ᠲᠦᠮᠡᠳ ᠪᠠᠷᠠᠭᠤᠨ ᠬᠤᠰᠢᠭᠤ ᠪᠤᠯ ᠨᠢᠭᠡᠨ ᠥᠨᠢ ᠤᠳᠠᠭᠠᠨ ᠲᠡᠦᠬᠡᠲᠡᠶ ᠂ ᠰᠣᠶᠣᠯ ᠢᠷᠭᠡᠨᠱᠢᠯ ᠲᠥᠪᠯᠡᠷᠡᠭ᠌ᠰᠡᠨ ᠭᠠᠵᠠᠷ᠃ ᠳᠤᠮᠳᠠᠳᠤ ᠶ᠋ᠢᠨ ᠦᠨᠳᠦᠰᠦᠲᠡᠨ ᠤ᠋ ᠲᠡᠤᠬᠡ ᠶ᠋ᠢᠨ ᠤᠷᠲᠤ ᠠᠶᠠᠨ ᠳ᠋ᠦ ᠤᠯᠠ ᠮᠦᠷ ᠶ᠋ᠢᠡᠨ ᠦᠯᠡᠳᠡᠭᠡᠵᠦ᠂ ᠤᠮᠠᠷᠠᠲᠤ ᠬᠢᠯᠢ ᠶ᠋ᠢᠨ ᠰᠤᠶᠤᠯ ᠤ᠋ᠨ ᠬᠦᠭᠵᠢᠯᠲᠡ ᠳ᠋ᠦ ᠦᠪᠡᠷᠮᠢᠴᠡ ᠤᠨᠴᠠᠯᠢᠭ ᠶ᠋ᠢᠡᠨ ᠢᠯᠡᠷᠡᠭᠦᠯᠪᠡ ᠃
7 ᠰᠠᠷ᠎ᠠ ᠵᠢᠨ 12 ᠤ᠋ᠨ ᠡᠳᠦᠷ᠂ ᠰᠤᠷᠪᠤᠯᠵᠢᠯᠠᠭ᠍ᠴᠢ ᠲᠦᠮᠡᠳ ᠪᠠᠷᠠᠭᠤᠨ ᠬᠣᠱᠢᠭᠤᠨ ᠤ᠋ ᠰᠤᠪᠤᠷᠭ᠎ᠠ ᠱᠢᠶᠠᠩ ᠤ᠋ᠨ ᠡᠷᠲᠡᠨ ᠤ᠋ ᠲᠣᠰᠭᠣᠨ ᠪᠤᠯᠬᠤ ᠮᠠᠢᠳᠠᠷᠢ ᠬᠥᠭᠥᠷᠭᠡ ᠲᠣᠰᠭᠣᠨᠳᠤ ᠬᠦᠷᠴᠠᠢ᠂ ᠲᠣᠰ ᠲᠣᠰᠭᠣᠨ 2015 ᠣᠨᠳᠤ ᠨᠢᠭᠡᠨᠲᠡ ᠳᠤᠮᠳᠠᠳᠤ ᠤᠯᠤᠰ ᠤ᠋ᠨ ᠡᠷᠲᠡᠨ ᠤ᠋ ᠲᠣᠰᠭᠣᠨ ᠤ᠋ ᠬᠠᠮᠠᠭᠠᠯᠠᠯᠲᠠ ᠵᠢᠨ ᠨᠡᠷᠡᠰᠲᠦ ᠵᠢᠭ᠍ᠰᠠᠭᠠᠭ᠍ᠳᠠᠪᠠ ᠃
ᠲᠩᠷᠢ ᠲᠡᠳᠬᠦᠭ᠌ᠴᠢ ᠵᠢᠨ ᠳᠤᠮᠳᠠᠴᠢ ᠰᠡᠭᠦᠯᠴᠢ ᠵᠢᠨ ᠦᠶ᠎ᠡ ᠳ᠋ᠦ ᠮᠤᠨᠢ ᠠᠭᠤᠯᠠ ᠵᠢᠨ ᠡᠮᠦᠨ᠎ᠡ ᠬᠣᠷᠮᠣᠶ ᠵᠢᠨ ᠲᠦᠮᠡᠳ ᠤ᠋ᠨ ᠲᠠᠯ᠎ᠠ ᠨᠢᠭᠡ ᠪᠦᠯᠦᠭ ᠨᠡᠭᠦᠳᠡᠯᠴᠢᠨ ᠠᠷᠠᠳ ᠢ᠋ ᠤᠭ᠍ᠲᠤᠨ ᠠᠪᠴᠢᠷᠠᠵᠠᠶ ᠃ ᠲᠡᠳᠡ ᠨᠡᠭᠦᠳᠡᠯ ᠤ᠋ᠨ ᠱᠢᠪᠠᠭᠤ ᠱᠢᠭ᠋ ᠬᠠᠪᠤᠷ ᠢᠷᠡᠵᠦ᠍ ᠨᠠᠮᠤᠷ ᠪᠤᠴᠠᠨ᠂ ᠥᠩ ᠱᠢᠮᠡᠯᠢᠭ ᠲᠦᠮᠡᠳ ᠤ᠋ᠨ ᠲᠠᠯ᠎ᠠ ᠳ᠋ᠦ ᠬᠠᠪᠤᠷ ᠤ᠋ᠨ ᠲᠠᠷᠢᠶᠠᠯᠠᠭ᠎ᠠ ᠨᠠᠮᠤᠷ ᠤ᠋ᠨ ᠬᠤᠷᠢᠶᠠᠯᠲᠠ ᠬᠢᠵᠦ᠍᠂ ᠬᠤᠷᠢᠶᠠᠭ᠍ᠰᠠᠨ ᠠᠮᠤ ᠬᠦᠨᠡᠰᠦᠪᠡᠨ ᠠᠪᠴᠤ ᠬᠠᠷᠢᠳᠠᠭ᠃ ᠤᠨ ᠵᠢᠯ ᠦᠡᠭᠭᠡᠷᠡᠨ ᠤᠳᠬᠤ ᠵᠢ ᠳᠠᠭᠠᠯᠳᠤᠨ ᠲᠡᠳᠡ ᠲᠦᠮᠡᠳ ᠤ᠋ᠨ ᠲᠠᠯ᠎ᠠ ᠳ᠋ᠦ ᠨᠤᠳᠤᠭᠰᠢᠵᠤ᠂ ᠠᠢᠯ ᠲᠤᠰᠬᠤᠨ ᠪᠤᠯᠵᠤ ᠰᠠᠭᠤᠷᠢᠰᠢᠭᠰᠠᠨ ᠪᠠᠢᠨ᠎ᠠ ᠃
《ᠠᠡᠭᠬ᠎ᠠ ᠡᠬᠢᠨ ᠳ᠋ᠡᠭᠡᠨ ᠮᠠ ᠤᠪᠤᠭ᠍ᠳᠠᠨ᠂ ᠯᠢ ᠤᠪᠤᠭ᠍ᠳᠠᠨ᠂ ᠪᠠᠢ ᠤᠪᠤᠭ᠍ᠳᠠᠨ ᠰᠠᠭᠤᠷᠢᠰᠢᠵᠤ ᠪᠠᠢᠭᠰᠠᠨ ᠵᠢᠡᠨ ᠬᠤᠵᠢᠮ ᠨᠢ ᠪᠤᠰᠤᠳ ᠤᠪᠤᠭ᠍ᠳᠠᠨ ᠴᠤ᠌ ᠠᠭᠠᠵᠢᠮᠢᠶᠠᠷ ᠣᠯᠠᠱᠢᠷᠠᠵᠠᠢ》 ᠭᠡᠵᠦ᠍ ᠲᠣᠰᠭᠣᠨ ᠤ᠋ ᠲᠡᠦᠬᠡ ᠵᠢ ᠨᠠᠢᠷᠠᠭᠤᠯᠤᠨ ᠪᠢᠴᠢᠭ᠌ᠰᠡᠨ ᠾᠧ ᠯᠢᠦ ᠱᠦ᠍ ᠰᠤᠷᠪᠤᠯᠵᠢᠯᠠᠭ᠍ᠴᠢᠳᠤ ᠶᠠᠷᠢᠨ᠎ᠠ ᠃
