡᠰ ᠪᠠ ᠲᠣᠭᠠᠴᠢᠯᠠᠭᠰᠠᠨ ᠮᠡᠷᠭᠡᠵᠢᠯ ᠵᠡᠷᠭᠡ ᠠᠷᠭ᠎ᠠ ᠬᠡᠯᠪᠡᠷᠢ ᠪᠡᠷ ᠳᠠᠮᠵᠢᠨ ᠠᠳᠤᠭᠤᠨ ᠰᠣᠶᠣᠯ ᠤ᠋ᠨ ᠳᠤᠮᠳᠠᠳᠤ ᠶ᠋ᠢᠨ ᠰᠣᠶᠣᠯ ᠲᠡᠦᠬᠡ ᠶ᠋ᠢᠨ ᠠᠬᠢᠴᠠ ᠳᠤᠮᠳᠠᠬᠢ ᠪᠠᠢᠷᠢ ᠰᠠᠭᠤᠷᠢ ᠵᠢ ᠲᠣᠭᠠᠴᠢᠵᠤ᠂ ᠠᠳᠤᠭᠤᠨ ᠰᠣᠶᠣᠯ ᠤ᠋ᠨ ᠲᠡᠦᠬᠡ ᠶ᠋ᠢᠨ ᠦᠨ᠎ᠡ ᠦᠷᠳᠡᠭ ᠪᠣᠯᠣᠨ ᠴᠠᠭ ᠦᠶ᠎ᠡ ᠶ᠋ᠢᠨ ᠦᠨ᠎ᠡ ᠦᠷᠳᠡᠭ ᠢ᠋ ᠲᠣᠳᠣᠷᠬᠠᠢᠯᠠᠨ ᠥᠭᠦᠯᠡᠵᠦ᠂ ᠵᠢᠭᠤᠯᠴᠢᠯᠠᠭᠰᠠᠳ ᠲᠦ᠍ ᠠᠳᠤᠭᠤᠨ ᠰᠣᠶᠣᠯ ᠳ᠋ᠦ ᠠᠭᠤᠯᠤᠭᠳᠠᠵᠤ ᠪᠠᠢᠭ᠎ᠠ ᠲᠡᠦᠬᠡ ᠶ᠋ᠢᠨ ᠠᠢᠵᠠᠮ᠂ ᠦᠨᠳᠦᠰᠦᠲᠡᠨ ᠤ᠋ ᠠᠭᠤᠰᠤᠯᠴᠠᠯ ᠢ᠋ ᠭᠦᠨᠵᠡᠭᠡᠢ ᠲᠣᠳᠣᠷᠬᠠᠢᠯᠠᠨ ᠲᠠᠢᠯᠪᠤᠷᠢᠯᠠᠭᠰᠠᠨ ᠶᠤᠮ》 ᠬᠡᠵᠦ ᠲᠠᠨᠢᠯᠴᠠᠭᠤᠯᠤᠨ᠎ᠠ᠃

ᠲᠦᠷᠦᠭᠦᠬᠡᠨ ᠥᠪᠡᠷᠲᠡᠭᠡᠨ ᠵᠠᠰᠠᠬᠤ ᠣᠷᠣᠨ ᠤ᠋ ᠨᠡᠢᠭᠡᠮ ᠤ᠋ᠨ ᠪᠡᠶ᠎ᠡ ᠶ᠋ᠢᠨ ᠲᠠᠮᠢᠷ ᠤ᠋ᠨ ᠦᠢᠯᠡᠴᠢᠯᠡᠭᠡᠨ ᠤ᠋ ᠲᠥᠪ ᠪᠣᠯᠣᠨ ᠲᠣᠭᠲᠠᠬᠤ ᠰᠢᠶᠠᠨ ᠤ᠋ ᠭᠤᠷᠪᠠᠳᠤᠭᠠᠷ ᠪᠠᠭ᠎ᠠ ᠰᠤᠷᠭᠠᠭᠤᠯᠢ ᠥᠪᠥᠷ ᠮᠣᠩᠭᠣᠯ ᠤ᠋ᠨ ᠮᠣᠷᠢᠨ ᠤᠷᠤᠯᠳᠤᠭᠠᠨ ᠤ᠋ ᠲᠠᠯᠠᠪᠠᠶ ᠳ᠋ᠦ ᠵᠠᠯᠠᠭᠤᠴᠤᠳ ᠪᠠᠭᠠᠴᠤᠳ ᠤ᠋ᠨ ᠠᠳᠤᠭᠤᠨ ᠰᠣᠶᠣᠯ ᠢ᠋ ᠰᠤᠳᠤᠯᠤᠨ ᠰᠤᠷᠤᠯᠴᠠᠬᠤ ᠠᠵᠢᠯᠯᠠᠭ᠎ᠠ ᠥᠷᠨᠢᠭᠦᠯᠵᠦ᠂ 100 ᠭᠠᠷᠤᠢ ᠰᠣᠷᠣᠭ᠍ᠴᠢ ᠣᠷᠣᠯᠴᠠᠵᠤ᠂ ᠮᠤᠷᠢ ᠤᠨᠤᠬᠤ ᠵᠢᠴᠢ ᠤᠯᠠᠮᠵᠢᠯᠠᠯᠲᠤ ᠰᠤᠷ ᠬᠠᠷᠪᠤᠬᠤ ᠮᠡᠷᠭᠡᠵᠢᠯ ᠢ᠋ ᠪᠡᠶᠡᠴᠢᠯᠡᠨ ᠣᠢᠯᠠᠭᠠᠪᠠ᠃

《ᠰᠤᠳᠤᠯᠤᠨ ᠰᠤᠷᠤᠯᠴᠠᠬᠤ ᠠᠵᠢᠯᠯᠠᠭ᠎ᠠ ᠳ᠋ᠦ ᠠᠳᠤᠭᠤᠨ ᠤ᠋ ᠰᠣᠶᠣᠯ ᠤᠷᠠᠯᠢᠭ᠋ ᠤ᠋ᠨ ᠣᠷᠳᠣᠨ ᠢ᠋ ᠲᠣᠭᠣᠷᠢᠨ ᠦᠵᠡᠬᠦ  ᠮᠣᠷᠢ ᠲᠡᠵᠢᠭᠡᠵᠦ ᠠᠷᠠᠴᠢᠯᠠᠬᠤ ᠠᠭᠤᠯᠭ᠎ᠠ ᠪᠠᠢᠬᠤ ᠪᠡᠷ ᠪᠠᠷᠠᠬᠤ ᠦᠭᠡᠢ ᠪᠠᠰᠠ ᠮᠣᠷᠢᠨ ᠮᠡᠷᠭᠡᠵᠢᠯ ᠤ᠋ᠨ ᠮᠡᠳᠡᠯᠭᠡ ᠶ᠋ᠢᠨ ᠲᠠᠢᠯᠤᠮᠵᠢ᠂ ᠮᠣᠷᠢᠨ ᠮᠡᠷᠭᠡᠵᠢᠯ ᠤ᠋ᠨ ᠪᠣᠯᠪᠠᠰᠤᠷᠠᠯ᠂ ᠪᠣᠳᠠᠰ ᠤ᠋ᠨ ᠪᠤᠰᠤ ᠰᠣᠶᠣᠯ ᠤ᠋ᠨ ᠥᠪ ᠪᠤᠯᠬᠤ ᠬᠠᠷᠪᠤᠭ᠎ᠠ ᠨᠠᠮᠨᠠᠭ᠎ᠠ ᠵᠡᠷᠭᠡ ᠣᠯᠠᠨ ᠠᠭᠤᠯᠭ᠎ᠠ ᠵᠢ ᠪᠠᠭᠲᠠᠭᠠᠵᠤ᠂ ᠰᠤᠷᠤᠭ᠍ᠴᠢᠳ ᠲᠦ᠍ ᠠᠳᠤᠭᠤᠨ ᠰᠣᠶᠣᠯ ᠤ᠋ᠨ ᠠᠭᠤᠯᠤᠭᠳᠠᠬᠤᠨ ᠪᠠ ᠷᠢᠳᠢ ᠰᠢᠳᠢ ᠵᠢ ᠪᠥᠬᠥ ᠲᠠᠯ᠎ᠠ ᠪᠠᠷ ᠣᠢᠯᠠᠭᠠᠭᠤᠯᠤᠭᠰᠠᠨ ᠶᠤᠮ》 ᠭᠡᠵᠦ ᠮᠣᠷᠢᠨ ᠤᠷᠤᠯᠳᠤᠭᠠᠨ ᠤ᠋ ᠲᠠᠯᠠᠪᠠᠶ ᠶ᠋ᠢᠨ ᠠᠵᠢᠯᠲᠠᠨ ᠯᠢ ᠵᠢᠶᠠ ᠰᠤᠷᠪᠤᠯᠵᠢᠯᠠᠭ᠍ᠴᠢ ᠳ᠋ᠦ ᠬᠡᠯᠡᠨ᠎ᠠ᠃

ᠥᠪᠥᠷ ᠮᠣᠩᠭᠣᠯ ᠤ᠋ᠨ ᠤ᠌ᠤ ᠸᠧᠢ ᠠᠳᠤᠭᠤᠨ ᠰᠣᠶᠣᠯ ᠠᠮᠢ ᠠᠬᠤᠢ ᠶ᠋ᠢᠨ ᠵᠢᠭᠤᠯᠴᠢᠯᠠᠯ ᠤ᠋ᠨ ᠣᠷᠣᠨ ᠪᠣᠯ ᠬᠥᠬᠡᠬᠣᠲᠠ ᠶ᠋ᠢᠨ ᠠᠳᠤᠭᠤᠨ ᠰᠤᠶᠤᠯ ᠢ᠋ ᠤᠢᠯᠠᠭᠠᠬᠤ ᠬᠠᠯᠠᠮᠰᠢᠯ ᠴᠡᠭ ᠪᠢᠯᠡ᠃ ᠬᠦᠷᠢᠶᠡᠯᠡᠩ ᠲᠣᠭᠣᠷᠢᠭ᠋ ᠲᠤᠨᠢ ᠠᠳᠠᠯᠢ ᠪᠤᠰᠤ ᠤᠯᠤᠰ ᠤ᠋ᠨ ᠴᠡᠪᠡᠷ ᠴᠢᠰᠤᠨ ᠤ᠋ ᠮᠤᠷᠢ᠂ ᠡᠷᠯᠢᠰᠡ ᠮᠤᠷᠢ᠂ ᠤᠢᠷ᠎ᠠ ᠡᠰᠢ ᠤᠳᠤᠮ ᠤ᠋ᠨ ᠮᠣᠷᠢ᠂ ᠮᠣᠩᠭᠣᠯ ᠮᠣᠷᠢ ᠵᠡᠷᠭᠡ ᠠᠳᠠᠯᠢ ᠪᠤᠰᠤ ᠡᠬᠦᠯᠳᠡᠷ ᠤᠳᠤᠮ ᠤ᠋ᠨ ᠮᠣᠷᠢ ᠲᠠᠢ ᠪᠠᠢᠵᠤ᠂ ᠠᠳᠤᠭᠤᠨ ᠰᠣᠶᠣᠯ ᠤ᠋ᠨ ᠰᠢᠨ᠎ᠡ ᠰᠡᠪᠡᠭᠦᠨ ᠬᠠᠷᠢᠯᠴᠠᠨ ᠦᠢᠯᠡᠳᠦᠯᠴᠡᠬᠦ ᠣᠢᠯᠠᠭᠠᠯᠲᠠ ᠨᠢ ᠵᠢᠭᠤᠯᠴᠢᠯᠠᠭᠰᠠᠳ ᠤ᠋ᠨ ᠤᠷᠮ᠎ᠠ ᠪᠠᠬ᠎ᠠ ᠵᠢ ᠶᠠᠭᠠᠬᠢᠬᠤ ᠵᠢᠨ ᠠᠷᠭ᠎ᠠ ᠦᠬᠡᠢ ᠲᠠᠳᠠᠨ᠎ᠠ᠃

ᠡᠨᠳᠡ ᠵᠢᠭᠤᠯᠴᠢᠯᠠᠭᠰᠳ ᠭᠡᠷ ᠤ᠋ᠨ ᠭᠠᠳᠠᠨᠠᠬᠢ ᠮᠣᠷᠢᠨ ᠪᠥᠮᠪᠥᠭᠡ ᠶ᠋ᠢᠨ ᠲᠠᠯᠠᠪᠠᠢ ᠪᠡᠷ ᠲᠣᠭᠣᠷᠢᠨ ᠦᠵᠡᠵᠦ᠂ ᠮᠣᠷᠢᠨ ᠪᠥᠮᠪᠥᠭᠡ ᠶ᠋ᠢᠨ ᠲᠣᠭᠯᠠᠯᠲᠠ ᠵᠢ ᠰᠣᠨᠢᠷᠬᠠᠨ᠂ 325 ᠮᠧᠲᠷ ᠤ᠋ᠨ ᠬᠠᠳᠠᠨ ᠵᠢᠷᠤᠭ ᠤ᠋ᠨ ᠬᠣᠩᠭᠢᠯ ᠢ᠋ᠶ᠋ᠠᠷ ᠮᠢᠩᠭᠠᠨ ᠵᠢᠯ ᠤ᠋ᠨ ᠡᠮᠦᠨᠡᠬᠢ ᠨᠡᠭᠦᠳᠡᠯᠴᠢᠳ ᠤ᠋ᠨ ᠦᠢᠯᠡᠳᠪᠦᠷᠢᠯᠡᠯ ᠠᠮᠢᠳᠤᠷᠠᠯ ᠤ᠋ᠨ ᠪᠠᠢᠳᠠᠯ ᠢ᠋ ᠣᠢᠯᠠᠭᠠᠵᠤ᠂ ᠪᠠᠰᠠ ᠲᠤᠰᠬᠠᠢ ᠮᠣᠷᠢᠨ ᠮᠡᠷᠭᠡᠵᠢᠯ ᠤ᠋ᠨ ᠰᠤᠷᠭᠠᠭ᠍ᠴᠢ ᠪᠠᠷ ᠵᠢᠯᠣᠭᠣᠳᠤᠭᠤᠯᠤᠨ᠂ ᠮᠣᠷᠢ ᠤᠨᠤᠬᠤ ᠬᠠᠪᠤ ᠴᠡᠩᠭᠡᠯ ᠢ᠋ ᠪᠡᠶᠡᠴᠢᠯᠡᠨ ᠣᠢᠯᠠᠭᠠᠵᠤ᠂ ᠤᠷᠮ᠎ᠠ ᠰᠡᠳᠬᠢᠯ ᠵᠢᠡᠨ ᠰᠡᠷᠬᠦᠬᠡᠵᠤ ᠶᠠᠪᠤᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号