ᠮᠠᠢᠳᠠᠷᠢ ᠬᠥᠭᠥᠷᠭᠡ ᠲᠣᠰᠭᠣᠨ ᠤ᠋ ᠬᠣᠢᠲᠤ ᠵᠠᠬ᠎ᠠ ᠪᠡᠷ ᠲᠣᠰᠭᠣᠨ ᠤ᠋ ᠠᠷᠠᠳ ᠤ᠋ᠨ ᠱᠢᠨ᠎ᠡ ᠰᠠᠭᠤᠷᠢᠰᠢᠯ ᠪᠠᠢᠵᠤ ᠂ ᠡᠷᠲᠡᠨ ᠤ᠋ ᠬᠢ ᠵᠢ ᠳᠠᠭᠤᠷᠢᠶᠠᠭ᠍ᠰᠠᠨ ᠱᠠᠨ ᠰᠢ ᠱᠠᠨᠰᠢ ᠵᠢᠨ ᠬᠡᠪ ᠨᠠᠮᠪᠠᠲᠠᠶ ᠪᠠᠷᠢᠯᠭ᠎ᠠ ᠨᠢ ᠨᠡᠭᠦᠳᠡᠯᠴᠢᠨ ᠠᠷᠠᠳ ᠤ᠋ᠨ ᠨᠤᠲᠤᠭ ᠤ᠋ᠨ ᠮᠥᠷᠥᠭᠡᠳᠦᠯᠢ ᠳᠤᠰᠬᠠᠨ᠎ᠠ᠃ ᠭᠤᠤᠯ ᠵᠡᠭᠡᠯᠢ ᠵᠢ ᠳᠠᠭᠠᠨ ᠡᠮᠦᠨᠡᠰᠢ ᠶᠠᠪᠤᠪᠠᠯ ᠳᠠᠷᠤᠶ ᠬᠠᠮᠠᠭᠠᠯᠠᠯᠲᠠᠲᠠᠶ ᠡᠷᠲᠡᠨ ᠤ᠋ ᠲᠣᠰᠭᠣᠨ ᠪᠤᠯᠤᠨ᠎ᠠ᠃ ᠲᠡᠪᠡᠷᠢ ᠪᠠᠭᠳᠠᠬᠤ ᠦᠭᠡᠢ ᠪᠦᠲᠦᠭᠦᠨ ᠵᠠᠭᠤ ᠭᠠᠷᠤᠶ ᠵᠢᠯ ᠤ᠋ᠨ ᠬᠥᠭ᠌ᠰᠢᠨ ᠬᠠᠢᠯᠠᠰᠤ ᠵᠢᠨ ᠰᠠᠯᠠᠭ᠎ᠠ ᠨᠠᠮᠠᠭ᠎ᠠ ᠨᠢ ᠢᠭ᠍ᠴᠤ ᠰᠠᠬᠤᠯᠢᠭ ᠤᠷᠭᠤᠵᠤ᠂ ᠡᠷᠳᠡᠨ ᠡᠳᠦᠭᠡ ᠵᠢᠨ ᠲᠡᠦᠭᠡ ᠬᠠᠭᠤᠴᠢᠯᠠᠨ ᠰᠦᠭᠯᠡᠢᠨᠡ᠃
ᠠᠢᠯ ᠪᠣᠯᠭᠠᠨ ᠨᠢᠭᠡ ᠮᠧᠲ᠋ᠷ ᠣᠷᠴᠢᠮ ᠦᠨᠳᠦᠷ ᠬᠡᠷᠡᠮ ᠲᠠᠶ᠃ ᠬᠡᠷᠡᠮ ᠨᠢ ᠲᠤᠬᠠᠶ ᠵᠢᠨ ᠭᠠᠵᠠᠷᠠᠴᠠ ᠮᠠᠲ᠋ᠧᠷᠢᠶᠠᠯ ᠠᠪᠴᠤ᠌᠂ ᠬᠥᠯ ᠪᠥᠮᠪᠥᠭᠡ ᠵᠢᠨ ᠬᠢᠷᠢ ᠥᠨᠳᠡᠭᠡᠨ ᠴᠢᠯᠠᠭᠤᠪᠠᠷ ᠪᠠᠷᠢᠵᠤ᠂ ᠳᠤᠮᠳᠠᠬᠢ ᠵᠠᠪᠰᠠᠷᠢ ᠴᠢᠯᠠᠭᠤᠪᠠᠷ ᠪᠦᠭᠯᠡᠪᠡ᠃ ᠡᠢᠮᠦᠷᠬᠦᠦ ᠬᠦᠷᠢᠶ᠎ᠡ ᠬᠠᠱᠢᠶᠠ ᠨᠢ ᠲᠤᠩ ᠪᠠᠲᠤ ᠪᠡᠬᠢ᠂ ᠤᠨ ᠴᠠᠭᠤᠨ ᠡᠯᠡᠭᠡᠯᠳᠡ᠂ ᠰᠠᠯᠬᠢ ᠪᠤᠷᠤᠭᠠᠨᠤ ᠡᠯᠡᠭᠡᠯᠳᠡᠳᠤ ᠲᠠᠭᠠᠭᠠᠴᠠ ᠲᠠᠢ᠃ ᠡᠨᠡ ᠬᠦ᠌ ᠴᠢᠯᠠᠭᠤᠨ ᠭᠡᠷᠡᠮ ᠨᠢ ᠥᠪᠡᠷ ᠤ᠋ᠨ ᠬᠦᠷᠢᠶ᠎ᠡ ᠬᠠᠱᠢᠶᠠ ᠵᠢᠨ ᠵᠠᠭᠠᠭ ᠬᠢᠵᠠᠭᠠᠷᠢ ᠢᠯᠡᠷᠡᠭᠦᠯᠦᠭ᠌ᠰᠡᠨ ᠶ᠋ᠢᠡᠷ ᠪᠠᠷᠠᠬᠤ ᠥᠬᠡᠶ ᠂ ᠪᠠᠰᠠ ᠰᠠᠬᠢᠨ ᠪᠡᠷᠡᠯᠡᠵᠦ᠍ ᠬᠠᠷᠢᠯᠴᠠᠨ ᠬᠠᠪᠰᠤᠷᠤᠯᠴᠠᠵᠤ᠂ ᠬᠥᠷᠰᠢ ᠵᠡᠷᠭᠡᠯᠡᠳᠡᠭᠡᠲᠡᠶᠪᠡᠨ ᠨᠥᠬᠥᠷᠰᠡᠭ ᠪᠠᠢᠬᠤ ᠣᠢᠯᠠᠭᠠᠭ᠍ᠳᠠᠬᠤᠨᠢ ᠢᠯᠡᠷᠡᠭᠦᠯᠪᠡ᠃
ᠬᠦᠷᠢᠶᠡᠨ ᠡᠭᠦᠳᠡᠡᠴᠡ ᠭᠣᠣᠯ ᠭᠡᠷ ᠬᠦᠷᠲᠡᠯ᠎ᠡ ᠴᠢᠯᠠᠭᠤᠨ ᠵᠠᠮ ᠳᠡᠪᠢᠰᠴᠦ᠂ ᠪᠣᠷᠣᠭᠠᠨᠲᠠᠶ ᠡᠳᠦᠷ ᠱᠢᠪᠠᠷ ᠱᠠᠯᠴᠢᠭ ᠶ᠋ᠢᠡᠷ ᠶᠠᠪᠤᠬᠤ ᠡᠴᠡ ᠵᠡᠢᠯᠡᠰᠭᠢᠭᠰᠡᠨ ᠪᠠᠢᠨ᠎ᠠ᠃ ᠵᠠᠷᠢᠮ ᠬᠦᠷᠢᠶᠡᠨ ᠳ᠋ᠤᠨᠢ ᠭᠤᠷᠪᠠᠨ ᠲᠠᠰᠤᠯᠭ᠎ᠠ ᠭᠣᠣᠯ ᠪᠠᠢᠱᠢᠩᠲᠠᠶ᠂ ᠵᠠᠷᠢᠮ ᠳ᠋ᠤᠨᠢ ᠲᠠᠪᠤᠨ ᠲᠠᠰᠤᠯᠭ᠎ᠠ ᠭᠣᠣᠯ ᠪᠠᠢᠱᠢᠩᠲᠠᠶ ᠂ ᠶᠡᠬᠡ ᠪᠠᠭ᠎ᠠ ᠨᠢ ᠠᠳᠠᠯᠢ ᠪᠤᠰᠤ ᠪᠤᠯᠪᠠᠴᠤ ᠠᠳᠠᠯᠢᠬᠠᠨ ᠰᠢᠪᠠᠷ ᠮᠣᠳᠣᠨ ᠪᠦᠲᠦᠴᠡᠲᠡᠶ ᠪᠠᠷᠢᠯᠭᠠᠪᠠᠢᠯᠠ᠃ ᠴᠣᠩᠬᠣᠨ ᠤ᠋ ᠢᠯᠠᠤ ᠨᠢ ᠴᠢᠩ ᠤᠯᠤᠰ ᠪᠤᠶᠤ ᠢᠷᠭᠡᠨ ᠤᠯᠤᠰ ᠤ᠋ᠨ ᠦᠶ᠎ᠡ ᠵᠢᠨ ᠬᠡ ᠤᠭᠠᠯᠵᠠ ᠵᠢᠨ ᠪᠦᠲᠦᠴᠡ ᠲᠠᠢ ᠪᠠᠢᠵᠤ᠂ ᠴᠣᠩᠬᠣᠨ ᠳᠡᠭᠡᠷ᠎ᠡ ᠪᠠᠨ ᠵᠢᠷᠤᠮᠠᠯ ᠮᠠᠨᠳᠠᠷᠠᠸ᠎ᠠ ᠴᠡᠴᠡᠭ ᠪᠤᠶᠤ ᠬᠤᠷᠴᠠ ᠤᠯᠠᠭᠠᠨ ᠴᠡᠴᠡᠭ ᠨᠠᠭᠠᠭᠰᠠᠨ ᠪᠠᠢᠨ᠎ᠠ᠃
ᠭᠡᠷ ᠲᠡᠬᠢ ᠰᠢᠷᠤᠢ ᠶ᠋ᠢᠨ ᠬᠠᠨᠵᠤ ᠨᠢ ᠭᠠᠳᠠᠨᠠᠬᠢ ᠱᠢᠷᠣᠶ ᠵᠢᠨ ᠵᠤᠤᠬᠠᠲᠠᠶ ᠵᠠᠯᠭᠠᠯᠳᠤᠵᠤ᠂ ᠤᠰᠤ ᠪᠤᠴᠠᠯᠭᠠᠵᠤ ᠪᠤᠳᠠᠭ᠎ᠠ ᠴᠢᠨᠠᠬᠤ ᠵᠢᠨ ᠲᠠᠭᠠᠤ ᠬᠠᠨᠵᠤ ᠪᠠᠨ ᠬᠠᠯᠠᠭᠤᠯᠤᠨ᠎ᠠ᠃ 《ᠡᠢᠮᠦ᠍ ᠭᠡᠷ ᠳᠤᠯᠠᠭᠠᠨ ᠢ᠋ ᠪᠠᠲᠤᠯᠠᠬᠤ ᠨᠢ ᠰᠠᠢᠨ᠂ ᠡᠪᠦᠯ ᠳᠤᠯᠠᠭᠠᠨ ᠵᠤᠨ ᠰᠡᠷᠢᠭᠦᠨ ᠪᠠᠢᠳᠠᠭ》 ᠭᠡᠵᠦ᠍ ᠰᠤᠪᠤᠷᠭ᠎ᠠ ᠱᠢᠶᠠᠩ ᠤ᠋ᠨ ᠤᠬᠠᠭᠤᠯᠬᠤ ᠭᠡᠱᠢᠭᠦᠨ ᠯᠦ᠍ ᠯᠢᠩ ᠶᠠᠨ ᠬᠡᠯᠡᠨ᠎ᠡ᠃
ᠡᠷᠲᠡᠨ ᠤ᠋ ᠲᠣᠰᠭᠣᠨᠳᠤ ᠡᠢᠮᠦᠷᠬᠦᠦ ᠬᠦᠷᠢᠶ᠎ᠡ ᠵᠠᠭᠤ ᠭᠠᠷᠤᠶ ᠪᠠᠢᠭᠰᠠᠨ ᠴᠦ᠍ ᠣᠯᠠᠩᠬᠢ ᠨᠢ ᠰᠤᠯᠠ ᠲᠠᠯᠪᠢᠭ᠍ᠳᠠᠵᠤ᠂ ᠵᠥᠪᠬᠡᠨ ᠬᠡᠳᠦᠨ ᠬᠦᠷᠢᠶᠡᠨ ᠳ᠋ᠦ ᠮᠥᠨ ᠬᠦ᠌ ᠬᠦᠮᠦᠨ ᠰᠠᠭᠤᠵᠤ᠂ ᠭᠡᠷ ᠳᠤᠲᠤᠷᠠᠬᠢ ᠡᠷᠲᠡᠨ ᠤ᠋ ᠦᠡᠭᠭᠡ ᠪᠤᠳᠤᠭᠳᠤ ᠤᠯᠠᠭᠠᠨ ᠦᠡᠭᠭᠡ ᠶ᠋ᠢᠨ ᠠᠪᠳᠠᠷ᠎ᠠ ᠨᠢ ᠡᠨᠳᠡᠬᠢ ᠶ᠋ᠢᠨ ᠦᠤᠬᠡ ᠲᠡᠤᠬᠡ ᠵᠢ ᠭᠡᠷᠡᠴᠢᠯᠡᠨ᠎ᠡ᠃
ᠡᠷᠲᠡᠨ ᠤ᠋ ᠲᠣᠰᠭᠣᠨ ᠤ᠋ ᠨᠢᠭᠡᠨ ᠬᠣᠩᠭᠣᠷᠴᠠᠭ᠍ᠲᠤ ᠮᠣᠳᠣᠨ ᠤ᠋ ᠳᠤᠤᠷ᠎ᠠ ᠨᠢᠭᠡ ᠡᠷᠲᠡᠨ ᠤ᠋ ᠬᠤᠳᠳᠤᠭ ᠪᠠᠢᠳᠠᠭ᠃ ᠬᠤᠳᠳᠤᠭ ᠤ᠋ᠨ ᠡᠷᠭᠢᠭᠦᠯᠭᠡ ᠨᠢ ᠨᠢᠭᠡᠨᠲᠡ ᠬᠠᠭᠤᠷᠠᠢᠰᠢᠵᠤ ᠬᠠᠭᠠᠷᠠᠭᠠᠳ ᠳᠦᠷᠰᠦ ᠨᠢ ᠬᠤᠪᠢᠷᠠᠵᠤ᠂ ᠴᠢᠯᠠᠭᠤᠨ ᠴᠠᠭᠠᠷᠢᠭ ᠤ᠋ᠨ ᠬᠥᠪᠡᠭᠡ ᠨᠢ ᠭᠥᠯᠢᠭᠡᠷ ᠪᠣᠯᠤᠭ᠍ᠰᠠᠨ ᠴᠦ᠍ ᠵᠢᠷᠤᠭᠠᠰᠤ ᠨᠢ ᠲᠣᠳᠣᠷᠬᠠᠶ ᠬᠠᠷᠠᠭᠳᠠᠵᠤ᠂ ᠤᠨ ᠴᠠᠭᠤᠨ ᠮᠡᠳᠡᠷᠡᠮᠵᠢ ᠵᠢ ᠬᠠᠷᠠᠭᠤᠯᠤᠨ᠎ᠠ᠃ ᠬᠤᠳᠳᠤᠭᠢ ᠮᠠᠯᠲᠠᠭ᠍ᠰᠠᠨ ᠣᠨ ᠵᠢᠯᠲᠤᠳᠤᠷᠬᠠᠢ ᠦᠭᠡᠢ ᠭᠡᠰᠡᠨ ᠴᠦ᠍ ᠬᠡᠳᠦᠨ ᠦᠶ᠎ᠡ ᠶ᠋ᠢᠨ ᠮᠠᠢᠳᠠᠷᠢ ᠬᠦᠬᠦᠷᠭᠡ ᠲᠤᠰᠬᠤᠨ ᠤ᠋ ᠠᠷᠠᠳ ᠢ᠋ ᠤᠮᠳᠠᠯᠠᠭᠰᠠᠭᠠᠷ ᠢᠷᠡᠭᠰᠡᠨ ᠭᠡᠳᠡᠭ ᠢ᠋ ᠡᠪᠦᠭᠡᠳ ᠤ᠋ᠨ ᠶᠡᠷᠢᠶᠠᠨ ᠡᠴᠡ ᠮᠡᠳᠡᠵᠦ ᠪᠤᠯᠤᠨ᠎ᠠ ᠃
ᠲᠣᠰᠭᠣᠨ ᠤ᠋ ᠵᠡᠭᠦᠨ ᠡᠮᠦᠨᠡᠬᠢ ᠠᠭᠤᠳᠠᠮ ᠲᠠᠯᠠᠪᠠᠢ ᠳ᠋ᠦ ᠨᠢᠭᠡᠨ ᠴᠢᠡᠭ ᠤᠯᠤᠰ ᠤ᠋ᠨ ᠦᠶ᠎ᠡ ᠳ᠋ᠦ ᠪᠠᠢᠭᠤᠯᠤᠭᠰᠠᠨ ᠵᠢᠷᠭᠤᠭᠠᠨ ᠲᠡᠭᠰᠢ ᠲᠦᠷᠪᠡᠯᠵᠢᠨ ᠮᠧᠲᠷ ᠰᠢᠬᠠᠮ ᠤ᠋ᠨ ᠵᠦᠴᠦᠭᠡ ᠵᠢᠨ ᠲᠠᠢᠰᠠ ᠲᠠᠢ᠃ ᠵᠦᠴᠦᠭᠡ ᠵᠢᠨ ᠲᠠᠢᠰᠠ ᠵᠢᠨ ᠨᠢᠷᠤᠭᠤ ᠲᠤᠯᠭᠠᠭᠤᠷᠢ ᠵᠢ ᠨᠠᠷᠢᠯᠢᠬ ᠭᠡ ᠲᠠᠢ ᠴᠢᠮᠡᠭᠯᠠᠵᠦ᠂ ᠲᠦᠪ ᠶᠡᠬᠡᠮᠰᠦᠭ ᠬᠠᠷᠠᠭᠳᠠᠨ᠎ᠠ᠃ ᠣᠢᠷ᠎ᠠ ᠵᠢᠨ ᠵᠢᠯ ᠳ᠋ᠦ ᠲᠣᠰᠭᠣᠨ ᠤ᠋ ᠬᠢᠨ ᠡᠷᠲᠡᠨ ᠤ᠋ ᠪᠠᠷᠢᠯᠭ᠎ᠠ ᠵᠢ ᠬᠠᠮᠠᠭᠠᠯᠠᠬᠤᠵᠤᠷᠢᠯᠭᠠ ᠡᠴᠡ ᠵᠠᠰᠠᠯᠲᠠ ᠤᠷᠤᠭᠤᠯᠵᠠᠢ ᠭᠡᠳᠡᠭ᠃
ᠠᠭᠤᠳᠠᠮ ᠲᠠᠯᠠᠪᠠᠢ ᠵᠢᠨ ᠬᠣᠢᠲᠤ ᠲᠠᠯᠠᠳᠤ ᠰᠠᠨ ᠭᠤᠸᠠᠨ ᠮᠢᠶᠣᠣ ᠰᠦᠮ᠎ᠡ ᠪᠠᠢᠷᠢᠯᠠᠨ᠎ᠠ᠃ ᠰᠦᠮ᠎ᠡ ᠵᠢᠨ ᠬᠠᠭᠠᠯᠭ᠎ᠠ ᠵᠢ ᠤᠯᠠᠭᠠᠨ ᠦᠡᠭᠭᠡ ᠪᠡᠷ ᠪᠤᠳᠤᠭᠯᠠᠵᠤ᠂ ᠬᠦᠳᠡᠷ ᠴᠢᠭᠢᠷᠠᠭ ᠬᠣᠶᠠᠷ ᠴᠢᠯᠠᠭᠤᠨ ᠠᠷᠰᠯᠠᠨ ᠰᠦᠮ᠎ᠡ ᠵᠢᠨ ᠬᠠᠭᠠᠯᠭ᠎ᠠ ᠵᠢᠨ ᠵᠡᠭᠦᠨ ᠪᠠᠷᠠᠭᠤᠨ ᠲᠠᠯᠠᠳᠤ ᠰᠦᠨᠳᠡᠷᠯᠡᠨ᠎ᠡ᠃ ᠰᠦᠮ᠎ᠡ ᠶ᠋ᠢᠨ ᠤᠷᠤᠢ ᠳᠡᠭᠡᠷ᠎ᠡ ᠭᠤᠷᠪᠠ ᠪᠡᠷ ᠨᠢᠭᠡ ᠳᠤᠭᠤᠢᠯᠠᠩ ᠬᠤᠪᠢᠶᠠᠭᠰᠠᠨ ᠪᠢᠯᠢᠭ᠌ᠲᠦ ᠭᠥᠷᠥᠭᠡᠰᠦ ᠵᠡᠷᠭᠡ ᠬᠦᠴᠦᠳᠡᠨᠢ ᠰᠡᠢᠯᠵᠠᠢ᠃ ᠰᠠᠨ ᠭᠤᠸᠠᠨ ᠮᠢᠶᠣᠣ ᠰᠦᠮ᠎ᠡ ᠨᠢ ᠵᠦᠴᠦᠭᠡ ᠵᠢᠨ ᠲᠠᠢᠰᠠ ᠲᠠᠢ ᠠᠳᠠᠯᠢᠬᠠᠨ ᠤᠨ ᠵᠢᠯ ᠤ᠋ᠨ ᠡᠯᠡᠭᠡᠯᠲᠡ ᠵᠢ ᠦᠡᠭᠭᠡᠷᠡᠭᠡᠭᠰᠡᠨ ᠡᠴᠡ᠂ ᠤᠢᠷ᠎ᠡ ᠵᠢᠨ ᠵᠢᠯ ᠳ᠋ᠦ ᠪᠠᠰᠠ ᠵᠠᠰᠠᠪᠤᠷᠢ ᠤᠷᠤᠭᠤᠯᠪᠠ᠃
ᠡᠮᠦᠨ᠎ᠡ ᠲᠠᠯ᠎ᠠ ᠳ᠋ᠦ ᠵᠦᠴᠦᠭᠡ ᠶ᠋ᠢᠨ ᠲᠠᠢᠰᠠ ᠬᠤᠢᠲᠤ ᠲᠠᠯ᠎ᠠ ᠳ᠋ᠦ ᠰᠦᠮ᠎ᠡ ᠬᠡᠢᠳ ᠪᠠᠢᠷᠢᠯᠠᠭᠤᠯᠤᠭᠰᠠᠨ ᠨᠢ ᠡᠪᠦᠭᠡ ᠳᠡᠭᠡᠳᠦᠰ ᠤ᠋ᠨ ᠣᠶᠤᠨ ᠤᠬᠠᠭᠠᠨᠢ ᠢᠯᠡᠷᠡᠭᠦᠯᠵᠠᠢ᠃ ᠵᠢᠯ ᠪᠦᠷᠢ ᠵᠢᠨ ᠡᠯᠪᠡᠭ ᠬᠤᠷᠢᠶᠠᠯᠲᠠ ᠵᠢᠨ ᠤᠯᠠᠷᠢᠯᠳᠤ᠂ ᠵᠦᠴᠦᠭᠡ ᠵᠢᠨ ᠲᠠᠢᠰᠠᠨ ᠳᠡᠭᠡᠷ᠎ᠡ ᠰᠢ ᠳᠠᠭᠤᠯᠠᠵᠤ᠂ ᠪᠤᠷᠬᠠᠨ ᠰᠠᠬᠢᠭᠤᠯᠰᠤᠨ ᠳ᠋ᠦ ᠬᠦᠵᠢ ᠵᠤᠯᠠ ᠡᠷᠭᠦᠵᠦ᠂ ᠲᠣᠰᠭᠣᠨ ᠤ᠋ ᠠᠷᠠᠳ ᠤ᠋ᠨ ᠬᠤᠷ᠎ᠠ ᠪᠣᠷᠣᠭᠠᠨ ᠲᠡᠭ᠌ᠰᠢ᠂ ᠲᠦᠷᠦ᠍ ᠲᠦᠪᠱᠢᠨ ᠲᠦᠮᠡᠨ ᠠᠮᠤᠭᠤᠯᠠᠩ ᠪᠠᠢᠬᠤ ᠰᠠᠢ᠌ᠨ ᠰᠠᠢᠬᠠᠨ ᠬᠦᠰᠡᠯ ᠵᠥᠩᠨᠡᠯᠢ ᠢᠯᠡᠳᠭᠡᠳᠡᠭ᠃ ᠤᠳᠤᠬᠠᠨ ᠳ᠋ᠦ ᠵᠦᠴᠦᠬᠡ ᠶ᠋ᠢᠨ ᠲᠠᠢᠰᠠ ᠪᠣᠯᠤᠨ ᠰᠦᠮ᠎ᠡ ᠬᠡᠢᠳ ᠤ᠋ᠨ ᠬᠣᠭᠣᠷᠣᠨᠳᠣᠬᠢ ᠠᠭᠤᠳᠠᠮ ᠲᠠᠯᠠᠪᠠᠶ ᠨᠢ ᠮᠥᠨ ᠬᠦ᠌ ᠲᠣᠰᠭᠣᠨ ᠤ᠋ ᠠᠷᠠᠳ ᠤ᠋ᠨ ᠴᠤᠭᠯᠠᠷᠠᠬᠤ ᠭᠠᠵᠠᠷ ᠪᠣᠯᠤᠭ᠍ᠰᠠᠭᠠᠷ ᠶᠤᠮ᠃ ᠴᠠᠭᠠᠨ ᠰᠠᠷ᠎ᠠ ᠪᠤᠯᠭᠠᠨ ᠠᠭᠤᠳᠠᠮ ᠲᠠᠯᠠᠪᠠᠢ ᠵᠢ ᠴᠢᠮᠡᠭᠯᠡᠳᠡᠭ 《ᠮᠤᠷᠤᠯᠵᠠᠨ ᠤᠷᠤᠰᠬᠤ ᠬᠠᠳᠤᠨ ᠭᠤᠤᠯ ᠤ᠋ᠨ ᠵᠢᠭ᠍ᠰᠠᠭᠠᠯ 》 ᠨᠢ ᠤᠳᠤ ᠪᠤᠯᠲᠠᠯ᠎ᠠ ᠦᠯᠡᠳᠡᠭᠰᠡᠭᠡᠷ ᠢᠷᠡᠵᠡᠢ᠃ ᠯᠦ᠍ ᠯᠢᠩ ᠶᠠᠨ᠄ 《ᠵᠢᠭᠤᠯᠴᠢᠯᠠᠯ ᠤ᠋ᠨ ᠦᠶ᠋ᠯᠡᠴᠢᠯᠡᠭᠡᠨ ᠤ᠋ ᠭᠠᠵᠠᠷ ᠤ᠋ᠨ ᠬᠢᠨ ᠵᠢᠭᠤᠯᠴᠢᠯᠠᠭᠰᠠᠳ ᠢ᠋ ᠳᠠᠭᠠᠭᠤᠯᠤᠨ ᠵᠢᠭᠤᠯᠴᠢᠯᠠᠬᠤᠳᠤ᠂ 〈ᠮᠤᠷᠤᠯᠵᠠᠨ ᠤᠷᠤᠰᠬᠤ ᠬᠠᠳᠤᠨ ᠭᠤᠤᠯ ᠤ᠋ᠨ ᠵᠢᠭ᠍ᠰᠠᠭᠠᠯ〉 ᠵᠢᠭᠤᠯᠴᠢᠯᠠᠭᠰᠠᠳ ᠤ᠋ᠨ ᠲᠠᠭᠠᠰᠢᠶᠠᠯ ᠳ᠋ᠦ ᠬᠦᠷᠦᠭᠰᠡᠨ ᠶ᠋ᠢᠡᠷ ᠤᠳᠤ ᠪᠤᠯᠲᠠᠯ᠎ᠠ ᠬᠠᠳᠠᠭᠠᠯᠠᠭ᠍ᠰᠠᠭᠠᠷ 》 ᠬᠡᠵᠡᠢ᠃
ᠲᠣᠰᠭᠣᠨ ᠤ᠋ ᠡᠮᠦᠨ᠎ᠡ ᠲᠠᠯ᠎ᠠ ᠪᠡᠷ ᠨᠢᠭᠡᠨ ᠵᠤᠷᠪᠤᠰ ᠶᠡᠬᠡ ᠵᠠᠮ ᠪᠠᠢᠵᠤ᠂ ᠪᠠᠷᠤᠭ ᠲᠠᠪᠤᠨ ᠮᠧᠲᠷ ᠥᠷᠭᠡᠨ᠂ ᠵᠡᠭᠦᠨᠰᠢ ᠪᠠᠷᠠᠭᠤᠨᠰᠢ ᠦᠷᠬᠦᠯᠵᠢᠯᠡᠵᠦ᠂ ᠲᠣᠰᠭᠣᠨ ᠤ᠋ ᠭᠠᠳᠠᠨᠠᠬᠢ ᠶᠢᠷᠳᠢᠨᠴᠤ ᠲᠠᠢ ᠨᠡᠪᠳᠡᠷᠡᠬᠦ ᠵᠠᠮ ᠪᠤᠯᠤᠨ᠎ᠠ᠃ ᠬᠣᠱᠢᠭᠤᠨ ᠤ᠋ ᠣᠢᠯᠠᠯᠭ᠎ᠠ ᠵᠢᠨ ᠠᠯᠪᠠᠨ ᠭᠡᠷ ᠤ᠋ᠨ ᠡᠷᠬᠢᠯᠡᠭ᠌ᠴᠢ ᠭᠤᠤ ᠵᠢᠩ ᠵᠧ ᠵᠢᠨ ᠱᠢᠯᠭᠠᠨ ᠨᠤᠲᠠᠯᠠᠭ᠍ᠰᠠᠨᠢᠶᠠᠷ᠂ ᠡᠨᠡ ᠵᠠᠮ ᠪᠣᠯ ᠳᠠᠷᠤᠶ ᠡᠷᠲᠡᠨ ᠤ᠋ ᠠᠯᠪᠠᠨᠤ ᠵᠠᠮ ᠪᠤᠯᠤᠨ᠎ᠠ᠃ ᠠᠯᠪᠠᠨᠤ ᠵᠠᠮ ᠨᠢ ᠶᠤᠸᠠᠨ ᠤᠯᠤᠰ ᠤ᠋ᠨ ᠦᠶ᠎ᠡ ᠳ᠋ᠦ ᠨᠢᠭᠡᠨᠲᠡ ᠨᠡᠪᠲᠡᠷᠡᠵᠦ᠂ ᠵᠠᠮ ᠬᠠᠷᠢᠯᠴᠠᠭ᠎ᠠ ᠪᠠ ᠴᠢᠮᠡᠭᠡ ᠮᠡᠳᠡᠭᠡ ᠳᠠᠮᠵᠢᠭᠤᠯᠬᠤᠳᠤ ᠬᠡᠷᠡᠭ᠌ᠯᠡᠵᠦ᠍᠂ ᠣᠳᠣ ᠵᠢᠨ ᠲᠦᠷᠭᠡᠨᠤ ᠵᠠᠰᠠᠮᠠᠯ ᠵᠠᠮᠲᠠᠶ ᠲᠡᠩᠴᠡᠨ᠎ᠡ᠃ ᠨᠠᠢᠷᠠᠯᠲᠤ ᠲᠥᠪ ᠤ᠋ᠨ ᠦᠶ᠎ᠡ ᠳ᠋ᠦ ᠮᠠᠢᠳᠠᠷᠢ ᠬᠥᠭᠥᠷᠭᠡ ᠲᠣᠰᠭᠣᠨ ᠤ᠋ ᠵᠡᠭᠦᠨ ᠲᠠᠯ᠎ᠠ ᠶ᠋ᠢᠨ ᠮᠠᠢᠳᠠᠷᠢ ᠵᠣᠣ ᠲᠣᠰᠭᠣᠨᠳᠤ ᠠᠯᠪᠠᠨᠠᠴᠠ ᠡᠷᠬᠢᠯᠡᠭ᠌ᠰᠡᠨ ᠤᠯᠠᠭ᠎ᠠ ᠥᠷᠲᠡᠭᠡ ᠲᠤᠬᠢᠷᠠᠭᠤᠯᠤᠨ 8 ᠮᠤᠷᠢ ᠲᠠᠢ ᠪᠠᠢᠵᠤ᠂ ᠠᠯᠪᠠᠨ ᠪᠢᠴᠢᠭ ᠤᠯᠠᠮᠵᠢᠯᠠᠳᠠᠭ ᠡᠯᠴᠢ ᠪᠡᠶ᠎ᠡ ᠠᠮᠠᠷᠠᠵᠤ ᠮᠣᠷᠢᠪᠠᠨ ᠰᠣᠯᠢᠳᠠᠭ ᠪᠠᠢᠵᠠᠶ᠃
ᠲᠣᠰᠭᠣᠨ ᠤ᠋ ᠵᠠᠷᠢᠮ ᠨᠠᠰᠤᠲᠠᠳ ᠤ᠋ᠨ ᠡᠷᠭᠢᠴᠡᠭᠦᠯᠬᠦ ᠪᠡᠷ᠂ ᠢᠷᠭᠡᠨ ᠤᠯᠤᠰ ᠤ᠋ᠨ ᠦᠶ᠎ᠡ ᠵᠢᠨ ᠠᠯᠪᠠᠨᠤ ᠵᠠᠮ ᠤ᠋ᠨ ᠬᠣᠶᠠᠷ ᠬᠠᠵᠠᠭᠤᠪᠠᠷ ᠬᠤᠳᠠᠯᠳᠤᠭᠠᠨ ᠤ᠋ ᠪᠠᠭᠤᠳᠠᠯ ᠮᠠᠰᠢ ᠤᠯᠠᠨ ᠪᠠᠢᠯ᠎ᠠ᠃ ᠤᠳᠤ ᠡᠷᠲᠡᠨ ᠤ᠋ ᠠᠯᠪᠠᠨᠤ ᠵᠠᠮ ᠤ᠋ᠨ ᠬᠣᠶᠠᠷ ᠬᠠᠵᠠᠭᠤᠳᠠᠬᠢ ᠡᠷᠲᠡᠨ ᠤ᠋ ᠪᠠᠢᠱᠢᠩ ᠤᠳᠤᠬᠢᠴᠢᠯᠠᠭᠰᠠᠨ ᠠᠷᠠᠳ ᠤ᠋ᠨ ᠰᠠᠭᠤᠴᠠ ᠶ᠋ᠢᠨ ᠪᠠᠭᠤᠳᠠᠯ ᠪᠤᠯᠵᠤ ᠦᠭᠡᠷᠡᠴᠢᠯᠡᠭᠳᠡᠪᠡ᠃ ᠲᠤᠰᠠᠭᠠᠷ ᠵᠢᠵᠢᠭ ᠬᠦᠷᠢᠶ᠎ᠡ ᠬᠠᠱᠢᠶᠠᠨᠤᠭᠤᠳ ᠨᠢ ᠤᠤᠯ ᠤ᠋ᠨ ᠪᠣᠷᠣᠭ᠍ᠵᠢᠭᠤᠨ ᠡᠷᠬᠢᠮᠰᠦᠭ ᠬᠡᠪ ᠨᠠᠮᠪᠠ ᠵᠢ ᠬᠠᠳᠠᠭᠠᠯᠠᠭ᠍ᠰᠠᠨᠤ᠋ ᠳᠡᠭᠡᠷ᠎ᠡ ᠣᠳᠣᠬᠢᠴᠢᠯᠠᠭ᠍ᠰᠠᠨ ᠤᠰᠤᠨ ᠲᠤᠯᠠᠭᠠᠯᠠᠮᠵᠢ ᠶ᠋ᠢᠨ ᠠᠷᠢᠭᠤᠨ ᠴᠡᠪᠡᠷ ᠤ᠋ᠨ ᠲᠥᠬᠥᠭᠡᠷᠦᠮᠵᠢ ᠪᠡᠷ ᠵᠠᠰᠠᠨ ᠴᠢᠮᠡᠭ᠌ᠯᠡᠵᠦ᠍᠂ ᠬᠤᠨᠤᠭᠯᠠᠬᠤᠳᠤ ᠮᠠᠰᠢ ᠳᠥᠭᠥᠮ ᠳᠥᠲᠡ ᠪᠣᠯᠤᠭ᠍ᠰᠠᠨ ᠪᠠᠢᠨ᠎ᠠ᠃
ᠯᠦ᠍ ᠯᠢᠩ ᠶᠠᠨ ᠤ᠋ ᠳᠠᠭᠠᠭᠤᠯᠭ᠎ᠠ ᠪᠡᠷ ᠪᠢᠳᠡ ᠰᠤᠪᠤᠷᠭ᠎ᠠ ᠱᠢᠶᠠᠩ ᠤ᠋ᠨ ᠵᠡᠭᠦᠨ ᠯᠤᠤ ᠽᠠᠩ ᠶᠢᠩ ᠲᠣᠰᠭᠣᠨ ᠤ᠋ ᠡᠷᠲᠡᠨ ᠤ᠋ ᠬᠣᠲᠠ ᠵᠢᠨ ᠪᠠᠭᠤᠷᠢ ᠵᠢ ᠴᠢᠭᠯᠡᠵᠦ᠂ ᠮᠠᠢᠳᠠᠷᠢ ᠬᠥᠭᠥᠷᠭᠡ ᠲᠣᠰᠭᠣᠨ ᠡᠴᠡ ᠡᠮᠦᠨᠡᠰᠢ ᠪᠠᠨ 1.5 ᠺᠢᠯᠣᠮᠧᠲ᠋ᠷ ᠱᠢᠬᠠᠮ ᠶᠠᠪᠤᠵᠤ ᠵᠡᠭᠦᠨ ᠯᠤᠤ ᠽᠠᠩ ᠶᠢᠡᠭ ᠲᠣᠰᠭᠣᠨ ᠤ᠋ ᠬᠦᠪᠡᠭᠡ ᠬᠦᠷᠴᠠᠢ᠃ ᠡᠨᠳᠡ ᠨᠢᠭᠡ ᠬᠡᠰᠡᠭ ᠲᠡᠦᠬᠡ ᠵᠢᠨ ᠳᠤᠷᠠᠰᠭᠠᠯᠲᠤ ᠵᠦᠶ᠋ᠯ ᠤ᠋ᠨ ᠬᠠᠮᠠᠭᠠᠯᠠᠯᠲᠠ ᠵᠢᠨ ᠴᠢᠯᠠᠭᠤᠨ ᠬᠥᠱᠢᠶᠡ ᠪᠠᠢᠨ᠎ᠠ᠃ ᠴᠢᠯᠠᠭᠤᠨ ᠬᠥᠱᠢᠶᠡ ᠵᠢᠨ ᠠᠷᠤ ᠲᠠᠯᠠᠳᠤ ᠡᠷᠲᠡᠨ ᠤ᠋ ᠬᠣᠲᠠ ᠵᠢᠨ ᠪᠠᠭᠤᠷᠢ ᠵᠢᠨ ᠦᠨᠳᠦᠰᠦᠨ ᠪᠠᠢᠳᠠᠯᠢ ᠲᠠᠨᠢᠯᠴᠠᠭᠤᠯᠵᠦ ᠪᠤᠢ᠃
ᠨᠢᠭᠡᠨ ᠭᠡᠰᠡᠭ ᠤᠷᠭᠤᠴᠠ ᠰᠠᠢᠲᠠᠶ ᠡᠷᠳᠡᠨᠢ ᠱᠢᠰᠢ ᠵᠢᠨ ᠲᠠᠷᠢᠶᠡᠵᠢ ᠦᠡᠭᠭᠡᠷᠡᠭᠰᠡᠨ ᠤ᠋ ᠳᠠᠷᠠᠭ᠎ᠠ᠂ 2 ᠮᠧᠲ᠋ᠷ ᠱᠢᠬᠠᠮ ᠥᠨᠳᠥᠷ ᠱᠢᠷᠣᠶ ᠵᠢᠨ ᠲᠠᠢᠰᠠ ᠬᠠᠷᠠᠭ᠍ᠳᠠᠨᠠ᠃ ᠲᠠᠢᠰᠠᠨ ᠳᠡᠭᠡᠷ᠎ᠡ ᠡᠯᠳᠡᠪ ᠡᠪᠡᠰᠦ ᠤᠷᠭᠤᠵᠤ᠂ ᠡᠷᠭᠢᠨ ᠲᠣᠭᠣᠷᠢᠨ ᠤ᠋ ᠢᠭ᠍ᠴᠤ ᠰᠠᠬᠤᠯᠢᠭ ᠲᠠᠷᠢᠶᠠᠨ ᠳᠤᠮᠳᠠ ᠤᠨᠴᠨ ᠶ᠋ᠢᠨ ᠢᠯᠡ ᠬᠠᠷᠠᠭ᠍ᠳᠠᠨᠠ᠃ ᠱᠢᠷᠣᠶ ᠵᠢᠨ ᠲᠠᠢᠰᠠᠨ ᠳᠡᠭᠡᠷ᠎ᠡ ᠭᠠᠷᠪᠠᠯ᠂ ᠭᠠᠵᠠᠷ ᠤ᠋ᠨ ᠭᠠᠳᠠᠷᠭᠤ ᠨᠢ ᠬᠠᠲᠠᠭᠤ ᠪᠠᠢᠵᠤ᠂ ᠲᠠᠷᠢᠶᠠᠨ ᠭᠠᠵᠠᠷ ᠤ᠋ᠨ ᠬᠥᠪᠰᠥᠭᠡᠷ ᠵᠥᠭᠡᠯᠡᠨ ᠭᠠᠵᠠᠷᠲᠠᠶ ᠢᠯᠡᠳᠳᠡ ᠠᠳᠠᠯᠢ ᠥᠬᠡᠶ᠃ ᠪᠠᠷᠠᠭᠤᠨᠰᠢᠪᠠᠨ ᠬᠠᠷᠠᠪᠠᠯ᠂ ᠱᠢᠷᠣᠶ ᠵᠢᠨ ᠲᠠᠢᠰᠠ ᠪᠠᠷᠤᠭ 200 ᠮᠧᠲ᠋ᠷ ᠦᠷᠭᠦᠯᠵᠢᠯᠡᠵᠦ᠍᠂ ᠬᠡᠳᠦᠨ ᠪᠦᠳᠦᠭᠦᠨ ᠮᠣᠳᠣᠨ ᠤ᠋ ᠬᠠᠵᠠᠭᠤ ᠪᠡᠷ ᠡᠮᠦᠨᠡᠰᠢ ᠡᠷᠭᠢᠨ᠎ᠡ᠃ ᠲᠠᠷᠢᠶᠠᠨ ᠭᠠᠵᠠᠷ ᠤ᠋ᠨ ᠬᠠᠯᠬᠠᠪᠴᠢᠠᠴᠠ ᠪᠣᠯᠵᠤ᠂ ᠰᠤᠷᠪᠤᠯᠵᠢᠯᠠᠭᠴᠢ ᠵᠥᠪᠬᠡᠨ ᠬᠥᠯ ᠳᠣᠣᠷᠠᠬᠢ ᠵᠡᠭᠦᠨᠰᠢ ᠪᠠᠷᠠᠭᠤᠨᠰᠢ ᠴᠢᠭ᠌ᠯᠡᠯ ᠪᠠ ᠡᠮᠦᠨᠡᠰᠢ ᠤᠮᠠᠷᠠᠰᠢ ᠴᠢᠭ᠌ᠯᠡᠯᠲᠡᠶ ᠨᠢᠭᠡ ᠬᠡᠰᠡᠭᠢ ᠣᠯᠵᠤ ᠦᠵᠡᠭᠡᠳ ᠪᠦᠬᠦ᠌ ᠪᠠᠢᠳᠠᠯᠢ ᠣᠯᠵᠤ ᠬᠠᠷᠠᠭ᠍ᠰᠠᠨ ᠦᠭᠡᠢ᠃
ᠲᠦᠮᠡᠳ ᠪᠠᠷᠠᠭᠤᠨ ᠬᠤᠰᠢᠭᠤᠨ ᠤ᠋ ᠲᠡᠦᠬᠡ ᠵᠢᠨ ᠲᠤᠰᠭᠠᠢ ᠮᠡᠷᠭᠡᠵᠢᠯᠲᠡᠨ ᠱ᠌ᠢ ᠶᠢᠨ ᠲᠠᠩ ᠠᠪᠤᠭᠠᠢ 《ᠳᠤᠮᠳᠠᠳᠤ ᠤᠯᠤᠰ ᠤ᠋ᠨ ᠡᠷᠲᠡᠨ ᠡᠳᠦᠭᠡ ᠵᠢᠨ ᠭᠠᠵᠠᠷ ᠤ᠋ᠨ ᠨᠡᠷ᠎ᠡ ᠵᠢᠨ ᠶᠡᠬᠡ ᠲᠤᠯᠢ》 ᠵᠢ ᠡᠱᠢᠯᠡᠨ ᠬᠡᠷᠡᠭ᠌ᠯᠡᠵᠦ᠍᠂ 《ᠱᠢᠶᠠᠨᠶᠠᠩ ᠱᠢᠶᠠᠨ᠂ ᠬᠠᠨ ᠤᠯᠤᠰ ᠤ᠋ᠨ ᠦᠶ᠎ᠡ ᠳ᠋ᠦ ᠪᠠᠢᠭᠤᠯᠤᠭᠳᠠᠵᠤ᠂ ᠬᠣᠢᠲᠤ ᠬᠠᠨ ᠤᠯᠤᠰ ᠤ᠋ᠨ ᠰᠡᠭᠦᠯᠴᠢ ᠦᠶ᠎ᠡ ᠵᠢᠨ ᠮᠤᠵᠢ᠃ ᠡᠳᠦᠭᠡ ᠵᠢᠨ ᠰᠦᠢᠶᠤᠸᠠᠨ ᠮᠤᠵᠢ (ᠤᠳᠤ ᠵᠢᠨ ᠥᠪᠥᠷ ᠮᠣᠩᠭᠣᠯ ᠤ᠋ᠨ ᠪᠠᠷᠠᠭᠤᠨ ᠬᠡᠰᠡᠭ) ᠵᠢᠨ ᠰᠠᠭᠠᠯᠢᠴᠢᠨ ᠱᠢᠶᠠᠨ ᠪᠣᠯᠤᠨ᠎ᠠ》 ᠭᠡᠵᠡᠢ᠃ ᠲᠡᠭᠦᠨ ᠤ᠋ ᠱᠢᠯᠭᠠᠨ ᠨᠤᠲᠠᠯᠠᠭ᠍ᠰᠠᠨᠢᠶᠠᠷ᠂ 《ᠪᠣᠭᠣᠮᠲᠠ ᠵᠢᠨ ᠭᠠᠳᠠᠨᠠᠬᠢ ᠱᠢᠶᠠᠨᠶᠠᠩ ᠪᠣᠯ ᠲᠦᠮᠡᠳ ᠪᠠᠷᠠᠭᠤᠨ ᠬᠣᠱᠢᠭᠤᠨ ᠤ᠋ ᠬᠢᠵᠠᠭᠠᠷᠲᠠᠬᠢ ᠵᠡᠭᠦᠨ ᠯᠤᠤ ᠽᠠᠩ ᠶᠢᠩ ᠤ᠋ᠨ ᠡᠷᠲᠡᠨ ᠤ᠋ ᠬᠣᠲᠠ ᠪᠣᠯᠤᠨ᠎ᠠ》 ᠃ ᠬᠠᠮᠲᠤ ᠶᠠᠪᠤᠭᠰᠠᠨ ᠵᠡᠭᠦᠨ ᠯᠣᠣ ᠽᠠᠩ ᠶᠢᠡᠭ ᠲᠣᠰᠭᠣᠨ ᠤ᠋ ᠳ᠋ᠤᠸᠠᠨ ᠵᠢᠶᠦ᠋ᠨ ᠵᠢᠶ᠍ᠸ ᠶ᠋ᠢᠨ ᠬᠡᠯᠡᠬᠦ ᠪᠡᠷ᠂ ᠡᠨᠳᠡᠡᠴᠡ ᠮᠠᠰᠢ ᠤᠯᠠᠨ ᠲᠡᠦᠬᠡ ᠵᠢᠨ ᠳᠤᠷᠠᠰᠭᠠᠯᠲᠤ ᠵᠦᠢᠯ ᠣᠯᠳᠠᠵᠠᠢ᠃ ᠱ᠌ᠢ ᠶᠢᠨ ᠲᠠᠩ ᠠᠪᠤᠭᠠᠶ ᠪᠠᠰᠠ ᠪᠠᠷᠠᠭᠤᠨ ᠬᠠᠨ ᠤᠯᠤᠰ ᠤ᠋ᠨ ᠲᠣᠭᠣᠰᠭ᠎ᠠ᠂ ᠸᠠᠭᠠᠷ᠂ ᠵᠡᠭᠦᠨ ᠬᠠᠨ ᠤᠯᠤᠰ ᠤ᠋ᠨ ᠸᠠᠭᠠᠷ ᠤ᠋ᠨ ᠬᠠᠭᠠᠷᠬᠠᠶ ᠬᠡᠯᠲᠡᠷᠬᠡᠶ ᠵᠡᠷᠭᠡ ᠵᠢ 《ᠭᠠᠵᠠᠷ ᠪᠣᠯᠭᠠᠨᠳᠤ ᠣᠯᠵᠤ ᠦᠵᠡᠵᠦ᠂ ᠪᠦᠬᠦᠢᠭᠰᠡᠨ ᠭᠠᠵᠠᠷ ᠪᠤᠯᠭᠠᠨ ᠡᠴᠡ ᠤᠯᠳᠠᠵᠤ ᠪᠤᠯᠤᠨ᠎ᠠ 》 ᠭᠡᠵᠦ ᠳᠤᠷᠠᠳᠴᠤ ᠦᠡᠭᠭᠡᠷᠡᠪᠡ᠃
ᠡᠷᠲᠡᠨ ᠤ᠋ ᠬᠤᠳᠠ ᠵᠢᠨ ᠪᠠᠭᠤᠷᠢ ᠵᠢᠨ ᠱᠢᠷᠣᠢ ᠵᠢᠨ ᠬᠡᠷᠡᠮ ᠳᠡᠭᠡᠷ᠎ᠡ ᠵᠣᠭ᠍ᠰᠣᠵᠤ ᠠᠯᠤᠰ ᠢ᠋ ᠪᠠᠷᠠᠯᠠᠬᠤ ᠳ᠋ᠦ᠂ ᠨᠣᠮᠢᠨ ᠳᠣᠯᠭᠢᠶᠠᠨ ᠬᠠᠶᠠᠯᠠᠭ᠍ᠰᠠᠨ ᠡᠷᠳᠡᠨᠢ ᠰᠢᠰᠢ ᠶ᠋ᠢᠨ ᠲᠠᠷᠢᠶ᠎ᠡ ᠬᠦᠮᠦᠰ ᠤ᠋ᠨ ᠤᠷᠮ᠎ᠠ ᠵᠢ ᠬᠦᠭᠵᠢᠭᠡᠵᠦ᠂ ᠬᠣᠶᠠᠷ ᠮᠢᠩᠭᠠᠨ ᠵᠢᠯ ᠤ᠋ᠨ ᠬᠤᠪᠢᠷᠠᠯᠲᠠ ᠬᠠᠷᠠᠭᠠᠨ᠎ᠠ ᠳᠤᠳᠤᠬᠠᠨ᠃ ᠪᠣᠭᠣᠮᠲᠠ ᠵᠢᠨ ᠭᠠᠳᠠᠨᠠᠬᠢ ᠡᠷᠲᠡᠨ ᠤ᠋ ᠬᠤᠳᠠ ᠨᠤᠭᠤᠳ ᠬᠣᠶᠠᠷ ᠮᠢᠩᠭᠠᠨ ᠵᠢᠯ ᠤ᠋ᠨ ᠲᠡᠤᠬᠡ ᠶ᠋ᠢᠨ ᠤᠷᠤᠰᠬᠠᠯ ᠳ᠋ᠦ ᠡᠷᠡᠰ ᠪᠠᠲᠤ ᠰᠡᠭᠦᠢᠨ ᠰᠦᠨᠳᠡᠷᠯᠡᠵᠦ᠂ ᠳᠤᠮᠳᠠᠳᠤ ᠵᠢᠨ ᠪᠣᠯᠪᠠᠰᠤᠨᠢ᠋ ᠬᠦᠤᠷᠨᠢᠵᠦ᠂ ᠳᠤᠮᠳᠠᠳᠤ ᠵᠢᠨ ᠰᠣᠶᠣᠯ ᠢ᠋ ᠤᠯᠠᠮᠵᠢᠯᠠᠨ᠎ᠠ᠃
ᠡᠷᠲᠡᠨ ᠤ᠋ ᠲᠣᠰᠭᠣᠨ ᠤ᠋ ᠬᠠᠵᠠᠭᠤ ᠵᠢᠨ ᠴᠡᠴᠡᠷᠯᠢᠭᠲᠦ ᠮᠠᠢᠬᠠᠨ ᠤ᠋ ᠵᠢᠭᠤᠯᠴᠢᠯᠠᠯ ᠤ᠋ᠨ ᠭᠠᠵᠠᠷ ᠭᠠᠷᠭᠠᠵᠤ᠂ ᠡᠷᠭᠢᠨ ᠲᠣᠭᠣᠷᠢᠨ ᠤ᠋ ᠬᠣᠲᠠ ᠵᠢᠨ ᠠᠷᠠᠳ ᠤ᠋ᠨ ᠠᠮᠠᠷᠠᠯᠲᠠ ᠶ᠋ᠢᠨ ᠡᠳᠦᠷ ᠤ᠋ᠨ ᠵᠢᠭᠤᠯᠴᠢᠯᠠᠯ ᠰᠡᠯᠡᠭᠦᠴᠡᠯ ᠤ᠋ᠨ ᠭᠠᠵᠠᠷ ᠪᠤᠯᠵᠤ᠂ ᠡᠷᠲᠡᠨ ᠤ᠋ ᠲᠣᠰᠭᠣᠨ ᠪᠣᠯᠤᠨ ᠱᠢᠨ᠎ᠡ ᠤᠷᠤᠰᠭᠠᠯ ᠤ᠋ᠨ ᠠᠭᠤᠰᠤᠯᠴᠠᠯ ᠢ᠋ ᠪᠡᠶᠡᠯᠡᠭᠦᠯᠦᠭᠰᠡᠨ ᠪᠠᠢᠨ᠎ᠠ᠃
ᠡᠷᠲᠡᠨ ᠤ᠋ ᠲᠣᠰᠭᠣᠨ᠂ ᠡᠷᠲᠡᠨ ᠤ᠋ ᠬᠤᠳᠳᠤᠭ᠂ ᠡᠷᠲᠡᠨ ᠤ᠋ ᠵᠦᠴᠦᠭᠡ ᠶ᠋ᠢᠨ ᠲᠠᠢᠰᠠ᠂ ᠡᠷᠲᠡᠨ ᠤ᠋ ᠰᠦᠮ᠎ᠡ ᠬᠡᠢᠳ᠂ ᠡᠷᠲᠡᠨ ᠤ᠋ ᠠᠯᠪᠠᠨᠤ ᠵᠠᠮ᠂ ᠪᠣᠭᠣᠮᠲᠠ ᠵᠢᠨ ᠭᠠᠳᠠᠨᠠᠬᠢ ᠱᠢᠶᠠᠨᠶᠠᠩ ᠤ᠋ᠨ ᠡᠷᠲᠡᠨ ᠤ᠋ ᠬᠣᠲᠠ ᠁ ᠤᠯᠠᠮᠵᠢᠯᠠᠬᠤ ᠳᠤᠮᠳᠠ ᠬᠠᠮᠠᠭᠠᠯᠠᠵᠤ᠂ ᠬᠠᠮᠠᠭᠠᠯᠠᠬᠤ ᠳᠤᠮᠳᠠ ᠨᠡᠭᠡᠭᠡᠨ ᠬᠥᠭ᠌ᠵᠢᠭᠦᠯᠵᠦ᠍᠂ ᠲᠦᠮᠡᠳ ᠪᠠᠷᠠᠭᠤᠨ ᠬᠣᠱᠢᠭᠤ ᠰᠣᠶᠣᠯ ᠤ᠋ᠨ ᠥᠨᠳᠥᠷᠯᠢᠭᠢ ᠴᠣᠭ᠍ᠴᠠᠯᠠᠬᠤ ᠵᠠᠮ ᠶ᠋ᠢᠡᠷ ᠲᠠᠰᠤᠷᠠᠯᠲᠠ ᠥᠬᠡᠶ ᠤᠷᠤᠭ᠍ᠰᠢᠯᠠᠵᠤ ᠪᠠᠢᠨ᠎ᠠ᠃